ᠲᠣᠰᠬᠤᠨ ᠳᠤ ᠰᠠᠭᠤᠬᠤ ᠠᠵᠢᠯ ᠤᠨ ᠠᠩᠭᠢ ᠶᠢᠨ ᠲᠥᠯᠥᠭᠡᠯᠡᠭᠴᠢ ᠲᠣᠮᠢᠯᠠᠭᠰᠠᠨ ᠨᠢᠭᠡᠴᠢ ᠠᠴᠠ ᠲᠣᠰᠬᠤᠨ ᠳᠤ ᠰᠠᠭᠤᠵᠤ ᠬᠠᠪᠰᠤᠷᠤᠨ ᠲᠡᠳᠬᠦᠬᠦ ᠬᠠᠷᠢᠭᠤᠴᠠᠯᠭ᠎ᠠ ᠶᠢ ᠪᠦᠬᠦ ᠲᠠᠯ᠎ᠠ ᠪᠠᠷ ᠡᠭᠦᠷᠭᠡᠯᠡᠨ᠎ᠡ
ᠨᠡᠶᠢᠲᠡᠯᠡᠭᠰᠡᠨ ᠴᠠᠭ᠄
2019/6/3
【 ᠶᠠᠳᠠᠭᠤ ᠶᠢ ᠲᠡᠳᠬᠦᠬᠦ ᠲᠤᠬᠠᠶᠢᠯᠠᠭᠰᠠᠨ ᠠᠵᠢᠯ ᠤᠨ ᠣᠨᠣᠯ ᠤᠨ ᠶᠡᠷᠦ ᠶᠢᠨ ᠮᠡᠳᠡᠯᠭᠡ】      ᠲᠣᠰᠬᠤᠨ ᠳᠤ ᠰᠠᠭᠤᠭ᠎ᠠ ᠠᠵᠢᠯ ᠤᠨ ᠠᠩᠭᠢ᠄ ᠶᠠᠳᠠᠭᠤ ᠠᠴᠠ ᠠᠩᠭᠢᠵᠢᠷᠠᠭᠤᠯᠤᠨ ᠰᠢᠪᠲᠤᠯᠤᠯᠲᠠ ᠬᠢᠬᠦ ᠶᠠᠪᠤᠴᠠ ᠳᠤ ᠲᠣᠰᠬᠤᠨ ᠳᠤ ᠰᠠᠭᠤᠬᠤ ᠠᠵᠢᠯ ᠤᠨ ᠠᠩᠭᠢ ᠶᠢᠨ ᠲᠥᠯᠥᠭᠡᠯᠡᠭᠴᠢ ᠲᠣᠮᠢᠯᠠᠭᠰᠠᠨ ᠨᠢᠭᠡᠴᠢ ᠠᠴᠠ ᠲᠣᠰᠬᠤᠨ ᠳᠤ ᠰᠠᠭᠤᠵᠤ ᠬᠠᠪᠰᠤᠷᠤᠨ ᠲᠡᠳᠬᠦᠬᠦ ᠬᠠᠷᠢᠭᠤᠴᠠᠯᠭ᠎ᠠ ᠶᠢ ᠪᠦᠬᠦ ᠲᠠᠯ᠎ᠠ ᠪᠠᠷ ᠡᠭᠦᠷᠭᠡᠯᠡᠨ᠎ᠡ᠃      ᠪᠣᠳᠠᠲᠠᠢ ᠡᠭᠦᠷᠭᠡ ᠨᠢ 12 ᠵᠦᠢᠯ ᠪᠣᠢ᠄ ᠨᠢᠭᠡ ᠳᠤ᠂ ᠲᠤᠶᠢᠯ ᠤᠨ ᠣᠨᠣᠪᠴᠢᠲᠠᠢ ᠪᠠᠷ ᠶᠠᠳᠠᠭᠤ ᠶᠢ ᠲᠡᠳᠬᠦᠬᠦ᠂ ᠲᠤᠶᠢᠯ ᠤᠨ ᠣᠨᠣᠪᠴᠢᠲᠠᠢ ᠪᠠᠷ ᠶᠠᠳᠠᠭᠤ ᠠᠴᠠ ᠠᠩᠭᠢᠵᠢᠷᠠᠭᠤᠯᠬᠤ ᠴᠢᠭᠯᠡᠯᠲᠡ ᠲᠥᠷᠥ ᠶᠢᠨ ᠪᠣᠳᠣᠯᠭ᠎ᠠ ᠶᠢ ᠶᠡᠭᠡ ᠪᠠᠷ ᠤᠬᠠᠭᠤᠯᠤᠨ᠂ ᠶᠠᠳᠠᠭᠤ ᠬᠦᠴᠢᠷᠳᠡᠯᠲᠡᠢ ᠣᠯᠠᠨ ᠲᠦᠮᠡᠨ ᠤ ᠥᠪᠡᠷ ᠤᠨ ᠬᠦᠴᠦ ᠪᠠᠷ ᠢᠶᠠᠨ ᠥᠭᠡᠳᠡᠯᠡᠨ ᠳᠡᠭᠵᠢᠷᠡᠵᠦ᠂ ᠶᠠᠳᠠᠭᠤ ᠠᠴᠠ ᠠᠩᠭᠢᠵᠢᠷᠠᠨ ᠴᠢᠨᠡᠭᠡᠯᠢᠭᠵᠢᠯ ᠤᠨ ᠵᠠᠮ ᠢᠶᠠᠷ ᠵᠠᠮᠨᠠᠬᠤ ᠳᠣᠲᠣᠭᠠᠳᠤ ᠶᠢᠨ ᠬᠥᠳᠡᠯᠭᠡᠭᠴᠢ ᠬᠦᠴᠦᠨ ᠢ ᠬᠥᠭᠵᠢᠭᠡᠨ᠎ᠡ︔ ᠬᠤᠶᠠᠷ ᠲᠤ᠂ ᠲᠣᠰᠬᠤᠨ ᠢ ᠵᠢᠯᠣᠭᠤᠳᠴᠤ ᠪᠠᠶᠢᠭᠠᠳ ᠲᠣᠰᠬᠤᠨ ᠤ ᠱᠠᠲᠤᠨ ᠤ ᠶᠠᠳᠠᠭᠤ ᠶᠢ ᠲᠡᠳᠬᠦᠬᠦ ᠲᠥᠯᠥᠪᠵᠢᠭᠦᠯᠭᠡ ᠪᠠ ᠡᠷᠦᠬᠡ ᠳᠤ ᠬᠦᠷᠴᠦ ᠲᠡᠳᠬᠦᠨ ᠳᠡᠮᠵᠢᠬᠦ ᠲᠥᠯᠥᠪᠯᠡᠭᠡ ᠶᠢ ᠨᠠᠶᠢᠷᠠᠭᠤᠯᠤᠨ ᠵᠣᠬᠢᠶᠠᠵᠤ᠂ ᠲᠡᠳᠬᠦᠨ ᠳᠡᠮᠵᠢᠬᠦ ᠠᠷᠭ᠎ᠠ ᠬᠡᠮᠵᠢᠶ᠎ᠡ ᠶᠢ ᠲᠥᠷᠥᠯ ᠬᠤᠪᠢᠶᠠᠨ ᠨᠠᠷᠢᠯᠢᠭᠵᠢᠭᠤᠯᠤᠨ᠎ᠠ︔ ᠭᠤᠷᠪᠠ ᠳᠤ᠂ ᠡᠯ᠎ᠡ ᠵᠦᠢᠯ ᠤᠨ ᠶᠠᠳᠠᠭᠤ ᠶᠢ ᠲᠡᠳᠬᠦᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠭᠦᠢᠴᠡᠳᠬᠡᠬᠦ ᠶᠢ ᠰᠢᠮᠳᠠᠭᠤᠯᠤᠨ ᠵᠢᠯᠣᠭᠤᠳᠤᠨ᠎ᠠ︔ ᠳᠥᠷᠪᠡ ᠳᠤ᠂ ᠲᠣᠰᠬᠤᠨ ᠢ ᠬᠠᠮᠵᠢᠨ ᠶᠠᠳᠠᠭᠤ ᠶᠢ ᠲᠡᠳᠬᠦᠬᠦ ᠲᠥᠷᠥᠯ ᠵᠦᠢᠯ ᠢ ᠲᠣᠭᠲᠠᠭᠠᠬᠤ᠂ ᠬᠡᠷᠡᠭᠵᠢᠭᠦᠯᠬᠦ᠂ ᠬᠢᠨᠠᠯᠲᠠ ᠲᠠᠯᠪᠢᠬᠤ᠂ ᠬᠠᠮᠢᠶᠠᠷᠬᠤ ᠪᠠ ᠳᠠᠩᠰᠠ ᠡᠪᠬᠡᠮᠡᠯ ᠤᠨ ᠪᠠᠶᠢᠭᠤᠯᠤᠯᠲᠠ ᠶᠢ ᠰᠠᠶᠢᠲᠤᠷ ᠬᠢᠵᠦ᠂ ᠲᠤᠶᠢᠯ ᠤᠨ ᠣᠨᠣᠪᠴᠢᠲᠠᠢ ᠪᠠᠷ ᠢᠯᠭᠠᠨ ᠲᠠᠨᠢᠬᠤ᠂ ᠲᠤᠶᠢᠯ ᠤᠨ ᠣᠨᠣᠪᠴᠢᠲᠠᠢ ᠪᠠᠷ ᠬᠠᠪᠰᠤᠷᠤᠨ ᠲᠡᠳᠬᠦᠬᠦ᠂ ᠲᠤᠶᠢᠯ ᠤᠨ ᠣᠨᠣᠪᠴᠢᠲᠠᠢ ᠪᠠᠷ ᠪᠤᠴᠠᠭᠠᠨ ᠭᠠᠷᠭᠠᠭᠤ ᠬᠤᠷᠢᠭ᠎ᠠ ᠪᠣᠭᠤᠮᠲᠠ ᠶᠢ ᠰᠠᠶᠢᠲᠤᠷ ᠡᠵᠡᠮᠳᠡᠨ᠎ᠡ︔ ᠲᠠᠪᠤ ᠳᠤ᠂ ᠲᠣᠮᠢᠯᠠᠭᠰᠠᠨ ᠨᠢᠭᠡᠴᠢ ᠯᠦᠭᠡ ᠶᠢᠨ ᠣᠶᠢᠯᠠᠭᠠᠯᠴᠠᠭ᠎ᠠ ᠨᠡᠪᠲᠡᠷᠡᠯᠴᠡᠭᠡ ᠪᠠᠨ ᠴᠢᠩᠭᠠᠳᠬᠠᠨ᠂ ᠪᠡᠯᠡ ᠮᠥᠩᠭᠦ ᠶᠢᠨ ᠲᠥᠷᠥᠯ ᠵᠦᠢᠯ ᠳᠠᠬᠢ ᠣᠷᠣᠭᠤᠯᠤᠯᠲᠠ ᠶᠢ ᠢᠳᠡᠪᠬᠢᠲᠡᠢ ᠪᠠᠷ ᠵᠣᠬᠢᠴᠠᠭᠤᠯᠬᠤ ᠶᠢᠨ ᠬᠠᠮᠲᠤ᠂ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ︔ ᠵᠢᠷᠭᠤᠭ᠎ᠠ ᠳᠤ᠂ ᠲᠣᠰᠬᠤᠨ ᠢ ᠬᠠᠮᠵᠢᠨ ᠬᠡᠷᠡᠭᠯᠡᠭᠡᠨ ᠤ ᠮᠡᠷᠭᠡᠵᠢᠯ ᠪᠠ ᠬᠥᠳᠡᠯᠮᠦᠷᠢ ᠶᠢᠨ ᠮᠡᠷᠭᠡᠵᠢᠯ ᠴᠢᠳᠠᠪᠤᠷᠢ ᠶᠢᠨ ᠪᠣᠯᠪᠠᠰᠤᠷᠠᠭᠤᠯᠤᠯ ᠢ ᠥᠷᠨᠢᠭᠦᠯᠵᠦ᠂ ᠲᠣᠰᠬᠤᠨ ᠤ ᠠᠷᠠᠳ ᠤᠨ ᠬᠡᠪ ᠴᠢᠨᠠᠷ ᠢ ᠳᠡᠭᠡᠭᠰᠢᠯᠡᠭᠦᠯᠦᠨ᠎ᠡ︔ ᠳᠣᠯᠤᠭ᠎ᠠ ᠳᠤ᠂ ᠲᠣᠰᠬᠤᠨ ᠢ ᠵᠢᠯᠣᠭᠤᠳᠤᠨ ᠬᠠᠪᠰᠤᠷᠴᠤ ᠪᠠᠶᠢᠭᠠᠳ ᠨᠡᠶᠢᠲᠡ ᠶᠢᠨ ᠠᠵᠤ ᠠᠬᠤᠢ ᠶᠢ ᠬᠥᠭᠵᠢᠭᠦᠯᠦᠨ᠂ ᠳᠠᠶᠢᠴᠢᠯᠠᠨ ᠳᠠᠭᠠᠭᠤᠯᠬᠤ ᠴᠢᠳᠠᠪᠤᠷᠢ ᠶᠢ ᠨᠢ ᠴᠢᠩᠭᠠᠷᠠᠭᠤᠯᠤᠨ᠎ᠠ︔ ᠨᠠᠢᠮᠠ ᠳᠤ᠂ ᠲᠣᠰᠬᠤᠨ ᠤ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠴᠣᠭᠴᠠᠯᠠᠯᠲᠠ ᠶᠢ ᠴᠢᠩᠭᠠᠳᠬᠠᠨ᠂ ᠲᠣᠰᠬᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠨᠢᠭᠲᠠᠷᠠᠯ ᠤᠨ ᠬᠦᠴᠦᠨ᠂ ᠪᠠᠶᠢᠯᠳᠤᠭᠠᠨ ᠤ ᠬᠦᠴᠦᠨ ᠢ ᠴᠢᠩᠭᠠᠷᠠᠭᠤᠯᠵᠤ᠂ ᠦᠢᠯᠡᠴᠢᠯᠡᠭᠡ ᠶᠢᠨ ᠬᠢᠷᠢ ᠲᠦᠪᠰᠢᠨ ᠢ ᠨᠢ ᠳᠡᠭᠡᠭᠰᠢᠯᠡᠭᠦᠯᠦᠨ᠎ᠡ︔ ᠶᠢᠰᠦ ᠳᠤ᠂ ᠡᠷᠡᠭᠦᠯ ᠮᠡᠨᠳᠦ ᠪᠥᠭᠡᠳ ᠪᠣᠯᠪᠠᠰᠤᠨ ᠲᠣᠰᠬᠤᠨ ᠤ ᠳᠦᠷᠢᠮ ᠠᠷᠠᠳ ᠤᠨ ᠭᠡᠷ᠎ᠡ ᠶᠢ ᠵᠢᠯᠣᠭᠤᠳᠤᠨ ᠲᠣᠭᠲᠠᠭᠠᠵᠤ᠂ ᠲᠣᠰᠬᠤᠨ ᠤ ᠠᠷᠠᠳ ᠢ ᠬᠥᠲᠥᠯᠥᠨ ᠵᠢᠯᠣᠭᠤᠳᠴᠤ ᠪᠠᠶᠢᠭᠠᠳ ᠬᠡᠪ ᠰᠤᠷᠲᠠᠯ ᠢ ᠨᠢ ᠥᠭᠡᠷᠡᠴᠢᠯᠡᠨ ᠵᠠᠩ ᠵᠠᠩᠰᠢᠯ ᠨᠢ ᠬᠤᠪᠢᠷᠠᠭᠤᠯᠤᠨ᠎ᠠ︔ ᠠᠷᠪᠠ ᠳᠤ᠂ ᠶᠠᠳᠠᠭᠤ ᠬᠦᠴᠢᠷᠳᠡᠯᠲᠡᠢ ᠣᠯᠠᠨ ᠲᠦᠮᠡᠨ ᠳᠤ ᠪᠣᠳᠠᠲᠠᠢ ᠠᠵᠢᠯ ᠬᠢᠵᠦ ᠬᠦᠴᠢᠷᠲᠡᠢ ᠠᠰᠠᠭᠤᠳᠠᠯ ᠢ ᠰᠢᠢᠳᠪᠦᠷᠢᠯᠡᠨ᠂ ᠶᠠᠳᠠᠭᠤ ᠬᠦᠴᠢᠷᠳᠡᠯᠲᠡᠢ ᠡᠷᠦᠬᠡ ᠶᠢ ᠬᠠᠪᠰᠤᠷᠤᠨ ᠠᠷᠭ᠎ᠠ ᠪᠦᠬᠦᠨ ᠢ ᠰᠦᠪᠡᠭᠴᠢᠯᠡᠵᠦ ᠪᠠᠶᠢᠭᠠᠳ  ᠦᠢᠯᠡᠳᠪᠦᠷᠢᠯᠡᠯ ᠠᠮᠢᠳᠤᠷᠠᠯ ᠳᠤᠮᠳᠠᠬᠢ ᠪᠣᠳᠠᠲᠠᠢ ᠬᠦᠴᠢᠷᠳᠡᠯ ᠢ ᠨᠢ ᠰᠢᠢᠳᠪᠦᠷᠢᠯᠡᠨ᠎ᠡ︔ ᠠᠷᠪᠠᠨ ᠨᠢᠭᠡ ᠳᠤ᠂ ᠰᠢᠶᠠᠩ ᠪᠠᠯᠭᠠᠰᠤ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ᠂ ᠡᠯ᠎ᠡ ᠱᠠᠲᠤᠨ ᠤ ᠲᠣᠰᠬᠤᠨ ᠳᠤ ᠰᠠᠭᠤᠭ᠎ᠠ ᠠᠯᠪᠠᠨ ᠭᠡᠷ ᠪᠠ ᠲᠣᠮᠢᠯᠠᠭᠰᠠᠨ ᠨᠢᠭᠡᠴᠢ ᠳᠤ ᠬᠠᠪᠰᠤᠷᠤᠨ ᠲᠡᠳᠬᠦᠬᠦ ᠠᠵᠢᠯ ᠳᠤ ᠲᠤᠯᠭᠠᠷᠠᠭᠰᠠᠨ ᠬᠦᠴᠢᠷᠳᠡᠯ ᠪᠠ ᠠᠰᠠᠭᠤᠳᠠᠯ ᠢ ᠴᠠᠭ ᠲᠤᠬᠠᠢ ᠳᠤ ᠨᠢ ᠲᠤᠰᠬᠠᠵᠤ᠂ ᠠᠵᠢᠯ ᠤᠨ ᠲᠤᠷᠰᠢᠯᠭ᠎ᠠ ᠶᠢ ᠳ᠋ᠦᠩᠨᠡᠨ᠂ ᠲᠡᠷᠢᠭᠦᠨ ᠤ ᠥᠯᠢᠭᠡᠷ ᠳᠠᠭᠤᠷᠢᠶᠠᠯ ᠢ ᠲᠠᠨᠢᠯᠴᠠᠭᠤᠯᠤᠨ ᠳᠡᠯᠭᠡᠷᠡᠭᠦᠯᠦᠨ᠎ᠡ︔ ᠠᠷᠪᠠᠨ ᠬᠤᠶᠠᠷ ᠲᠤ᠂ ᠬᠠᠪᠰᠤᠷᠤᠨ ᠲᠡᠳᠬᠦᠬᠦ ᠬᠠᠷᠢᠭᠤᠴᠠᠯᠭᠠᠲᠠᠨ ᠢ ᠬᠠᠮᠵᠢᠨ ᠵᠢᠯᠣᠭᠤᠳᠴᠤ ᠪᠠᠶᠢᠭᠠᠳ ᠬᠠᠪᠰᠤᠷᠤᠨ ᠲᠡᠳᠬᠦᠬᠦ ᠠᠵᠢᠯ ᠢ ᠰᠠᠶᠢᠲᠤᠷ ᠬᠢᠨ᠎ᠡ᠃
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ