ᠡᠭᠦᠷᠭᠡ ᠬᠠᠷᠢᠭᠤᠴᠠᠯᠭ᠎ᠠ ᠪᠠᠨ ᠪᠠᠲᠦ ᠴᠡᠭᠡᠵᠢᠯᠡᠵᠦ ᠰᠠᠨᠠᠭᠠᠴᠢᠯᠠᠭ᠎ᠠ ᠠᠴᠠ ᠪᠠᠨ ᠵᠢᠳᠬᠦᠯ ᠴᠢᠷᠮᠠᠶᠢᠯᠭ᠎ᠠ | ᠭᠠᠷᠭᠠᠵᠤ ᠤᠮᠠᠷᠠᠰᠢ ᠨᠡᠭᠡᠭᠡᠯᠳᠡ ᠬᠢᠬᠦ ᠴᠢᠨᠠᠷ ᠰᠠᠶᠢᠲᠠᠢ ᠬᠦᠭᠵᠢᠯᠳᠡ ᠶᠢ ᠠᠬᠢᠭᠤᠯᠤᠶ᠎ᠠ | ᠠᠢ ᠯᠢ ᠬᠤᠸᠠ | 2014 ᠣᠨ ᠳᠤ ᠶᠡᠷᠦᠩᠭᠡᠢ ᠱᠦᠵᠢ ᠰᠢ ᠶᠢᠨ ᠫᠢᠩ ᠦᠪᠦᠷ ᠮᠤᠩᠭᠤᠯ ᠳᠤ ᠰᠢᠨᠵᠢᠯᠡᠨ | ᠪᠠᠶᠢᠴᠠᠭᠠᠬᠤ ᠳᠤ ᠪᠠᠨ᠂ ᠦᠪᠦᠷ ᠮᠤᠩᠭᠤᠯ ᠢ ᠮᠠᠨ ᠤ ᠤᠯᠤᠰ ᠤᠨ ᠤᠮᠠᠷᠠᠰᠢ ᠨᠡᠭᠡᠭᠡᠯᠳᠡ ᠬᠢᠬᠦ ᠴᠢᠬᠤᠯᠠ ᠪᠠᠬᠢᠯᠡᠯᠳᠡ | ᠪᠤᠯᠭᠠᠨ ᠪᠦᠲᠦᠭᠡᠨ ᠪᠠᠶᠢᠭᠤᠯᠬᠤ ᠬᠡᠷᠡᠭᠳᠡᠢ ᠭᠡᠵᠦ ᠲᠤᠲᠤᠷᠬᠠᠢ ᠵᠢᠭᠠᠵᠦ ᠭᠠᠷᠭᠠᠭᠰᠠᠨ ᠪᠢᠯᠠ᠃ 2018 ᠣᠨ ᠳᠤ᠂ | ᠶᠡᠷᠦᠩᠭᠡᠢ ᠱᠦᠵᠢ ᠰᠢ ᠶᠢᠨ ᠫᠢᠩ ᠠᠷᠪᠠᠨ ᠭᠤᠷᠪᠠᠲᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠲᠤᠭᠠᠷ ᠬᠤᠷᠠᠯ ᠤᠨ ᠦᠪᠦᠷ ᠮᠤᠩᠭᠤᠯ ᠤᠨ ᠲᠦᠯᠦᠭᠡᠯᠡᠭᠴᠢᠳ ᠤᠨ | ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠳᠤ ᠪᠠᠨ᠂ ᠠᠵᠦ ᠠᠬᠤᠢ ᠶᠢᠨ ᠴᠢᠨᠠᠷ ᠰᠠᠶᠢᠲᠠᠢ ᠬᠦᠭᠵᠢᠯᠳᠡ ᠶᠢ | ᠪᠠᠲᠤᠲᠠᠢ ᠠᠬᠢᠭᠤᠯᠵᠦ᠂ ᠶᠠᠲᠠᠭᠤ ᠠᠴᠠ ᠠᠩᠬᠢᠵᠢᠷᠠᠭᠤᠯᠵᠦ ᠰᠢᠪᠲᠤᠯᠤᠯᠲᠠ ᠶᠢ ᠪᠠᠲᠤᠲᠠᠢ ᠠᠬᠢᠭᠤᠯᠵᠦ᠂ | ᠦᠨᠲᠦᠰᠦᠳᠡᠨ ᠤ ᠪᠦᠯᠬᠦᠮᠳᠡᠯ ᠪᠠ ᠬᠢᠯᠢ ᠬᠢᠵᠠᠭᠠᠷ ᠤᠨ ᠠᠮᠤᠷ ᠲᠤᠭᠲᠠᠭᠤᠨ ᠢ ᠪᠠᠲᠤᠲᠠᠢ ᠠᠬᠢᠭᠤᠯᠵᠦ᠂ ᠡᠬᠡ | ᠤᠯᠤᠰ ᠤᠨ ᠤᠮᠠᠷᠠᠲᠦ ᠬᠢᠯᠢ ᠶᠢᠨ ᠡᠨᠡ ᠬᠦ ᠦᠵᠡᠮᠵᠢ ᠶᠢᠨ ᠤᠷᠤᠨ ᠢ ᠨᠡᠩ ᠦᠵᠡᠰᠬᠦᠯᠡᠩᠳᠦ ᠰᠠᠶᠢᠬᠠᠨ ᠪᠤᠯᠭᠠᠨ | ᠪᠦᠲᠦᠭᠡᠨ ᠪᠠᠶᠢᠭᠤᠯᠬᠤ ᠭᠡᠷᠡᠭᠳᠡᠢ ᠭᠡᠵᠦ ᠴᠢᠬᠤᠯᠠᠴᠢᠯᠠᠭᠰᠠᠨ ᠪᠠᠶᠢᠨ᠎ᠠ᠃ 2019 ᠣᠨ ᠳᠤ᠂ ᠶᠡᠷᠦᠩᠭᠡᠢ ᠱᠦᠵᠢ | ᠰᠢ ᠶᠢᠨ ᠫᠢᠩ ᠠᠷᠪᠠᠨ ᠭᠤᠷᠪᠠᠲᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ | ᠶᠡᠭᠡ ᠬᠤᠷᠠᠯ ᠤᠨ ᠬᠤᠶᠠᠲᠤᠭᠠᠷ ᠬᠤᠷᠠᠯ ᠤᠨ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠢᠨᠠᠨ | ᠵᠦᠪᠯᠡᠬᠦ ᠳᠤ ᠤᠷᠤᠯᠴᠠᠬᠤ ᠳᠤ ᠪᠠᠨ ᠪᠠᠰᠠ ᠠᠮᠢ ᠠᠬᠤᠢ ᠶᠢ ᠤᠷᠢᠳ ᠢᠶᠠᠷ ᠪᠤᠲᠤᠯᠬᠢᠯᠠᠬᠰᠠᠨ ᠪᠤᠬᠢᠷᠲᠤᠯ ᠦᠬᠡᠢ | ᠬᠦᠭᠵᠢᠯᠳᠡ ᠪᠠᠷ ᠤᠲᠤᠷᠢᠲᠤᠮᠵᠢ ᠪᠤᠯᠭᠠᠭᠰᠠᠨ ᠴᠢᠨᠠᠷ ᠰᠠᠶᠢᠲᠠᠢ ᠬᠦᠭᠵᠢᠯᠳᠡ ᠶᠢᠨ ᠰᠢᠨ᠎ᠡ ᠵᠠᠮ ᠢ ᠬᠠᠶᠢᠨ | ᠰᠦᠪᠡᠭᠴᠢᠯᠡᠬᠦ ᠭᠡᠷᠡᠭᠳᠡᠢ ᠭᠡᠵᠦ ᠲᠠᠬᠢᠨᠲᠠ ᠴᠢᠬᠤᠯᠠᠴᠢᠯᠠᠪᠠ᠃ ᠡᠨᠡ ᠨᠢ ᠦᠪᠦᠷ ᠮᠤᠩᠭᠤᠯ ᠤᠨ ᠬᠦᠭᠵᠢᠯᠳᠡ ᠶᠢᠨ | ᠪᠠᠶᠢᠷᠢ ᠲᠤᠭᠲᠠᠭᠠᠯᠲᠠ ᠶᠢᠨ ᠠᠰᠠᠭᠤᠲᠠᠯ ᠢ ᠰᠢᠢᠳᠪᠦᠷᠢᠯᠡᠭᠰᠡᠨ ᠪᠦᠭᠡᠳ ᠮᠦᠨ ᠴᠦ ᠠᠷᠭ᠎ᠠ ᠪᠠ ᠵᠠᠮ ᠤᠨ | ᠠᠰᠠᠭᠤᠲᠠᠯ ᠢ ᠰᠢᠢᠳᠪᠦᠷᠢᠯᠡᠭᠰᠡᠨ ᠪᠠᠶᠢᠨ᠎ᠠ᠃ | ᠬᠡᠲᠦᠨ ᠵᠢᠯ ᠤᠨ ᠲᠤᠷᠰᠢ᠂ ᠮᠠᠨ ᠤ ᠤᠷᠤᠨ ᠤᠯᠤᠰ ᠤᠨ ︽ᠨᠢᠬᠡ ᠪᠦᠰᠡ ᠨᠢᠬᠡ ᠵᠠᠮ︾ ᠤᠨ ᠪᠦᠲᠦᠭᠡᠨ | ᠪᠠᠶᠢᠭᠤᠯᠤᠯᠲᠠ ᠳᠤ ᠢᠳᠡᠪᠬᠢᠳᠡᠢ ᠠᠭᠤᠰᠴᠦ᠂ ᠲᠤᠮᠲᠠᠲᠦ ᠮᠤᠩᠭᠤᠯ ᠤᠷᠤᠰ ᠤᠨ ᠠᠵᠦ ᠠᠬᠤᠢ ᠶᠢᠨ ᠬᠤᠨᠭ᠍ᠬᠢᠯ ᠤᠨ | ᠪᠦᠲᠦᠭᠡᠨ ᠪᠠᠶᠢᠭᠤᠯᠤᠯᠲᠠ ᠶᠢ ᠠᠬᠢᠭᠤᠯᠵᠦ᠂ ︽ᠤᠮᠠᠷᠠᠰᠢ ᠨᠡᠭᠡᠭᠡᠯᠳᠡ ᠬᠢᠬᠦ ᠪᠠᠬᠢᠯᠡᠯᠳᠡ ᠶᠢᠨ ᠪᠦᠲᠦᠭᠡᠨ | ᠪᠠᠶᠢᠭᠤᠯᠤᠯᠲᠠ ᠶᠢᠨ ᠠᠵᠢᠯᠯᠠᠭᠠᠨ ᠤ ᠲᠦᠰᠦᠯ︾ ᠢ ᠨᠠᠶᠢᠲᠠᠪᠦᠷᠢᠵᠢᠭᠤᠯᠵᠦ᠂ ᠢᠯᠡᠳᠳᠡ ᠦᠷ᠎ᠡ ᠪᠦᠳᠦᠮᠵᠢ | ᠤᠯᠤᠬᠰᠠᠨ ᠪᠠᠶᠢᠨ᠎ᠠ᠃ ᠲᠦᠷᠦ ᠶᠢᠨ ᠪᠤᠲᠤᠯᠭ᠎ᠠ ᠶᠢᠨ ᠨᠡᠪᠳᠡᠷᠡᠯᠴᠡᠭᠡᠨ ᠤ ᠲᠠᠯ᠎ᠠ ᠪᠠᠷ᠂ ᠤᠷᠤᠰ ᠮᠤᠩᠭᠤᠯ ᠯᠤᠭ᠎ᠠ | ᠤᠯᠠᠨ ᠲᠡᠰ ᠲᠠᠪᠬᠤᠷᠭ᠎ᠠ ᠶᠢᠨ ᠵᠦᠪᠳᠡᠯᠴᠡᠭᠡᠷ ᠠᠭᠤᠯᠵᠠᠯᠲᠠ ᠶᠢᠨ ᠲᠤᠭᠲᠠᠯᠴᠠᠭ᠎ᠠ ᠶᠢ ᠤᠯᠠᠮ ᠴᠢᠨᠠᠭᠰᠢᠳᠠ | ᠲᠡᠬᠦᠯᠳᠡᠷᠵᠢᠬᠦᠯᠵᠦ᠂ ᠮᠤᠩᠭᠤᠯ ᠤᠯᠤᠰ ᠤᠨ 20 ᠭᠠᠵᠠᠷ ᠤᠷᠤᠨ᠂ ᠤᠷᠤᠰ ᠤᠨ 10 ᠭᠠᠵᠠᠷ ᠤᠷᠤᠨ ᠯᠤᠭ᠎ᠠ | ᠨᠦᠬᠦᠷᠰᠡᠭ ᠬᠤᠲᠠ ᠶᠢᠨ ᠬᠠᠷᠢᠯᠴᠠᠭ᠎ᠠ ᠶᠢ ᠪᠠᠶᠢᠭᠤᠯᠤᠬᠰᠠᠨ ᠪᠠᠶᠢᠨ᠎ᠠ︔ ᠲᠤᠮᠲᠠᠲᠦ ᠮᠤᠩᠭᠤᠯ ᠬᠤᠶᠠᠷ ᠤᠷᠤᠨ ᠤ | ᠬᠠᠮᠲᠤᠷᠠᠨ ᠠᠵᠢᠯᠯᠠᠬᠤ ︽3 + 3 ᠶᠠᠷᠢᠶᠠᠨ ᠤ ᠲᠠᠪᠴᠠᠩ︾ ᠢ ᠪᠠᠶᠢᠭᠤᠯᠵᠤ᠂ ᠡᠷᠢᠶᠡᠨ ᠬᠤᠲᠠ ᠪᠠ ᠵᠠᠮ ᠤᠨ | ᠡᠬᠦᠳᠡ ᠶᠢᠨ ᠴᠢᠯᠦᠬᠡᠲᠦ ᠠᠵᠦ ᠠᠬᠤᠢ ᠶᠢᠨ ᠲᠤᠭᠤᠷᠢᠭ ᠨᠢ ᠲᠤᠭᠲᠠᠭᠰᠠᠨ ᠬᠤᠭᠤᠴᠠᠭᠠᠨ ᠤ ᠠᠭᠤᠯᠵᠠᠯᠳᠠ ᠬᠢᠬᠦ ᠪᠠ | ᠵᠤᠬᠢᠴᠠᠭᠤᠯᠬᠤ ᠲᠤᠭᠳᠠᠴᠠ ᠶᠢ ᠪᠠᠶᠢᠭᠤᠯᠤᠬᠰᠠᠨ ᠪᠠᠶᠢᠨ᠎ᠠ᠃ ᠬᠠᠷᠢᠯᠴᠠᠨ ᠬᠤᠯᠪᠤᠯᠲᠤᠵᠦ ᠬᠠᠷᠢᠯᠴᠠᠨ ᠨᠡᠪᠳᠡᠷᠡᠯᠴᠡᠬᠦ | ᠲᠠᠯ᠎ᠠ ᠪᠠᠷ᠂ ᠤᠯᠤᠰ ᠤᠨ ᠭᠤᠤᠯᠳᠠᠯᠭ᠎ᠠ ᠲᠠᠢ ᠨᠡᠭᠡᠭᠡᠨ ᠬᠦᠭᠵᠢᠬᠦᠯᠬᠦ ᠨᠡᠭᠡᠭᠡᠯᠳᠡ ᠬᠢᠬᠦ ᠲᠤᠷᠰᠢᠯᠲᠠ ᠶᠢᠨ ᠲᠤᠭᠤᠷᠢᠭ᠂ | ᠲᠤᠮᠲᠠᠲᠦ ᠤᠷᠤᠰ ᠮᠤᠩᠭᠤᠯ ᠤᠨ ᠬᠠᠮᠲᠤᠷᠠᠨ ᠠᠵᠢᠯᠯᠠᠬᠤ ᠤᠲᠤᠷᠢᠲᠤᠮᠵᠢ ᠶᠢᠨ ᠲᠤᠭᠤᠷᠢᠭ᠂ ᠬᠢᠯᠢ ᠠᠯᠤᠰᠯᠠᠬᠰᠠᠨ | ᠡᠯᠧᠺᠲᠷᠤᠨ ᠬᠤᠲᠠᠯᠲᠤᠭᠠᠨ ᠤ ᠶᠡᠷᠦᠩᠭᠡᠶᠢᠯᠡᠭᠰᠡᠨ ᠲᠤᠷᠰᠢᠯᠲᠠ ᠶᠢᠨ ᠲᠤᠭᠤᠷᠢᠭ᠂ ᠶᠡᠷᠦᠩᠭᠡᠶᠢᠯᠡᠭᠰᠡᠨ ᠭᠠᠶᠢᠯᠢ ᠶᠢ | ᠪᠠᠲᠤᠯᠬᠠᠤ ᠲᠤᠭᠤᠷᠢᠭ ᠵᠡᠷᠭᠡ ᠲᠠᠪᠴᠠᠩ ᠤᠨ ᠪᠠᠶᠢᠭᠤᠯᠤᠯᠲᠠ ᠨᠢ ᠡᠮᠬᠢ ᠲᠠᠷᠠᠭ᠎ᠠ ᠲᠠᠢ ᠶᠠᠪᠤᠭᠲᠠᠪᠠ᠃ | ᠶᠡᠷᠦᠩᠭᠡᠢ ᠱᠦᠵᠢ ᠰᠢ ᠶᠢᠨ ᠫᠢᠩ ᠤᠨ ᠦᠪᠦᠷ ᠮᠤᠩᠭᠤᠯ ᠤᠨ ᠲᠤᠬᠠᠢ ᠴᠢᠬᠤᠯᠠ ᠵᠢᠭᠠᠪᠦᠷᠢ ᠶᠢᠨ ᠵᠤᠷᠢᠭ | ᠰᠠᠨᠠᠭ᠎ᠠ ᠶᠢ ᠰᠠᠶᠢᠳᠤᠷ ᠨᠠᠶᠢᠲᠠᠪᠦᠷᠢᠵᠢᠭᠤᠯᠬᠤ ᠳᠤ᠂ ᠠᠰᠠᠭᠤᠲᠠᠯ ᠢᠶᠠᠷ ᠤᠲᠤᠷᠢᠲᠤᠮᠵᠢ ᠪᠤᠯᠭᠠᠬᠤ ᠶᠢ ᠪᠠᠷᠢᠮᠲᠠᠯᠠᠵᠦ᠂ | ᠪᠤᠭᠤᠮᠲᠠ ᠶᠢᠨ ᠠᠵᠦ ᠠᠬᠤᠢ ᠶᠢ ᠬᠦᠴᠦᠯᠡᠨ ᠬᠦᠭᠵᠢᠬᠦᠯᠵᠦ᠂ ᠵᠠᠮ ᠱᠤᠭᠤᠮ ᠤᠨ ᠠᠵᠦ ᠠᠬᠤᠢ ᠶᠢ | ᠨᠤᠲᠤᠭᠰᠢᠬᠰᠠᠨ ᠠᠵᠦ ᠠᠬᠤᠢ ᠪᠤᠯᠭᠠᠵᠦ᠂ ᠤᠷᠤᠰ ᠮᠤᠩᠭᠤᠯ ᠯᠤᠭ᠎ᠠ ᠶᠢᠨ ᠬᠠᠮᠲᠤᠷᠠᠯᠴᠠᠭᠠᠨ ᠤ ᠬᠠᠷᠢᠯᠴᠠᠭ᠎ᠠ ᠶᠢ | ᠪᠠᠲᠤᠳᠬᠠᠬᠰᠠᠨ ᠰᠠᠭᠤᠷᠢᠨ ᠲᠡᠭᠡᠷ᠎ᠡ᠂ ᠲᠦᠪ ᠠᠽᠢᠶ᠎ᠡ ᠪᠠ ᠡᠸᠦ᠋ᠷᠦᠫᠡ ᠶᠢᠨ ᠬᠤᠯᠪᠤᠭ᠎ᠠ ᠶᠢᠨ ᠭᠠᠵᠠᠷ ᠤᠷᠤᠨ | ᠲᠡᠶᠢᠰᠢ ᠢᠳᠡᠪᠬᠢᠳᠡᠢ ᠤᠷᠲᠤᠳᠬᠠᠵᠦ᠂ ᠤᠮᠠᠷᠠᠰᠢ ᠨᠡᠭᠡᠭᠡᠯᠳᠡ ᠬᠢᠬᠦ ᠴᠢᠨᠠᠷ ᠰᠠᠶᠢᠲᠠᠢ ᠬᠦᠭᠵᠢᠯᠳᠡ ᠶᠢ ᠴᠢᠷᠮᠠᠶᠢᠨ | ᠠᠬᠢᠭᠤᠯᠬᠤ ᠬᠡᠷᠡᠭᠳᠡᠢ᠃ | ᠨᠢᠭᠡᠳᠦᠭᠡᠷ ᠲᠤ᠂ ᠲᠤᠮᠲᠠᠲᠦ ᠮᠤᠩᠭᠤᠯ ᠤᠷᠤᠰ ᠭᠤᠷᠪᠠᠨ ᠤᠯᠤᠰ ᠤᠨ ᠲᠦᠷᠦᠬᠦᠴᠦᠳ ᠤᠨ ᠭᠠᠷ ᠤᠨ | ᠦᠰᠦᠭ ᠵᠢᠷᠤᠭᠰᠠᠨ ︽ᠲᠤᠮᠲᠠᠲᠦ ᠮᠤᠩᠭᠤᠯ ᠤᠷᠤᠰ ᠤᠨ ᠠᠵᠦ ᠠᠬᠤᠢ ᠶᠢᠨ ᠬᠤᠨᠭ᠍ᠬᠢᠯ ᠢ ᠪᠦᠲᠦᠭᠡᠨ ᠪᠠᠶᠢᠭᠤᠯᠬᠤ | ᠲᠦᠯᠦᠪᠵᠢᠬᠦᠯᠬᠡ ᠶᠢᠨ ᠬᠦᠲᠦᠯᠪᠦᠷᠢ︾ ᠳᠤ ᠭᠡᠷᠡᠭᠵᠢᠬᠦᠯᠬᠦ ᠪᠠᠷ ᠲᠤᠷᠠᠲᠤᠭᠰᠠᠨ ᠬᠢᠯᠢ ᠠᠯᠤᠰᠯᠠᠬᠰᠠᠨ ᠵᠠᠰᠠᠮᠠᠯ ᠵᠠᠮ᠂ | ᠲᠡᠮᠦᠷ ᠵᠠᠮ ᠵᠡᠷᠭᠡ ᠲᠦᠷᠦᠯ ᠵᠦᠢᠯ ᠢᠶᠠᠷ ᠭᠤᠤᠯᠲᠠᠯᠭ᠎ᠠ ᠪᠤᠯᠭᠠᠵᠦ᠂ ᠰᠠᠭᠤᠷᠢ ᠪᠡᠯᠡᠳᠭᠡᠮᠵᠢ ᠶᠢᠨ ᠬᠠᠷᠢᠯᠴᠠᠨ | ᠬᠤᠯᠪᠤᠯᠲᠤᠵᠦ ᠬᠠᠷᠢᠯᠴᠠᠨ ᠨᠡᠪᠳᠡᠷᠡᠯᠴᠡᠬᠦ ᠶᠢ ᠢᠳᠡᠪᠬᠢᠳᠡᠢ ᠠᠬᠢᠭᠤᠯᠬᠤ ᠬᠡᠷᠡᠭᠲᠡᠢ᠃ ᠨᠢᠬᠡ ᠳᠤ᠂ ᠪᠤᠭᠤᠮᠲᠠ ᠶᠢᠨ | ᠬᠠᠷᠢᠯᠴᠠᠨ ᠬᠤᠯᠪᠤᠯᠲᠤᠵᠦ ᠬᠠᠷᠢᠯᠴᠠᠨ ᠨᠡᠪᠳᠡᠷᠡᠯᠴᠡᠬᠦ ᠶᠢ ᠠᠬᠢᠭᠤᠯᠬᠤ ᠬᠡᠷᠡᠭᠲᠡᠢ᠃ ᠠᠽᠢᠶ᠎ᠠ ᠶᠢᠨ ᠪᠡᠯᠡ | ᠤᠷᠤᠭᠤᠯᠤᠯᠲᠠ ᠶᠢᠨ ᠪᠠᠩᠬᠢ᠂ ᠰᠢᠨ᠎ᠡ ᠨᠡᠭᠡᠭᠡᠨ ᠬᠦᠭᠵᠢᠬᠦᠯᠦᠯᠳᠡ ᠶᠢᠨ ᠪᠠᠩᠬᠢ᠂ ᠲᠤᠷᠭᠠᠨ ᠵᠠᠮ ᠤᠨ ᠰᠠᠭᠤᠷᠢ | ᠮᠦᠡᠭᠬᠦ ᠲᠠᠢ ᠵᠤᠯᠭᠠᠯᠴᠠᠵᠦ᠂ ᠰᠠᠭᠤᠷᠢ ᠪᠡᠯᠡᠳᠭᠡᠮᠵᠢ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠬᠡᠷᠡᠭᠲᠡᠢ᠃ | ᠤᠯᠤᠰ ᠤᠨ ᠲᠠᠪᠬᠤᠷᠭ᠎ᠠ ᠠᠴᠠ ᠤᠷᠤᠰ ᠮᠤᠩᠭᠤᠯ ᠤᠨ ᠰᠠᠭᠤᠷᠢ ᠪᠡᠯᠡᠳᠭᠡᠮᠵᠢ ᠶᠢᠨ ᠪᠦᠲᠦᠭᠡᠨ ᠪᠠᠶᠢᠭᠤᠯᠤᠯᠲᠠ ᠶᠢᠨ | ᠵᠣᠬᠢᠴᠠᠭᠤᠯᠭ᠎ᠠ ᠬᠢᠯᠭᠡᠵᠦ᠂ ᠤᠯᠠᠨ ᠤᠯᠤᠰ ᠤᠨ ᠰᠢᠭᠤᠳ ᠨᠡᠪᠳᠡᠷᠡᠬᠦ ᠠᠭᠠᠷ ᠤᠨ ᠠᠶᠠᠯᠠᠯ ᠤᠨ ᠱᠤᠭᠤᠮ ᠢ | ᠨᠡᠮᠡᠭᠳᠡᠬᠦᠯᠬᠦ ᠬᠡᠷᠡᠭᠲᠡᠢ᠃ ᠬᠤᠶᠠᠷ ᠲᠤ᠂ ᠬᠢᠯᠢ ᠶᠢᠨ ᠲᠤᠲᠤᠷᠠᠬᠢ ᠬᠠᠷᠢᠯᠴᠠᠨ ᠬᠤᠯᠪᠤᠯᠲᠤᠵᠦ ᠬᠠᠷᠢᠯᠴᠠᠨ | ᠨᠡᠪᠳᠡᠷᠡᠯᠴᠡᠬᠦ ᠶᠢ ᠠᠬᠢᠭᠤᠯᠬᠤ ᠬᠡᠷᠡᠭᠲᠡᠢ᠃ ᠬᠠᠶᠢᠯᠠᠷ ᠠᠴᠠ ᠮᠠᠨᠵᠤᠤᠷ ᠬᠦᠷᠬᠦ ᠲᠦᠷᠭᠡᠨ ᠤ ᠵᠠᠰᠠᠮᠠᠯ ᠵᠠᠮ ᠢ | ᠦᠬᠡᠷᠡᠴᠢᠯᠡᠨ ᠪᠠᠶᠢᠭᠤᠯᠬᠤ᠂ ᠵᠢᠨᠢᠩ ᠠᠴᠠ ᠳ᠋ᠠᠲ᠋ᠦ᠋ᠩ ᠬᠦᠷᠬᠦ ᠲᠦᠷᠭᠡᠨ ᠤ ᠲᠡᠮᠦᠷ ᠵᠠᠮ᠂ ᠵᠢᠨᠢᠩ ᠠᠴᠠ ᠲᠦᠡᠭᠯᠢᠶᠤᠤ | ᠬᠦᠷᠬᠦ ᠲᠡᠮᠦᠷ ᠵᠠᠮ ᠤᠨ ᠳᠠᠪᠬᠤᠷ ᠱᠤᠭᠤᠮ ᠢ ᠰᠡᠷᠬᠦᠭᠡᠬᠦ ᠵᠡᠷᠭᠡ ᠴᠢᠬᠤᠯᠠ ᠲᠦᠷᠦᠯ ᠵᠦᠢᠯ ᠢ ᠭᠡᠷᠡᠭᠵᠢᠬᠦᠯᠵᠦ᠂ | ᠤᠷᠤᠨ ᠤ ᠲᠤᠲᠤᠷᠠᠬᠢ ᠵᠠᠮ ᠬᠠᠷᠢᠯᠴᠠᠭᠠᠨ ᠤ ᠲᠤᠤᠷ ᠪᠤᠯᠤᠨ ᠬᠥᠷᠰᠢ ᠵᠡᠷᠭᠡᠯᠡᠳᠡᠭᠡ ᠮᠤᠵᠢ ᠬᠤᠲᠠ ᠪᠠ ᠤᠯᠤᠰ ᠤᠨ | ᠵᠠᠰᠠᠮᠠᠯ ᠵᠠᠮ᠂ ᠲᠡᠮᠦᠷ ᠵᠠᠮ ᠤᠨ ᠲᠤᠤᠷ ᠤᠨ ᠪᠦᠬᠦ ᠲᠠᠯ᠎ᠠ ᠪᠠᠷ ᠬᠤᠯᠪᠤᠯᠲᠤᠬᠤ ᠶᠢ ᠲᠦᠷᠭᠡᠳᠭᠡᠬᠦ ᠬᠡᠷᠡᠭᠲᠡᠢ᠃ | ᠭᠤᠷᠪᠠ ᠳᠤ᠂ ᠰᠤᠷᠠᠭ ᠵᠠᠩᠬᠢᠴᠢᠯᠠᠯᠳᠠ᠂ ᠤᠶᠤᠨᠴᠢᠯᠠᠯᠲᠠ ᠶᠢᠨ ᠲᠦᠪᠰᠢᠨ ᠢ ᠲᠡᠭᠡᠭᠰᠢᠯᠡᠬᠦᠯᠬᠦ ᠬᠡᠷᠡᠭᠲᠡᠢ᠃ ᠴᠢᠬᠤᠯᠠ | ᠪᠤᠭᠤᠮᠲᠠ ᠪᠠ ᠬᠤᠲᠠ ᠳᠤ ᠲᠦᠰᠢᠭᠯᠡᠨ᠂ ᠶᠡᠷᠦᠩᠭᠡᠶᠢᠯᠡᠭᠰᠡᠨ ᠤᠶᠤᠨᠲᠦ ᠪᠠᠷᠠᠭᠠᠨ ᠤ ᠬᠦᠢᠯᠬᠡᠬᠡᠨ ᠤ ᠭᠠᠷᠠᠮ ᠢ | ᠬᠦᠴᠦᠯᠡᠨ ᠪᠠᠶᠢᠭᠤᠯᠬᠤ ᠬᠡᠷᠡᠭᠲᠡᠢ᠃ | ᠬᠤᠶᠠᠳᠤᠭᠠᠷ ᠲᠤ᠂ ᠬᠢᠯᠢ ᠶᠢᠨ ᠪᠤᠭᠤᠮᠳᠠ᠂ ᠬᠦᠷᠢᠶᠡᠯᠡᠩ ᠲᠤᠭᠤᠷᠢᠭ᠂ ᠪᠤᠭᠤᠮᠳᠠ ᠶᠢᠨ ᠤᠨᠴᠠᠭᠠᠢ ᠬᠢᠨᠠᠨ | ᠬᠠᠮᠢᠶᠠᠷᠤᠯᠳᠠ ᠶᠢᠨ ᠲᠤᠭᠤᠷᠢᠭ ᠵᠡᠷᠭᠡ ᠲᠠᠪᠴᠠᠩ ᠤᠨ ᠲᠠᠪᠠᠭᠤᠯᠢᠭ ᠢ ᠪᠠᠳᠠᠷᠠᠭᠤᠯᠵᠦ᠂ ᠨᠡᠬᠡᠬᠡᠯᠳᠡ ᠶᠢ ᠦᠷᠬᠡᠳᠬᠡᠨ᠂ | ᠠᠵᠦ ᠦᠢᠯᠡᠰ ᠤᠨ ᠬᠦᠭᠵᠢᠯᠳᠡ ᠶᠢ ᠶᠡᠭᠡ ᠪᠠᠷ ᠲᠦᠯᠬᠢᠨ ᠠᠬᠢᠭᠤᠯᠬᠤ ᠬᠡᠷᠡᠭᠲᠡᠢ᠃ ︽ᠦᠪᠡᠷᠳᠡᠬᠡᠨ ᠵᠠᠰᠠᠬᠤ | ᠤᠷᠤᠨ ᠤ ᠪᠤᠭᠤᠮᠳᠠ ᠶᠢᠨ ᠴᠢᠳᠠᠮᠵᠢ ᠶᠢᠨ ᠪᠠᠶᠢᠷᠢ ᠲᠤᠭᠳᠠᠭᠠᠯᠳᠠ ᠪᠠ ᠬᠦᠭᠵᠢᠬᠦᠯᠦᠯᠳᠡ ᠶᠢᠨ ᠲᠦᠯᠦᠪᠵᠢᠬᠦᠯᠬᠡ︾ | ᠬᠢᠬᠡᠳ ︽ᠪᠤᠭᠤᠮᠳᠠ ᠶᠢᠨ ᠠᠵᠦ ᠠᠬᠤᠢ ᠶᠢ ᠬᠦᠭᠵᠢᠬᠦᠯᠬᠦ ᠲᠤᠬᠠᠢ ᠵᠢᠯᠤᠭᠤᠳᠬᠤ ᠰᠠᠨᠠᠯ︾ ᠢ ᠰᠤᠳᠤᠯᠤᠨ | ᠲᠤᠭᠳᠠᠭᠠᠵᠦ᠂ ᠮᠠᠨᠵᠤᠤᠷ᠂ ᠵᠢᠨᠢᠩ ᠪᠠ ᠡᠷᠢᠶᠠᠨ ᠬᠤᠳᠠ᠂ ᠴᠡᠭᠡ ︽ᠭᠤᠷᠪᠠᠨ ᠶᠡᠭᠡ ᠬᠦᠢᠰᠦ︾ ᠶᠢ ᠰᠠᠶᠢᠳᠤᠷ | ᠪᠦᠳᠦᠬᠡᠨ ᠪᠠᠶᠢᠭᠤᠯᠵᠦ ᠡᠵᠡᠩᠨᠡᠬᠦ ᠬᠡᠷᠡᠭᠳᠡᠢ᠃ ᠭᠠᠳᠠᠭᠠᠳᠤ ᠠᠷᠠᠯᠵᠢᠶᠠᠨ ᠤ ᠲᠤᠯᠤᠭᠠᠶᠢᠯᠠᠭᠴᠢ ᠠᠵᠦ ᠠᠬᠤᠶᠢᠯᠠᠯ ᠢ | ᠪᠤᠶᠢᠵᠢᠭᠤᠯᠬᠤ ᠪᠠ ᠤᠷᠤᠭᠤᠯᠤᠨ ᠠᠪᠴᠢᠷᠠᠵᠤ᠂ ᠨᠢᠬᠡ ᠪᠦᠯᠦᠭ ᠭᠠᠳᠠᠭᠰᠢᠯ ᠪᠤᠯᠪᠠᠰᠤᠷᠠᠭᠤᠯᠬᠤ ᠠᠵᠦ ᠠᠬᠤᠶᠢᠯᠠᠯ ᠢ | ᠤᠷᠤᠭᠤᠯᠤᠨ ᠠᠪᠴᠢᠷᠠᠬᠤ ᠬᠡᠷᠡᠭᠲᠡᠢ᠃ ︽ᠪᠤᠭᠤᠮᠳᠠ + ᠠᠷᠠᠯᠵᠢᠶᠠᠨ ᠤ ᠲᠦᠪ︾ ᠤᠨ ᠵᠠᠭᠪᠤᠷ ᠢ ᠬᠡᠷᠡᠭᠯᠡᠡ᠂ | ᠭᠠᠳᠠᠭᠠᠳᠤ ᠠᠷᠠᠯᠵᠢᠶᠠᠨ ᠤ ᠠᠵᠦ ᠠᠬᠤᠶᠢᠯᠠᠯ ᠪᠠ ᠤᠯᠤᠰ ᠤᠨ ᠲᠤᠳᠤᠭᠠᠳᠤ ᠭᠠᠳᠠᠭᠠᠳᠤ ᠶᠢᠨ ᠲᠤᠮᠤ ᠬᠡᠯᠪᠡᠷᠢ ᠶᠢᠨ | ᠠᠷᠠᠯᠵᠢᠶᠠᠨ ᠤ ᠲᠦᠪ ᠤᠨ ᠭᠦᠨᠵᠡᠭᠡᠢ ᠬᠠᠮᠳᠤᠷᠠᠯᠴᠠᠭ᠎ᠠ ᠶᠢ ᠠᠬᠢᠭᠤᠯᠵᠦ᠂ ᠪᠡᠯᠡᠨ ᠪᠠᠷᠠᠭ᠎ᠠ᠂ ᠬᠤᠭᠤᠴᠠᠭᠠᠳᠤ ᠪᠠᠷᠠᠭ᠎ᠠ | ᠶᠢᠨ ᠭᠠᠷᠳᠠᠮ ᠬᠦᠢᠴᠡᠳᠬᠡᠬᠦ ᠬᠦᠮᠦᠷᠬᠡ ᠶᠢ ᠪᠠᠶᠢᠭᠤᠯᠤᠨ᠂ ᠰᠦᠯᠵᠢᠶᠡᠨ ᠲᠡᠭᠡᠷᠡᠬᠢ ᠪᠦᠬᠡᠮ ᠲᠠᠸᠠᠷ ᠤᠨ ᠠᠷᠠᠯᠵᠢᠶ᠎ᠠ᠂ | ᠤᠨᠴᠠᠯᠢᠬᠳᠦ ᠮᠠᠯ ᠤᠨ ᠠᠰᠢᠭ ᠰᠢᠮ᠎ᠠ ᠲᠠᠷᠢᠶᠠᠯᠠᠩ ᠤᠨ ᠪᠦᠳᠦᠬᠡᠭᠳᠡᠬᠦᠨ ᠵᠡᠷᠬᠡ ᠪᠡᠯᠡᠨ ᠪᠠᠷᠠᠭᠠᠨ ᠤ ᠠᠷᠠᠯᠵᠢᠶ᠎ᠠ ᠶᠢ | ᠬᠦᠭᠵᠢᠬᠦᠯᠬᠦ ᠬᠡᠷᠡᠭᠲᠡᠢ᠃ | ᠭᠤᠷᠪᠠᠳᠤᠭᠠᠷ ᠲᠤ᠂ ᠵᠠᠬ᠎ᠠ ᠲᠡᠯᠬᠡᠬᠦᠷ ᠤᠨ ᠭᠤᠤᠯ ᠴᠤᠭᠴᠠ ᠶᠢ ᠬᠦᠭᠵᠢᠭᠡᠬᠦ᠂ ᠭᠠᠳᠠᠭᠠᠳᠤ ᠨᠡᠬᠡᠬᠡᠯᠳᠡ ᠶᠢ | ᠠᠬᠢᠭᠤᠯᠬᠤ ᠶᠢᠨ ᠲᠤᠭᠤᠷᠢᠨ ᠳᠤ᠂ ᠲᠦᠷᠦ ᠶᠢᠨ ᠪᠤᠳᠤᠯᠭ᠎ᠠ ᠶᠢᠨ ᠲᠡᠮᠵᠢᠯᠬᠡ ᠶᠢ ᠴᠢᠩᠭᠠᠳᠬᠠᠬᠤ ᠬᠡᠷᠡᠭᠲᠡᠢ᠃ | ᠨᠢᠬᠡ ᠳᠤ᠂ ᠶᠡᠷᠤᠩᠬᠡᠢ ᠬᠠᠮᠠᠭᠠᠯᠠᠯᠳᠠ ᠶᠢᠨ ᠤᠷᠤᠨ᠂ ᠤᠯᠤᠰ ᠤᠨ ᠬᠢᠯᠢ ᠶᠢᠨ ᠵᠢᠭᠤᠯᠴᠢᠯᠠᠯ ᠤᠨ ᠲᠤᠷᠰᠢᠯᠳᠠ ᠶᠢᠨ | ᠲᠤᠭᠤᠷᠢᠭ᠂ ᠲᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠳᠤ ᠲᠡᠷᠬᠡ ᠶᠢ ᠠᠬᠢᠭᠤᠯᠬᠤ ᠵᠡᠷᠭᠡ ᠤᠯᠤᠰ ᠤᠨ ᠲᠦᠷᠦ | ᠶᠢᠨ ᠪᠤᠳᠤᠯᠭ᠎ᠠ ᠶᠢ ᠰᠠᠶᠢᠳᠤᠷ ᠠᠰᠢᠬᠯᠠᠵᠦ ᠰᠠᠶᠢᠳᠤᠷ ᠬᠦᠭᠵᠢᠭᠡᠬᠦ ᠬᠡᠷᠡᠭᠲᠡᠢ᠃ ᠬᠤᠶᠠᠷ ᠲᠤ᠂ ︽ᠦᠪᠤᠷ ᠮᠤᠩᠭᠤᠯ | ᠤᠨ ᠦᠪᠡᠷᠳᠡᠬᠡᠨ ᠵᠠᠰᠠᠬᠤ ᠤᠷᠤᠨ ᠤ ᠭᠠᠳᠠᠭᠠᠳᠤ ᠠᠷᠠᠯᠵᠢᠶ᠎ᠠ ᠶᠢ ᠲᠤᠭᠳᠠᠪᠤᠷᠢᠵᠢᠭᠤᠯᠬᠤ ᠠᠷᠭ᠎ᠠ ᠬᠡᠮᠵᠢᠶ᠎ᠠ ᠨᠦᠭᠦᠳ︾ | ᠢ ᠰᠤᠳᠤᠯᠤᠨ ᠲᠤᠭᠳᠠᠭᠠᠬᠤ ᠬᠡᠷᠡᠭᠲᠡᠢ᠃ ᠭᠤᠷᠪᠠ ᠳᠤ᠂ ᠭᠠᠳᠠᠭᠠᠳᠤ ᠨᠡᠬᠡᠬᠡᠯᠳᠡ ᠶᠢ ᠠᠬᠢᠭᠤᠯᠬᠤ ᠰᠠᠭᠤᠷᠢ | ᠮᠦᠩᠬᠦ ᠶᠢ ᠪᠠᠶᠢᠭᠤᠯᠬᠤ ᠬᠡᠷᠡᠭᠲᠡᠢ᠃ ᠲᠦᠷᠪᠡ ᠳᠤ᠂ ︽ᠡᠬᠡ ᠬᠠᠭᠤᠷᠠᠢ ᠶᠢᠨ ᠪᠤᠭᠤᠮᠳᠠ ᠬᠢᠬᠡᠳ ᠪᠤᠭᠤᠮᠳᠠ ᠶᠢᠨ | ᠰᠢᠭᠤᠳ ᠨᠡᠪᠳᠡᠷᠡᠬᠦ ᠬᠢᠨᠠᠨ ᠬᠠᠮᠢᠶᠠᠷᠤᠯᠳᠠ︾ ᠶᠢᠨ ᠵᠠᠭᠪᠤᠷ ᠢ ᠬᠡᠷᠡᠭᠵᠢᠭᠦᠯᠬᠦ ᠬᠡᠷᠡᠭᠲᠡᠢ᠃ | ᠳᠦᠷᠪᠡᠳᠦᠭᠡᠷ ᠲᠤ᠂ ᠵᠠᠰᠠᠭ ᠤᠨ ᠤᠷᠳᠤᠨ ᠢᠶᠠᠷ ᠤᠳᠤᠷᠢᠳᠤᠮᠵᠢ ᠪᠤᠯᠭᠠᠬᠤ ᠶᠢ ᠪᠠᠷᠢᠮᠳᠠᠯᠠᠵᠤ᠂ ᠨᠡᠶᠢᠬᠡᠮ ᠤᠨ | ᠤᠷᠤᠯᠴᠠᠭ᠎ᠠ ᠶᠢ ᠵᠤᠷᠢᠭᠵᠢᠭᠤᠯᠵᠦ᠂ ᠰᠤᠶᠤᠯ ᠢᠷᠭᠡᠨᠰᠢᠯ ᠤᠨ ᠰᠤᠯᠢᠯᠴᠠᠭ᠎ᠠ ᠶᠢ ᠲᠠᠰᠤᠷᠠᠯᠳᠠ ᠦᠬᠡᠢ | ᠬᠦᠨᠵᠡᠬᠡᠶᠢᠷᠡᠬᠦᠯᠬᠦ ᠬᠡᠷᠡᠭᠲᠡᠢ᠃ ᠤᠷᠤᠰ ᠮᠤᠩᠭᠤᠯ ᠯᠤᠭ᠎ᠠ ᠭᠠᠳᠠᠭᠠᠳᠤ ᠬᠠᠷᠢᠯᠴᠠᠭ᠎ᠠ ᠪᠠᠶᠢᠭᠤᠯᠤᠭᠰᠠᠨ 70 ᠵᠢᠯ ᠤᠨ | ᠤᠢ ᠪᠠ ᠭᠤᠷᠪᠠᠳᠤᠭᠠᠷ ᠬᠤᠭᠤᠴᠠᠭᠠᠨ ᠤ ᠲᠤᠮᠳᠠᠳᠤ ᠤᠷᠤᠰ ᠤᠨ ᠦᠵᠡᠰᠬᠦᠯᠡᠩ ᠤᠨ ᠲᠤᠬᠢᠶᠠᠯ ᠢ ᠰᠠᠶᠢᠳᠤᠷ | ᠠᠰᠢᠬᠯᠠᠵᠦ᠂ ᠰᠢᠷᠢᠰ ᠠᠵᠢᠯᠯᠠᠭ᠎ᠠ ᠶᠢ ᠰᠠᠶᠢᠲᠤᠷ ᠵᠤᠬᠢᠶᠠᠨ ᠪᠠᠶᠢᠭᠤᠯᠵᠦ ᠬᠡᠷᠡᠭᠵᠢᠬᠦᠯᠬᠦ ᠬᠡᠷᠡᠭᠲᠡᠢ᠃ ᠵᠠᠰᠠᠭ ᠤᠨ | ᠤᠷᠳᠤᠨ ᠤ ᠪᠤᠰᠤ ᠵᠤᠬᠢᠶᠠᠨ ᠪᠠᠶᠢᠭᠤᠯᠤᠯᠳᠠ ᠶᠢᠨ ᠦᠢᠯᠡᠳᠤᠯ ᠢ ᠪᠠᠳᠠᠷᠠᠭᠤᠯᠤᠨ᠂ ᠠᠷᠠᠳ ᠤᠨ ᠰᠡᠳᠬᠢᠯ ᠳᠤ | ᠲᠠᠭᠠᠯᠠᠭᠳᠠᠭᠰᠠᠨ ᠰᠢᠷᠢᠰ ᠠᠵᠢᠯᠯᠠᠭ᠎ᠠ ᠶᠢ ᠵᠤᠬᠢᠶᠠᠨ ᠪᠠᠶᠢᠭᠤᠯᠵᠦ᠂ ᠰᠤᠶᠤᠯ ᠢᠷᠭᠡᠨᠰᠢᠯ ᠤᠨ ᠬᠦᠷᠢᠶᠡᠨ ᠤ | ᠰᠤᠯᠢᠯᠴᠠᠭ᠎ᠠ ᠬᠠᠮᠳᠤᠷᠠᠯᠴᠠᠭ᠎ᠠ ᠶᠢ ᠴᠢᠩᠭᠠᠳᠬᠠᠬᠤ ᠬᠡᠷᠡᠭᠲᠡᠢ᠃ | ᠳᠠᠪᠤᠳᠤᠭᠠᠷ ᠲᠤ᠂ ᠴᠢᠳᠠᠪᠤᠷᠢᠳᠠᠨ ᠤ ᠡᠩᠨᠡᠭᠡ ᠶᠢᠨ ᠪᠠᠶᠢᠭᠤᠯᠤᠯᠳᠠ ᠶᠢ ᠴᠢᠩᠭᠠᠳᠬᠠᠵᠦ᠂ ᠭᠠᠳᠠᠭᠠᠳᠤ | ᠨᠡᠬᠡᠬᠡᠯᠳᠡ ᠶᠢᠨ ᠦᠢᠯᠡᠴᠢᠯᠡᠭᠡ ᠶᠢ ᠪᠠᠳᠤᠯᠠᠬᠤ ᠬᠡᠷᠡᠭᠲᠡᠢ᠃ ᠲᠤᠰᠬᠠᠢ ᠮᠡᠷᠬᠡᠵᠢᠯ ᠤᠨ ᠴᠢᠳᠠᠪᠤᠷᠢᠳᠠᠨ ᠢ ᠤᠷᠢᠵᠦ | ᠪᠤᠯᠪᠠᠰᠤᠷᠠᠭᠤᠯᠬᠤ ᠡᠷᠴᠢᠮ ᠢᠶᠠᠨ ᠴᠢᠩᠭᠠᠳᠬᠠᠵᠤ᠂ ᠶᠡᠭᠡ ᠲᠡᠭᠡᠳᠤ ᠰᠤᠷᠭᠠᠭᠤᠯᠢ ᠤᠨᠴᠠᠭᠠᠶᠢᠯᠠᠨ ᠠᠵᠢᠯ ᠮᠡᠷᠬᠡᠵᠢᠯ | ᠤᠨ ᠲᠡᠭᠡᠳᠦ ᠰᠤᠷᠭᠠᠭᠤᠯᠢ ᠨᠤᠭᠤᠳ ᠭᠠᠳᠠᠭᠠᠳᠤ ᠠᠵᠦ ᠠᠬᠤᠢ ᠠᠷᠠᠯᠵᠢᠶᠠᠨ ᠤ ᠲᠦᠷᠦᠯ ᠤᠨ ᠲᠤᠰᠬᠠᠢ ᠮᠡᠷᠬᠡᠵᠢᠯ | ᠲᠤᠬᠢᠷᠠᠭᠤᠯᠬᠤ ᠳᠤ ᠨᠢ ᠳᠡᠮᠵᠢᠯᠭᠡ ᠦᠵᠡᠭᠦᠯᠵᠦ᠂ ᠨᠤᠲᠤᠭ ᠤᠨ ᠲᠤᠰᠬᠠᠢ ᠮᠡᠷᠬᠡᠵᠢᠯ ᠤᠨ ᠴᠢᠳᠠᠪᠤᠷᠢᠳᠠᠨ ᠢ | ᠬᠦᠮᠦᠵᠢᠬᠦᠯᠬᠦ ᠬᠡᠷᠡᠭᠲᠡᠢ᠃ |