ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠶᠢ ᠨᠡᠶᠢᠳᠡ ᠳᠤ ᠵᠠᠷᠯᠠᠬᠤ ᠲᠦᠷᠢᠮ ᠬᠠᠤᠯᠢ ᠬᠡᠷᠡᠭᠵᠢᠬᠦᠯᠬᠦ ᠪᠦᠭᠦ ᠶᠠᠪᠤᠴᠠ ᠶᠢ  ᠰᠢᠩᠬᠡᠬᠡᠨ ᠲᠡᠮᠳᠡᠭᠯᠡᠬᠦ ᠲᠦᠷᠢᠮ ᠬᠠᠤᠯᠢ ᠬᠡᠷᠡᠭᠵᠢᠬᠦᠯᠬᠦ ᠴᠢᠬᠤᠯᠠ ᠶᠡᠭᠡ ᠲᠤᠨᠨᠳᠠᠭᠠᠯ ᠢ ᠬᠠᠤᠯᠢ ᠲᠦᠷᠢᠮ ᠢᠶᠠᠷ ᠬᠢᠨᠠᠨ ᠬᠠᠷᠭᠤᠭᠤᠯᠬᠤ ᠲᠦᠷᠢᠮ ᠤᠳ ᠢ ᠶᠠᠪᠤᠨᠨᠳᠠᠭᠤᠯᠬᠤ ᠶᠢᠨ ᠬᠡᠷᠡᠭᠵᠢᠬᠦᠯᠬᠦ ᠲᠦᠰᠦᠯ ᠢ ᠲᠠᠷᠤᠮᠠᠯᠯᠠᠨ ᠶᠠᠪᠤᠭᠤᠯᠬᠤ ᠲᠤᠬᠠᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2019/7/23
        ᠥᠪᠥᠷ ᠵᠠᠰᠠᠭ ᠠᠯᠪᠠᠨ ᠲᠠᠷᠬᠠᠭᠠᠭᠰᠠᠨ ﹇2019﹈ 13 ᠳ᠋ᠤᠭᠠᠷ ᠲᠤᠭᠠᠳᠤ   ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠥᠪᠡᠷᠲᠡᠭᠡᠨ ᠵᠠᠰᠠᠬᠤ ᠣᠷᠣᠨ ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠤᠪᠴᠢᠶ᠎ᠠ᠂ ᠡᠯ᠎ᠡ ᠲᠤᠮᠤ ᠠᠵᠤ ᠠᠬᠤᠶᠢᠯᠠᠯ᠂ ᠠᠵᠢᠯ ᠦᠢᠯᠡᠰ ᠤᠨ ᠨᠢᠭᠡᠴᠢ ᠳᠤ᠄      ᠡᠳᠦᠬᠡ ︽ᠦᠪᠦᠷ ᠮᠤᠩᠭᠤᠯ ᠤᠨ ᠦᠪᠡᠷᠳᠡᠬᠡᠨ ᠵᠠᠰᠬᠠᠤ ᠤᠷᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠶᠢ ᠨᠡᠶᠢᠳᠡ ᠳᠤ ᠵᠠᠷᠯᠠᠬᠤ ᠲᠦᠷᠢᠮ ᠬᠠᠤᠯᠢ ᠬᠡᠷᠡᠭᠵᠢᠬᠦᠯᠬᠦ ᠪᠦᠭᠦ ᠶᠠᠪᠤᠴᠠ ᠶᠢ ᠰᠢᠩᠬᠡᠬᠡᠨ ᠲᠡᠮᠳᠡᠭᠯᠡᠬᠦ ᠲᠦᠷᠢᠮ ᠬᠠᠤᠯᠢ ᠬᠡᠷᠡᠭᠵᠢᠬᠦᠯᠬᠦ ᠴᠢᠬᠤᠯᠠ ᠶᠡᠭᠡ ᠲᠤᠨᠨᠳᠠᠭᠠᠯ ᠢ ᠬᠠᠤᠯᠢ ᠲᠦᠷᠢᠮ ᠢᠶᠠᠷ ᠬᠢᠨᠠᠨ ᠬᠠᠷᠭᠤᠭᠤᠯᠬᠤ ᠲᠦᠷᠢᠮ ᠤᠳ ᠢ ᠶᠠᠪᠤᠨᠨᠳᠠᠭᠤᠯᠬᠤ ᠶᠢᠨ ᠬᠡᠷᠡᠭᠵᠢᠬᠦᠯᠬᠦ ᠲᠦᠰᠦᠯ︾ ᠢ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠢᠶᠠᠷ ᠵᠥᠪᠰᠢᠶᠡᠷᠡᠭᠦᠯᠦᠭᠡᠳ᠂ ᠲᠠ ᠨᠠᠷ ᠲᠤ ᠲᠠᠷᠤᠮᠠᠯᠯᠠᠨ ᠶᠠᠪᠤᠭᠤᠯᠤᠯ᠎ᠠ᠂ ᠪᠤᠳᠠᠳᠠᠢ ᠲᠠᠢ ᠪᠠᠨ ᠤᠶᠠᠯᠳᠤᠭᠤᠯᠤᠨ᠂ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠳᠤᠭᠠᠢ᠃    ᠦᠪᠦᠷ ᠮᠤᠩᠭᠤᠯ ᠤᠨ ᠦᠪᠡᠷᠳᠡᠬᠡᠨ ᠵᠠᠰᠬᠠᠤ ᠤᠷᠤᠨ ᠤ ᠵᠠᠰᠠᠭ ᠵᠠᠬᠢᠷᠭᠠᠨ ᠤ ᠬᠠᠤᠯᠢ    ᠬᠡᠷᠡᠭᠵᠢᠬᠦᠯᠦᠯᠳᠡ ᠶᠢ ᠨᠡᠶᠢᠳᠡ ᠳᠤ ᠵᠠᠷᠯᠠᠬᠤ ᠲᠦᠷᠢᠮ ᠬᠠᠤᠯᠢ ᠬᠡᠷᠡᠭᠵᠢᠬᠦᠯᠬᠦ ᠪᠦᠭᠦ ᠶᠠᠪᠤᠴᠠ ᠶᠢ    ᠰᠢᠩᠬᠡᠬᠡᠨ ᠲᠡᠮᠳᠡᠭᠯᠡᠬᠦ ᠲᠦᠷᠢᠮ ᠬᠠᠤᠯᠢ ᠬᠡᠷᠡᠭᠵᠢᠬᠦᠯᠬᠦ ᠴᠢᠬᠤᠯᠠ ᠶᠡᠭᠡ ᠲᠤᠨᠨᠳᠠᠭᠠᠯ ᠢ ᠬᠠᠤᠯᠢ    ᠲᠦᠷᠢᠮ ᠢᠶᠠᠷ ᠬᠢᠨᠠᠨ ᠬᠠᠷᠭᠤᠭᠤᠯᠬᠤ ᠲᠦᠷᠢᠮ ᠤᠳ ᠢ ᠶᠠᠪᠤᠨᠨᠳᠠᠭᠤᠯᠬᠤ ᠶᠢᠨ ᠬᠡᠷᠡᠭᠵᠢᠬᠦᠯᠬᠦ ᠲᠦᠰᠦᠯ      ︽ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠶᠢ ᠨᠡᠶᠢᠳᠡ ᠳᠤ ᠵᠠᠷᠯᠠᠬᠤ ᠲᠦᠷᠢᠮ ᠬᠠᠤᠯᠢ ᠬᠡᠷᠡᠭᠵᠢᠬᠦᠯᠬᠦ ᠪᠦᠭᠦ ᠶᠠᠪᠤᠴᠠ ᠶᠢ ᠰᠢᠩᠬᠡᠬᠡᠨ ᠲᠡᠮᠳᠡᠭᠯᠡᠬᠦ ᠲᠦᠷᠢᠮ ᠬᠠᠤᠯᠢ ᠬᠡᠷᠡᠭᠵᠢᠬᠦᠯᠬᠦ ᠴᠢᠬᠤᠯᠠ ᠶᠡᠭᠡ ᠲᠤᠨᠨᠳᠠᠭᠠᠯ ᠢ ᠬᠠᠤᠯᠢ ᠲᠦᠷᠢᠮ ᠢᠶᠠᠷ ᠬᠢᠨᠠᠨ ᠬᠠᠷᠭᠤᠭᠤᠯᠬᠤ ᠲᠦᠷᠢᠮ ᠤᠳ ᠢ ᠪᠦᠭᠦ ᠲᠠᠯ᠎ᠠ ᠪᠠᠷ ᠶᠠᠪᠤᠨᠨᠳᠠᠭᠤᠯᠬᠤ ᠲᠤᠬᠠᠢ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠤᠨ ᠵᠢᠯᠤᠭᠤᠳᠬᠤ ᠰᠠᠨᠠᠯ︾ ︵ᠲᠦᠷᠦ ᠠᠯᠪᠠᠨ ᠲᠠᠷᠬᠠᠭᠠᠨᠨᠰᠠᠨ ﹇2018﹈ 118 ᠳ᠋ᠤᠭᠠᠷ ᠲᠤᠭᠠᠳᠤ︶ ᠤᠨ ᠵᠤᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠶᠢ ᠨᠡᠶᠢᠳᠡ ᠳᠤ ᠵᠠᠷᠯᠠᠬᠤ ᠲᠦᠷᠢᠮ᠂ ᠬᠠᠤᠯᠢ ᠬᠡᠷᠡᠭᠵᠢᠬᠦᠯᠬᠦ ᠪᠦᠭᠦ ᠶᠠᠪᠤᠴᠠ ᠶᠢ ᠰᠢᠩᠬᠡᠬᠡᠨ ᠲᠡᠮᠳᠡᠭᠯᠡᠬᠦ ᠲᠦᠷᠢᠮ᠂ ᠬᠠᠤᠯᠢ ᠬᠡᠷᠡᠭᠵᠢᠬᠦᠯᠬᠦ ᠴᠢᠬᠤᠯᠠ ᠶᠡᠭᠡ ᠲᠤᠨᠨᠳᠠᠭᠠᠯ ᠢ ᠬᠠᠤᠯᠢ ᠲᠦᠷᠢᠮ ᠢᠶᠠᠷ ᠬᠢᠨᠠᠨ ᠬᠠᠷᠭᠤᠭᠤᠯᠬᠤ ᠲᠦᠷᠢᠮ ︵ᠲᠤᠷᠤᠨᠨᠰᠢ ︽ᠭᠤᠷᠪᠠᠨ ᠵᠦᠢᠯ ᠤᠨ ᠲᠦᠷᠢᠮ︾ ᠬᠡᠵᠦ ᠶᠡᠷᠦᠩᠬᠡᠶᠢᠯᠡᠨ ᠲᠤᠪᠴᠢᠯᠠᠨ᠎ᠠ︶ ᠪᠦᠭᠦ ᠤᠷᠤᠨ ᠤ ᠬᠡᠪᠴᠢᠶᠡᠨ ᠳᠤ ᠪᠦᠭᠦ ᠲᠠᠯ᠎ᠠ ᠪᠠᠷ ᠶᠠᠪᠤᠨᠨᠳᠠᠭᠤᠯᠬᠤ ᠶᠢᠨ ᠲᠤᠰᠠᠳᠠ᠂ ᠦᠪᠡᠷᠳᠡᠬᠡᠨ ᠵᠠᠰᠠᠬᠤ ᠤᠷᠤᠨ ᠤ ᠪᠤᠳᠠᠳᠠᠢ ᠲᠠᠢ ᠪᠠᠨ ᠤᠶᠠᠯᠳᠤᠭᠤᠯᠤᠨ᠂ ᠲᠤᠰ ᠲᠦᠰᠦᠯ ᠢ ᠲᠤᠨᠨᠳᠠᠭᠠᠪᠠ᠃      ᠨᠢᠬᠡ᠂ ᠵᠢᠯᠤᠭᠤᠳᠬᠤ ᠦᠵᠡᠯ ᠰᠠᠨᠠᠭ᠎ᠠ      ᠰᠢ ᠶᠢᠨ ᠫᠢᠩ ᠤᠨ ᠰᠢᠨ᠎ᠠ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠨ᠂ ᠨᠠᠮ ᠤᠨ ᠠᠷᠪᠠ ᠶᠢᠰᠦᠳᠦᠬᠡᠷ ᠶᠡᠭᠡ ᠬᠤᠷᠠᠯ ᠪᠠ ᠠᠷᠪᠠ ᠶᠢᠰᠦᠳᠦᠬᠡᠷ ᠬᠤᠭᠤᠴᠠᠭᠠᠨ ᠤ ᠲᠦᠪ ᠬᠤᠷᠢᠶᠠᠨ ᠤ ᠬᠤᠶᠠᠳᠤᠭᠠᠷ᠂ ᠭᠤᠷᠪᠠᠳᠤᠭᠠᠷ ᠪᠦᠭᠦᠳᠡ ᠬᠤᠷᠠᠯ ᠤᠨ ᠵᠤᠷᠢᠭ ᠰᠠᠨᠠᠭ᠎ᠠ ᠶᠢ ᠪᠦᠭᠦ ᠲᠠᠯ᠎ᠠ ᠪᠠᠷ ᠲᠤᠭᠤᠰᠢᠯᠠᠭᠤᠯᠵᠦ᠂ ︽ᠬᠠᠤᠯᠢ ᠪᠠᠷ ᠵᠠᠰᠠᠬᠤ ᠵᠠᠰᠠᠭ ᠤᠨ ᠤᠷᠳᠤᠨ ᠤ ᠪᠠᠶᠢᠭᠤᠯᠤᠯᠳᠠ ᠶᠢᠨ ᠬᠡᠷᠡᠭᠵᠢᠬᠦᠯᠬᠦ ᠭᠦᠳᠦᠯᠪᠦᠷᠢ ︵2015 — 2020 ᠤᠨ︶︾ ᠶᠢ ᠬᠢᠨᠠᠮᠠᠭᠠᠢ ᠨᠠᠶᠢᠳᠠᠪᠤᠷᠢᠵᠢᠭᠤᠯᠤᠨ᠂ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠶᠢ ᠢᠯᠡ ᠲᠤᠳᠤ᠂ ᠵᠢᠷᠤᠮᠵᠢᠯ ᠲᠠᠢ᠂ ᠬᠠᠤᠯᠢ ᠳᠤ ᠨᠡᠶᠢᠴᠡᠬᠦ᠂ ᠲᠦᠪ ᠭᠤᠤᠯᠴᠢ ᠪᠤᠯᠭᠠᠬᠤ ᠶᠢ ᠭᠦᠴᠦᠯᠡᠨ ᠠᠬᠢᠭᠤᠯᠵᠦ᠂ ᠬᠠᠤᠯᠢ ᠬᠡᠷᠡᠭᠵᠢᠬᠦᠯᠬᠦ ᠲᠦᠷᠢᠮ ᠢ ᠲᠠᠰᠤᠷᠠᠯᠳᠠ ᠦᠬᠡᠢ ᠪᠦᠷᠢᠨᠰᠢᠬᠦᠯᠦᠨ᠂ ᠪᠦᠭᠦ ᠲᠠᠯ᠎ᠠ ᠪᠠᠷ ᠬᠠᠤᠯᠢ ᠶᠤᠰᠤᠭᠠᠷ ᠤᠯᠤᠰ ᠢᠶᠠᠨ ᠵᠠᠰᠠᠬᠤ ᠦᠨᠳᠦᠰᠦᠨ ᠠᠷᠭ᠎ᠠ ᠪᠤᠳᠤᠯᠭ᠎ᠠ ᠶᠢ ᠨᠠᠶᠢᠳᠠᠪᠤᠷᠢᠵᠢᠭᠤᠯᠬᠤ ᠪᠠ ᠬᠠᠤᠯᠢ ᠪᠠᠷ ᠵᠠᠰᠠᠬᠤ ᠵᠠᠰᠠᠭ ᠤᠨ ᠤᠷᠳᠤᠨ ᠤ ᠪᠠᠶᠢᠭᠤᠯᠤᠯᠳᠠ ᠶᠢ ᠠᠬᠢᠭᠤᠯᠬᠤ ᠳᠤ ᠪᠠᠳᠤ ᠪᠠᠬᠢ ᠰᠠᠭᠤᠷᠢ ᠶᠢ ᠲᠠᠯᠪᠢᠨ᠎ᠠ᠃     ᠬᠤᠶᠠᠷ᠂ ᠡᠭᠦᠷᠬᠡ ᠶᠢᠨ ᠠᠷᠭ᠎ᠠ ᠬᠡᠮᠵᠢᠶ᠎ᠡ      2019 ᠤᠨ ᠤ ᠰᠡᠭᠦᠯᠴᠢ ᠠᠴᠠ ᠡᠮᠤᠨ᠎ᠠ᠂ ᠡᠯ᠎ᠡ ᠭᠠᠵᠠᠷ ᠤᠷᠤᠨ᠂ ᠡᠯ᠎ᠡ ᠰᠠᠯᠠᠭ᠎ᠠ ᠮᠦᠴᠢᠷ ᠨᠢ ᠵᠠᠰᠠᠭ ᠵᠠᠬᠢᠷᠭᠠᠨ ᠤ ᠵᠦᠪᠰᠢᠶᠡᠷᠡᠯ᠂ ᠵᠠᠰᠠᠭ ᠵᠠᠬᠢᠷᠭᠠᠨ ᠤ ᠰᠢᠢᠳᠬᠡᠯ ᠲᠤᠷᠭᠠᠭᠤᠯᠢ᠂ ᠵᠠᠰᠠᠭ ᠵᠠᠬᠢᠷᠭᠠᠨ ᠤ ᠠᠯᠪᠠᠳᠠᠯᠭ᠎ᠠ᠂ ᠵᠠᠰᠠᠭ ᠵᠠᠬᠢᠷᠭᠠᠨ ᠤ ᠲᠠᠳᠠᠪᠤᠷᠢᠯᠠᠨ ᠬᠤᠷᠢᠶᠠᠵᠦ ᠲᠠᠳᠠᠪᠤᠷᠢᠯᠠᠨ ᠬᠡᠷᠡᠭᠯᠡᠬᠦ᠂ ᠵᠠᠰᠠᠭ ᠵᠠᠬᠢᠷᠭᠠᠨ ᠤ ᠪᠠᠶᠢᠴᠠᠭᠠᠯᠳᠠ ᠵᠡᠷᠬᠡ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠠᠵᠢᠯᠯᠠᠭᠠᠨ ᠤ ᠶᠠᠪᠤᠴᠠ ᠳᠤ ︽ᠭᠤᠷᠪᠠᠨ ᠵᠦᠢᠯ ᠤᠨ ᠲᠦᠷᠢᠮ︾ ᠢ ᠪᠦᠬᠦ ᠲᠠᠯ᠎ᠠ ᠪᠠᠷ ᠶᠠᠪᠤᠨᠨᠳᠠᠭᠤᠯᠤᠨ᠎ᠠ᠃      ︵ᠨᠢᠬᠡ︶ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠶᠢ ᠨᠡᠶᠢᠳᠡ ᠳᠤ ᠵᠠᠷᠯᠠᠬᠤ ᠲᠦᠷᠢᠮ᠃ ᠡᠯ᠎ᠡ ᠱᠠᠳᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠪᠠᠶᠢᠭᠤᠯᠭ᠎ᠠ ᠨᠢ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠠᠴᠠ ᠡᠮᠦᠨᠡᠬᠢ᠂ ᠬᠠᠤᠯᠢ ᠬᠡᠷᠡᠭᠵᠢᠬᠦᠯᠬᠦ ᠶᠠᠪᠤᠴᠠ ᠳᠤ ᠬᠢ ᠂ ᠬᠠᠤᠯᠢ ᠬᠡᠷᠡᠭᠵᠢᠬᠦᠯᠦᠭᠰᠡᠨ ᠤ ᠲᠠᠷᠠᠭᠠᠬᠢ ᠶᠢᠨ ᠬᠢ ᠢᠯᠠ ᠪᠤᠯᠭᠠᠬᠤ ᠲᠤᠨᠨᠳᠠᠴᠠ ᠶᠢ ᠪᠦᠷᠢᠨᠰᠢᠬᠦᠯᠵᠦ᠂ ᠬᠠᠤᠯᠢ ᠬᠡᠷᠡᠭᠵᠢᠬᠦᠯᠬᠦ ᠮᠡᠳᠡᠭᠡ ᠵᠠᠩᠬᠢ ᠶᠢ ᠨᠡᠶᠢᠳᠡ ᠳᠤ ᠵᠠᠷᠯᠠᠬᠤ ᠨᠢᠬᠡᠳᠦᠯᠳᠡᠢ ᠲᠡᠪᠴᠡᠩ ᠢ ᠪᠠᠶᠢᠭᠤᠯᠤᠨ᠂ ᠨᠡᠶᠢᠬᠡᠮ ᠨᠡᠶᠢᠳᠡ ᠳᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠭᠰᠡᠨ ᠦᠨᠳᠦᠰᠦᠨ ᠮᠡᠳᠡᠭᠡ ᠵᠠᠩᠬᠢ᠂ ᠦᠷ᠎ᠡ ᠳ᠋ᠦᠩ ᠤᠨ ᠮᠡᠳᠡᠭᠡ ᠵᠠᠩᠬᠢ ᠶᠢ ᠴᠠᠭ ᠲᠤᠬᠠᠢ ᠳᠤ ᠨᠢ ᠢᠯᠡ ᠪᠤᠯᠭᠠᠨ᠎ᠠ᠃ ᠤᠯᠤᠰ ᠤᠨ ᠨᠢᠭᠤᠴᠠ᠂ ᠬᠤᠳᠠᠯᠳᠤᠭᠠᠨ ᠤ ᠨᠢᠭᠤᠴᠠ᠂ ᠬᠤᠪᠢ ᠶᠢᠨ ᠨᠢᠭᠤᠴᠠ ᠳᠤ ᠬᠤᠯᠪᠤᠨᠨᠳ᠋ᠬᠠᠰᠠᠨ ᠢᠯᠡ ᠪᠤᠯᠭᠠᠬᠤ ᠳᠤ ᠵᠤᠬᠢᠰ ᠦᠬᠡᠢ ᠮᠡᠳᠡᠭᠡ ᠵᠠᠩᠬᠢ ᠶᠢ ᠬᠠᠤᠯᠢ ᠶᠤᠰᠤᠭᠠᠷ ᠦᠨᠡᠨ ᠭᠦ ᠢᠯᠡ ᠪᠤᠯᠭᠠᠬᠤ ᠴᠢᠬᠤᠯᠠ ᠲᠠᠢ ᠪᠠᠶᠢᠪᠠᠯ᠂ ᠵᠤᠬᠢᠬᠤ ᠬᠡᠮᠵᠢᠶ᠎ᠡ ᠪᠠᠷ ᠰᠶᠢᠳᠪᠦᠷᠢᠯᠡᠭᠰᠡᠨ ᠤ ᠲᠠᠷᠠᠭ᠎ᠠ ᠢᠯᠡ ᠪᠤᠯᠭᠠᠨ᠎ᠠ᠃      1. ᠬᠠᠤᠯᠢ ᠬᠡᠷᠡᠭᠵᠢᠬᠦᠯᠬᠦ ᠠᠴᠠ ᠡᠮᠦᠨᠡᠬᠢ ᠶᠢ ᠢᠯᠡ ᠪᠤᠯᠭᠠᠬᠤ ᠪᠠᠨ ᠴᠢᠩᠭᠠᠷᠠᠭᠤᠯᠤᠨ᠎ᠠ᠃      ︵1︶ ᠡᠯ᠎ᠡ ᠱᠠᠳᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠪᠠᠶᠢᠭᠤᠯᠭ᠎ᠠ ᠨᠢ ︽ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠵᠦᠢᠯᠡᠰ ᠤᠨ ᠨᠠᠷᠢᠨ ᠬᠠᠭᠤᠳᠠᠰᠤ︾ ᠶᠢ ᠨᠠᠶᠢᠷᠠᠭᠤᠯᠤᠨ ᠵᠤᠬᠢᠶᠠᠵᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠭᠤᠤᠯ ᠴᠤᠨᠨᠴᠠ᠂ ᠠᠵᠢᠯᠳᠠᠨ᠂ ᠡᠭᠦᠷᠬᠡ ᠬᠠᠷᠢᠭᠤᠴᠠᠯᠭ᠎ᠠ᠂ ᠡᠷᠬᠡ ᠶᠢᠨ ᠬᠢᠵᠠᠭᠠᠷ᠂ ᠦᠨᠳᠦᠰᠦᠯᠡᠯ᠂ ᠲᠡᠰ ᠲᠠᠷᠠᠭᠠᠯᠠᠯ᠂ ᠲᠡᠳᠬᠦᠬᠦ ᠠᠷᠭ᠎ᠠ ᠵᠠᠮ ᠵᠡᠷᠬᠡ ᠬᠠᠤᠯᠢ ᠬᠡᠷᠡᠭᠵᠢᠬᠦᠯᠬᠦ ᠠᠴᠠ ᠡᠮᠦᠨᠡᠬᠢ ᠢᠯᠡ ᠪᠤᠯᠭᠠᠬᠤ ᠠᠭᠤᠯᠭ᠎ᠠ ᠪᠠᠨ ᠲᠤᠳᠤᠷᠬᠠᠶᠢᠯᠠᠵᠦ᠂ ᠲᠤᠰ ᠱᠠᠳᠤᠨ ᠤ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠪᠠᠷ ᠬᠢᠨᠠᠨ ᠬᠠᠷᠭᠤᠭᠤᠯᠤᠨᠨᠰᠠᠨ ᠤ ᠲᠠᠷᠠᠭ᠎ᠠ ᠨᠡᠶᠢᠳᠡ ᠳᠤ ᠵᠠᠷᠯᠠᠬᠤ ᠬᠡᠷᠡᠭᠳᠡᠢ᠃      ︵2︶ ᠡᠯ᠎ᠡ ᠱᠠᠳᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠪᠠᠶᠢᠭᠤᠯᠭ᠎ᠠ ᠨᠢ ︽ᠬᠤᠶᠠᠷ ᠢ ᠲᠠᠰᠢᠷᠠᠮ ᠢᠶᠠᠷ ᠰᠤᠭᠤᠴᠢᠵᠦ᠂ ᠨᠢᠬᠡ ᠶᠢ ᠢᠯᠡ ᠪᠤᠯᠭᠠᠬᠤ︾ ᠬᠢᠨᠠᠯᠳᠠ ᠬᠠᠮᠢᠶᠠᠷᠤᠯᠳᠠ ᠶᠢᠨ ᠱᠠᠭᠠᠷᠳᠠᠯᠭ᠎ᠠ ᠶᠢ ᠦᠨᠳᠦᠰᠦᠯᠡᠨ᠂ ᠲᠤᠰ ᠰᠠᠯᠠᠭ᠎ᠠ ᠮᠦᠴᠢᠷ ᠤᠨ ᠢᠶᠠᠨ ︽ᠲᠠᠰᠢᠷᠠᠮ ᠢᠶᠠᠷ ᠰᠤᠭᠤᠴᠢᠨ ᠪᠠᠶᠢᠴᠠᠭᠠᠬᠤ ᠵᠦᠢᠯᠡᠰ ᠤᠨ ᠨᠠᠷᠢᠨ ᠬᠠᠭᠤᠳᠠᠰᠤ︾ ᠶᠢ ᠨᠠᠶᠢᠷᠠᠭᠤᠯᠤᠨ ᠵᠤᠬᠢᠶᠠᠵᠦ᠂ ᠲᠤᠰ ᠱᠠᠳᠤᠨ ᠤ ᠵᠠᠬ᠎ᠠ ᠲᠡᠯᠬᠡᠭᠦᠷ ᠤᠨ ᠬᠢᠨᠠᠯᠳᠠ ᠬᠠᠮᠢᠶᠠᠷᠤᠯᠳᠠ ᠶᠢᠨ ᠰᠠᠯᠠᠭ᠎ᠠ ᠮᠦᠴᠢᠷ ᠢᠶᠠᠷ ᠬᠢᠨᠠᠨ ᠬᠠᠷᠭᠤᠭᠤᠯᠤᠨᠨᠰᠠᠨ ᠤ ᠲᠠᠷᠠᠭ᠎ᠠ ᠨᠡᠶᠢᠳᠡ ᠳᠤ ᠵᠠᠷᠯᠠᠬᠤ ᠬᠡᠷᠡᠭᠳᠡᠢ᠃       ︵3︶ ᠡᠯ᠎ᠡ ᠱᠠᠳᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠪᠠᠶᠢᠭᠤᠯᠭ᠎ᠠ ᠨᠢ ᠲᠤᠰ ᠪᠠᠶᠢᠭᠤᠯᠭ᠎ᠠ ᠶᠢᠨ ᠢᠶᠠᠨ ᠡᠯ᠎ᠡ ᠲᠦᠷᠦᠯ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠴᠤᠪᠤᠷᠠᠯ ᠵᠢᠷᠤᠭ ᠪᠠ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠦᠢᠯᠡᠴᠢᠯᠡᠬᠡᠨ ᠤ ᠵᠦᠭᠯᠡᠬᠦᠷ ᠢ ᠨᠠᠶᠢᠷᠠᠭᠤᠯᠤᠨ ᠵᠤᠬᠢᠶᠠᠵᠦ᠂ ᠪᠤᠳᠠᠳᠠᠢ ᠠᠵᠢᠯᠯᠠᠭᠠᠨ ᠤ ᠴᠤᠪᠤᠷᠠᠯ ᠵᠢᠴᠢ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠵᠦᠢᠯᠡᠰ ᠤᠨ ᠨᠡᠷᠡᠶᠢᠳᠦᠯ᠂ ᠦᠨᠳᠦᠰᠦᠯᠡᠯ᠂ ᠭᠦᠯᠢᠶᠡᠨ ᠠᠪᠴᠤ ᠰᠶᠢᠳᠪᠦᠷᠢᠯᠡᠬᠦ ᠪᠠᠶᠢᠭᠤᠯᠤᠮᠵᠢ᠂ ᠬᠢᠨᠠᠨ ᠵᠦᠪᠰᠢᠶᠡᠷᠡᠬᠦ ᠪᠠᠶᠢᠭᠤᠯᠤᠮᠵᠢ᠂ ᠭᠦᠯᠢᠶᠡᠨ ᠠᠪᠴᠤ ᠰᠶᠢᠳᠪᠦᠷᠢᠯᠡᠬᠦ ᠨᠦᠭᠦᠴᠡᠯ᠂ ᠭᠦᠢᠴᠡᠳᠬᠡᠬᠦ ᠴᠠᠭ ᠤᠨ ᠬᠢᠵᠠᠭᠠᠷ ᠵᠡᠷᠬᠡ ᠠᠭᠤᠯᠭ᠎ᠠ ᠶᠢ ᠲᠤᠳᠤᠷᠬᠠᠶᠢᠯᠠᠬᠤ ᠬᠡᠷᠡᠭᠳᠡᠢ᠃      2. ᠬᠠᠤᠯᠢ ᠬᠡᠷᠡᠭᠵᠢᠬᠦᠯᠬᠦ ᠶᠠᠪᠤᠴᠠ ᠳᠤ ᠬᠢ ᠶᠢ ᠢᠯᠡ ᠪᠤᠯᠭᠠᠬᠤ ᠪᠠᠨ ᠵᠢᠷᠤᠮᠵᠢᠭᠤᠯᠤᠨ᠎ᠠ᠃      ︵1︶ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠠᠵᠢᠯᠳᠠᠳ ᠨᠢ ᠬᠢᠨᠠᠯᠳᠠ ᠲᠠᠯᠪᠢᠵᠦ ᠪᠠᠶᠢᠴᠠᠭᠠᠯᠳᠠ ᠬᠢᠬᠦ᠂ ᠪᠠᠶᠢᠴᠠᠭᠠᠵᠦ ᠬᠡᠷᠡᠴᠢ ᠴᠤᠨᠨᠯᠠᠭᠤᠯᠬᠤ᠂ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠬᠤ ᠪᠠ ᠠᠯᠪᠠᠳᠠᠨ ᠭᠦᠢᠴᠡᠳᠬᠡᠬᠦᠯᠬᠦ᠂ ᠬᠠᠤᠯᠢ ᠬᠡᠷᠡᠭᠵᠢᠬᠦᠯᠬᠦ ᠪᠢᠴᠢᠭ ᠬᠠᠷ᠎ᠠ ᠶᠢ ᠭᠠᠷᠳᠠᠭᠤᠯᠤᠨ ᠭᠦᠷᠬᠡᠬᠦ ᠵᠡᠷᠬᠡ ᠬᠠᠤᠯᠢ ᠬᠡᠷᠡᠭᠵᠢᠬᠦᠯᠬᠦ ᠠᠵᠢᠯᠯᠠᠭ᠎ᠠ ᠶᠢ ᠦᠷᠨᠢᠬᠦᠯᠬᠦ ᠳᠤ ᠪᠠᠨ᠂ ᠰᠠᠨᠠᠭᠠᠴᠢᠯᠠᠭ᠎ᠠ ᠠᠴᠠ ᠪᠠᠨ ᠦᠨᠡᠮᠯᠡᠯ ᠢᠶᠠᠨ ᠭᠠᠷᠭᠠᠵᠦ ᠪᠡᠶ᠎ᠡ ᠭᠠᠷᠤᠯ ᠢᠶᠠᠨ ᠲᠤᠳᠤᠷᠬᠠᠶᠢᠯᠠᠬᠤ ᠬᠡᠷᠡᠭᠳᠡᠢ᠃ ᠬᠤᠯᠪᠤᠨᠨᠳᠠᠯ ᠪᠦᠭᠦᠢ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠰᠠᠯᠠᠭ᠎ᠠ ᠮᠦᠴᠢᠷ ᠤᠳ ᠨᠢ ᠤᠯᠤᠰ ᠤᠨ ᠲᠤᠨᠨᠳᠠᠭᠠᠯ ᠢ ᠦᠨᠳᠦᠰᠦᠯᠡᠵᠦ ᠡᠮᠦᠰᠬᠡᠯ ᠵᠠᠰᠠᠯ ᠢᠶᠠᠨ ᠵᠢᠷᠤᠮᠵᠢᠭᠤᠯᠬᠤ ᠪᠠ ᠨᠢᠬᠡᠳᠦᠯᠳᠡᠢ ᠢᠯᠭᠠᠬᠤ ᠲᠡᠮᠳᠡᠭ ᠵᠡᠬᠦᠬᠦ ᠬᠡᠷᠡᠭᠳᠡᠢ᠃      ︵2︶ ᠡᠯ᠎ᠡ ᠱᠠᠳᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠪᠠᠶᠢᠭᠤᠯᠭ᠎ᠠ ᠶᠢᠨ ᠠᠵᠢᠯ ᠶᠠᠪᠤᠳᠠᠯ ᠭᠦᠢᠴᠡᠳᠬᠡᠬᠦ ᠲᠠᠩᠬᠢᠮ᠂ ᠦᠢᠯᠡᠴᠢᠯᠡᠬᠡᠨ ᠤ ᠴᠤᠩᠬᠤᠪᠴᠢ ᠵᠡᠷᠬᠡ ᠠᠵᠢᠯ ᠶᠠᠪᠤᠳᠠᠯ ᠭᠦᠢᠴᠡᠳᠬᠡᠬᠦ ᠲᠠᠯᠠᠪᠤᠷ ᠭᠠᠵᠠᠷ ᠤᠳ ᠲᠤ ᠠᠵᠢᠯ ᠤᠨ ᠪᠠᠶᠢᠷᠢ ᠶᠢᠨ ᠲᠤᠬᠠᠢ ᠮᠡᠳᠡᠭᠡ ᠵᠠᠩᠬᠢ ᠶᠢ ᠨᠡᠶᠢᠳᠡ ᠳᠤ ᠵᠠᠷᠯᠠᠬᠤ ᠫᠠᠶᠢᠰᠠ ᠲᠤᠬᠢᠷᠭᠠᠤᠯᠵᠦ᠂ ᠠᠵᠢᠯᠳᠠᠳ ᠤᠨ ᠠᠵᠢᠯ ᠤᠨ ᠪᠠᠶᠢᠷᠢ ᠶᠢᠨ ᠡᠭᠦᠷᠬᠡ ᠬᠠᠷᠢᠭᠤᠴᠠᠯᠭ᠎ᠠ᠂ ᠭᠤᠶᠤᠴᠢᠯᠠᠬᠤ ᠮᠠᠲ᠋ᠧᠷᠢᠶᠠᠯ ᠢ ᠵᠢᠱᠢᠶ᠎ᠡ ᠪᠠᠷ ᠦᠵᠡᠬᠦᠯᠬᠦ ᠪᠢᠴᠢᠭ ᠬᠠᠷ᠎ᠠ᠂ ᠭᠦᠢᠴᠡᠳᠬᠡᠵᠦ ᠪᠠᠶᠢᠭ᠎ᠠ ᠶᠠᠪᠤᠴᠠ ᠶᠢ ᠨᠢ ᠪᠠᠶᠢᠴᠠᠭᠠᠨ ᠯᠠᠪᠯᠠᠬᠤ ᠪᠠ ᠠᠰᠠᠭᠤᠨ ᠯᠠᠪᠯᠠᠬᠤ ᠦᠢᠯᠡᠴᠢᠯᠡᠭᠡ᠂ ᠵᠠᠭᠠᠯᠳᠤᠬᠤ ᠵᠢᠴᠢ ᠢᠯᠡᠴᠢᠯᠡᠨ ᠮᠡᠳᠡᠬᠦᠯᠬᠦ ᠵᠡᠷᠬᠡ ᠮᠡᠳᠡᠭᠡ ᠵᠠᠩᠬᠢ ᠨᠤᠭᠤᠳ ᠢ ᠢᠯᠡ ᠵᠢᠭᠠᠪᠤᠷᠢᠯᠠᠬᠤ ᠬᠡᠷᠡᠭᠳᠡᠢ᠃      3. ᠬᠠᠤᠯᠢ ᠬᠡᠷᠡᠭᠵᠢᠬᠦᠯᠦᠭᠰᠡᠨ ᠤ ᠲᠠᠷᠠᠭᠠᠬᠢ ᠶᠢ ᠢᠯᠡ ᠪᠤᠯᠭᠠᠬᠤ ᠪᠠᠨ ᠴᠢᠩᠭᠠᠳᠬᠠᠨ᠎ᠠ᠃      ︵1︶ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠬᠠᠤᠯᠢ ᠬᠡᠷᠡᠭᠵᠢᠭᠦᠯᠬᠦ ᠲᠣᠭᠲᠠᠭᠠᠯ ᠭᠠᠷᠭᠠᠭᠰᠠᠨ ᠡᠳᠦᠷ ᠠᠴᠠ ᠡᠬᠢᠯᠡᠨ 20 ᠠᠵᠢᠯᠯᠠᠬᠤ ᠡᠳᠦᠷ ᠤᠨ ᠳᠣᠲᠣᠷ᠎ᠠ᠂ ᠬᠠᠤᠯᠢ ᠬᠡᠷᠡᠭᠵᠢᠭᠦᠯᠬᠦ ᠪᠠᠶᠢᠭᠤᠯᠭ᠎ᠠ᠂ ᠬᠠᠤᠯᠢ ᠬᠡᠷᠡᠭᠵᠢᠭᠦᠯᠬᠦ ᠡᠳᠡᠬᠡᠳ᠂ ᠬᠠᠤᠯᠢ ᠬᠡᠷᠡᠭᠵᠢᠭᠦᠯᠬᠦ ᠲᠥᠷᠥᠯ ᠢᠯᠭᠠᠯ᠂ ᠬᠠᠤᠯᠢ ᠬᠡᠷᠡᠭᠵᠢᠬᠦᠯᠦᠭᠰᠡᠨ ᠳ᠋ᠦᠩᠨᠡᠯᠲᠡ ᠵᠡᠷᠭᠡ ᠮᠡᠳᠡᠭᠡ ᠵᠠᠩᠭᠢ ᠶᠢ ᠨᠡᠶᠢᠭᠡᠮ ᠳᠤ ᠨᠡᠶᠢᠲᠡᠯᠡᠬᠦ ᠬᠡᠷᠡᠭᠲᠡᠶ᠃ ᠵᠠᠰᠠᠭ ᠵᠠᠬᠢᠷᠭᠠᠨ ᠤ ᠵᠥᠪᠰᠢᠶᠡᠷᠡᠯ᠂ ᠵᠠᠰᠠᠭ ᠵᠠᠬᠢᠷᠭᠠᠨ ᠤ ᠰᠶᠢᠳᠬᠡᠯ ᠲᠤᠷᠭᠠᠭᠤᠯᠢ ᠪᠠᠷ ᠲᠠᠮᠵᠢᠵᠦ ᠬᠠᠤᠯᠢ ᠬᠡᠷᠡᠭᠵᠢᠭᠦᠯᠬᠦ ᠲᠤᠨᠨᠳᠠᠭᠠᠯ ᠤᠨ ᠮᠡᠳᠡᠭᠡ ᠵᠠᠩᠭᠢ ᠶᠢ ᠬᠠᠤᠯᠢ ᠬᠡᠷᠡᠭᠵᠢᠭᠦᠯᠬᠦ ᠲᠣᠭᠲᠠᠭᠠᠯ ᠭᠠᠷᠭᠠᠭᠰᠠᠨ ᠡᠳᠦᠷ ᠠᠴᠠ ᠡᠬᠢᠯᠡᠨ 7 ᠠᠵᠢᠯᠯᠠᠬᠤ ᠡᠳᠦᠷ ᠤᠨ ᠳᠣᠲᠣᠷ᠎ᠠ ᠢᠯᠠ ᠪᠣᠯᠭᠠᠬᠤ ᠬᠡᠷᠡᠭᠲᠡᠶ᠂ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠳᠤ ᠠᠰᠲᠠᠭᠠᠨ ᠲᠣᠭᠲᠠᠭᠠᠯ ᠲᠠᠢ ᠨᠢ ᠡᠭᠦᠨ ᠳᠤ ᠪᠠᠭᠲᠠᠬᠤ ᠥᠬᠡᠶ᠃      ︵2︶ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠬᠠᠤᠯᠢ ᠬᠡᠷᠡᠭᠵᠢᠭᠦᠯᠬᠦ ᠲᠤᠨᠨᠳᠠᠭᠠᠯ ᠤᠨ ᠮᠡᠳᠡᠭᠡ ᠵᠠᠩᠭᠢ ᠶᠢ ᠢᠯᠡ ᠪᠠᠷ ᠨᠡᠶᠢᠲᠡᠯᠡᠬᠦ᠂ ᠬᠦᠴᠦᠨ ᠥᠬᠡᠶ ᠪᠣᠯᠭᠠᠬᠤ ᠪᠠ ᠰᠢᠨᠡᠳᠬᠡᠬᠦ ᠲᠣᠭᠲᠠᠴᠠ ᠶᠢ ᠪᠠᠢᠭᠤᠯᠤᠨ ᠪᠦᠷᠢᠨᠰᠢᠬᠦᠯᠬᠦ ᠬᠡᠷᠡᠭᠲᠡᠶ᠃      ︵3︶ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠤᠭ᠎ᠠ ᠪᠦᠷᠢᠳᠬᠡᠯ ᠤᠨ ᠣᠨ ᠤ ᠮᠡᠳᠡᠭᠦᠯᠦᠯᠲᠡ ᠶᠢᠨ ᠳᠦᠷᠢᠮ ᠢ ᠪᠠᠶᠢᠭᠤᠯᠤᠨ ᠪᠦᠷᠢᠨᠰᠢᠭᠦᠯᠵᠦ᠂ ᠵᠢᠯ ᠪᠦᠷᠢ ᠶᠢᠨ 1 ᠳ᠋ᠤᠬᠡᠷ ᠰᠠᠷ᠎ᠠ ᠶᠢᠨ 31 ᠤ ᠡᠳᠦᠷ ᠠᠴᠠ ᠡᠮᠦᠨ᠎ᠡ ᠲᠤᠰ ᠪᠠᠶᠢᠭᠤᠯᠭ᠎ᠠ ᠶᠢᠨ ᠲᠦᠷᠦᠭᠦᠤ ᠵᠢᠯ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠭᠰᠡᠨ ᠶᠡᠷᠦᠩᠬᠡᠢ ᠪᠠᠶᠢᠳᠠᠯ ᠪᠠ ᠬᠤᠯᠪᠣᠭᠳᠠᠯ ᠪᠦᠬᠦᠢ ᠲᠤᠭ᠎ᠠ ᠪᠠᠷᠢᠮᠲᠠ ᠶᠢ ᠪᠦᠷᠢᠳᠬᠡᠬᠦ ᠶᠢᠨ ᠬᠠᠮᠳᠤ ᠢᠯᠠ ᠪᠣᠯᠭᠠᠬᠤ ᠬᠡᠷᠡᠭᠲᠡᠶ᠃      ︵ᠬᠤᠶᠠᠷ︶ ᠬᠠᠤᠯᠢ ᠬᠡᠷᠡᠭᠵᠢᠭᠦᠯᠬᠦ ᠪᠥᠬᠦ ᠶᠠᠪᠤᠴᠠ ᠶᠢ ᠰᠢᠩᠬᠡᠬᠡᠨ ᠲᠡᠮᠳᠡᠭᠯᠡᠬᠦ ᠳᠦᠷᠢᠮ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠳᠤ ᠬᠢᠨᠠᠯᠲᠠ ᠲᠠᠯᠪᠢᠬᠤ ᠲᠠᠪᠴᠠᠩ ᠢ ᠭᠦᠢᠴᠡᠳ ᠠᠰᠢᠨᠨᠯᠠᠵᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠥᠬᠦ ᠶᠠᠪᠤᠴᠠ ᠳᠤ ᠤᠷᠤᠮ ᠦᠯᠡᠳᠡᠭᠡᠬᠦ ᠪᠠ ᠪᠤᠴᠠᠭᠠᠨ ᠨᠡᠬᠡᠮᠵᠢᠯᠡᠵᠦ ᠪᠣᠯᠬᠤ ᠬᠠᠮᠢᠶᠠᠷᠤᠯᠲᠠ ᠶᠢ ᠪᠡᠶᠡᠯᠡᠭᠦᠯᠬᠦ ᠬᠡᠷᠡᠭᠲᠡᠢ᠃      1. ᠦᠰᠦᠭ ᠪᠢᠴᠢᠭ ᠢᠶᠠᠷ ᠲᠡᠮᠳᠡᠭᠯᠡᠬᠦ ᠪᠠᠨ ᠵᠢᠷᠤᠮᠵᠢᠭᠤᠯᠤᠨ᠎ᠠ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠨᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠭᠰᠡᠨ ᠬᠡᠷᠡᠭ ᠤᠨ ᠡᠪᠬᠡᠮᠡᠯ ᠤᠨ ᠵᠢᠱᠢᠶ᠎ᠡ ᠪᠢᠴᠢᠭ︾ ᠪᠣᠯᠤᠨ ᠲᠥᠷᠥ ᠶᠢᠨ ᠶᠠᠪᠤᠳᠠᠯ ᠤᠨ ᠬᠤᠷᠢᠶᠠᠨ ᠤ ᠬᠤᠯᠪᠣᠭᠳᠠᠯ ᠪᠦᠬᠦᠢ ᠰᠠᠯᠠᠭ᠎ᠠ ᠮᠥᠴᠢᠷ ᠤᠳ ᠤᠨ ᠨᠢᠭᠡᠳᠦᠯᠲᠡᠢ ᠬᠡᠷᠡᠭᠯᠡᠵᠦ ᠪᠠᠶᠢᠭ᠎ᠠ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠢᠴᠢᠭ ᠬᠠᠷ᠎ᠠ ᠶᠢᠨ ᠲᠤᠨᠨᠳ᠋ᠬᠠᠰᠠᠨ ᠬᠡᠯᠪᠡᠷᠢᠳᠦ ᠪᠢᠴᠢᠭᠯᠡᠭᠰᠡᠨ ᠮᠠᠲ᠋ᠧᠷᠢᠶᠠᠯ ᠢᠶᠠᠷ ᠯᠠᠪᠯᠠᠯᠲᠠ ᠪᠣᠯᠭᠠᠨ᠂ ᠬᠠᠤᠯᠢ ᠬᠡᠷᠡᠭᠵᠢᠭᠦᠯᠬᠦ ᠪᠢᠴᠢᠭ ᠬᠠᠷ᠎ᠠ ᠵᠤᠬᠢᠶᠠᠮᠵᠢᠯᠠᠬᠤ ᠪᠠᠨ ᠵᠢᠷᠤᠮᠵᠢᠭᠤᠯᠬᠤ ᠬᠡᠷᠡᠭᠳᠡᠢ᠃       2. ᠳᠠᠭᠤ ᠳᠦᠷᠰᠦ ᠰᠢᠩᠭᠡᠭᠡᠯᠲᠡ ᠪᠠᠷ ᠰᠢᠩᠬᠡᠬᠡᠨ ᠲᠡᠮᠳᠡᠭᠯᠡᠬᠦ ᠪᠠᠨ ᠵᠢᠷᠤᠮᠵᠢᠭᠤᠯᠤᠨ᠎ᠠ᠃      ︵1︶ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠳᠤ ᠬᠢᠨᠠᠯᠲᠠ ᠲᠠᠯᠪᠢᠬᠤ ᠲᠠᠪᠴᠠᠩ ᠯᠤᠭ᠎ᠠ ᠵᠤᠯᠭᠠᠭᠤᠯᠬᠤ ᠠᠵᠢᠯ ᠢ ᠰᠠᠶᠢᠲᠤᠷ ᠬᠢᠵᠦ᠂ ᠳᠠᠭᠤ ᠳᠦᠷᠰᠦ ᠰᠢᠩᠭᠡᠭᠡᠯᠲᠡ ᠪᠠᠷ ᠰᠢᠩᠬᠡᠬᠡᠨ ᠲᠡᠮᠳᠡᠭᠯᠡᠬᠦ ᠲᠦᠭᠦᠬᠡᠷᠦᠮᠵᠢ ᠶᠢ ᠭᠦᠢᠴᠡᠳ ᠠᠰᠢᠨᠨᠯᠠᠨ᠂ ᠲᠤᠬᠠᠢ ᠶᠢᠨ ᠲᠠᠯᠠᠪᠠᠢ ᠳᠤ ᠬᠠᠤᠯᠢ ᠬᠡᠷᠡᠭᠵᠢᠭᠦᠯᠦᠭᠰᠡᠨ ᠠᠵᠢᠯᠯᠠᠭ᠎ᠠ ᠪᠠ ᠬᠡᠷᠡᠭ ᠰᠶᠢᠳᠪᠦᠷᠢᠯᠡᠭᠰᠡᠨ ᠲᠠᠯᠠᠪᠤᠷ ᠭᠠᠵᠠᠷ ᠲᠠᠬᠢ ᠶᠢ ᠪᠦᠬᠦ ᠶᠠᠪᠤᠴᠠ ᠳᠤ ᠨᠢ ᠰᠢᠩᠬᠡᠬᠡᠨ ᠲᠡᠮᠳᠡᠭᠯᠡᠵᠦ᠂ ᠲᠠᠭᠤ ᠲᠦᠷᠰᠦ ᠲᠠᠢ ᠪᠠᠷ ᠪᠦᠭᠦ ᠶᠠᠪᠤᠴᠠ ᠳᠤ ᠨᠢ ᠰᠢᠩᠬᠡᠬᠡᠨ ᠲᠡᠮᠳᠡᠭᠯᠡᠬᠦ ᠶᠢ ᠪᠦᠭᠦ ᠲᠠᠯ᠎ᠠ ᠪᠠᠷ ᠬᠡᠷᠡᠭᠵᠢᠬᠦᠯᠦᠨ᠎ᠠ᠃      ︵2︶ ᠥᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ ᠶᠢᠨ ᠲᠢᠩᠬᠢᠮ ᠨᠢ ᠳᠠᠭᠤ ᠳᠦᠷᠰᠦ ᠰᠢᠩᠭᠡᠭᠡᠯᠲᠡ ᠪᠠᠷ ᠰᠢᠩᠬᠡᠬᠡᠨ ᠲᠡᠮᠳᠡᠭᠯᠡᠬᠦ ᠲᠦᠭᠦᠬᠡᠷᠦᠮᠵᠢ ᠶᠢ ᠲᠤᠬᠢᠷᠠᠭᠤᠯᠬᠤ ᠠᠷᠭ᠎ᠠ ᠶᠢ ᠱᠠᠯᠠᠪᠳᠠᠨ ᠲᠣᠭᠲᠠᠭᠠᠵᠤ᠂ ᠲᠥᠬᠦᠭᠡᠷᠦᠮᠵᠢ ᠶᠢᠨ ᠪᠠᠷᠢᠮᠵᠢᠶ᠎ᠠ᠂ ᠲᠣᠬᠢᠷᠠᠭᠤᠯᠬᠤ ᠪᠠᠷᠢᠮᠵᠢᠶ᠎ᠠ᠂ ᠲᠣᠬᠢᠷᠠᠭᠤᠯᠬᠤ ᠬᠠᠷᠢᠴᠠᠯ ᠵᠡᠷᠭᠡ ᠶᠢ ᠲᠤᠳᠤᠷᠬᠠᠶᠢᠯᠠᠬᠤ ᠬᠡᠷᠡᠭᠳᠡᠢ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠠᠵᠢᠯ ᠤᠨ ᠬᠡᠷᠡᠭᠴᠡᠭᠡ ᠱᠠᠭᠠᠷᠳᠠᠯᠭ᠎ᠠ᠂ ᠲᠤᠬᠢᠷᠬᠠᠰᠠᠨ ᠬᠡᠮᠵᠢᠶᠡᠨ ᠤ ᠪᠠ ᠬᠡᠷᠡᠭᠯᠡᠵᠦ ᠭᠦᠢᠴᠡᠪᠡᠯ ᠪᠤᠯᠴᠢᠬᠠᠬᠤ ᠵᠠᠷᠴᠢᠮ ᠶᠣᠰᠣᠭᠠᠷ ᠳᠠᠭᠤ ᠳᠦᠷᠰᠦ ᠰᠢᠩᠭᠡᠭᠡᠯᠲᠡ ᠪᠠᠷ ᠰᠢᠩᠬᠡᠬᠡᠨ ᠲᠡᠮᠳᠡᠭᠯᠡᠬᠦ ᠲᠦᠭᠦᠬᠡᠷᠦᠮᠵᠢ ᠶᠢ ᠲᠣᠬᠢᠷᠠᠭᠤᠯᠵᠤ᠂ ᠨᠢᠭᠡᠨᠲᠡ ᠪᠠᠶᠢᠭ᠎ᠠ ᠳᠠᠭᠤ ᠳᠦᠷᠰᠦ ᠰᠢᠩᠭᠡᠭᠡᠯᠲᠡ ᠪᠠᠷ ᠰᠢᠩᠬᠡᠬᠡᠨ ᠲᠡᠮᠳᠡᠭᠯᠡᠬᠦ ᠲᠦᠭᠦᠬᠡᠷᠦᠮᠵᠢ ᠶᠢ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠳᠤ ᠬᠢᠨᠠᠯᠲᠠ ᠲᠠᠯᠪᠢᠬᠤ ᠲᠠᠪᠴᠠᠩ ᠯᠤᠭ᠎ᠠ ᠵᠤᠯᠭᠠᠭᠤᠯᠬᠤ ᠬᠡᠷᠡᠭᠳᠡᠢ᠃ ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠨᠢ ᠳᠣᠣᠷᠠᠳᠤ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠢ ᠵᠢᠯᠣᠭᠤᠳᠤᠨ ᠳᠠᠭᠤ ᠳᠦᠷᠰᠦ ᠰᠢᠩᠭᠡᠭᠡᠯᠲᠡ ᠪᠠᠷ ᠰᠢᠩᠬᠡᠬᠡᠨ ᠲᠡᠮᠳᠡᠭᠯᠡᠬᠦ ᠠᠵᠢᠯ ᠢ ᠦᠷᠨᠢᠬᠦᠯᠬᠦ ᠬᠡᠷᠡᠭᠳᠡᠢ᠃      ︵ᠭᠤᠷᠪᠠ︶ ᠬᠠᠤᠯᠢ ᠬᠡᠷᠡᠭᠵᠢᠭᠦᠯᠬᠦ ᠴᠢᠬᠤᠯᠠ ᠶᠡᠭᠡ ᠲᠣᠭᠲᠠᠭᠠᠯ ᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠳᠦᠷᠢᠮ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠴᠢᠬᠤᠯᠠ ᠶᠡᠭᠡ ᠬᠠᠤᠯᠢ ᠬᠡᠷᠡᠭᠵᠢᠭᠦᠯᠬᠦ ᠲᠣᠭᠲᠠᠭᠠᠯ ᠭᠠᠷᠭᠠᠬᠤ ᠠᠴᠠ ᠪᠠᠨ ᠡᠮᠦᠨ᠎ᠡ᠂ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠶᠢ ᠴᠢᠩᠳᠠ ᠬᠡᠷᠡᠭᠵᠢᠬᠦᠯᠵᠦ᠂ ᠬᠠᠤᠯᠢ ᠳᠦᠷᠢᠮ ᠢᠶᠠᠷ ᠬᠢᠨᠠᠨ ᠬᠠᠷᠭᠤᠭᠤᠯᠤᠨᠨᠰᠠᠨ ᠦᠬᠡᠢ ᠪᠤᠶᠤ ᠬᠢᠨᠠᠨ ᠬᠠᠷᠭᠤᠭᠤᠯᠤᠯᠲᠠ ᠪᠠᠷ ᠪᠠᠲᠤᠯᠠᠭᠳᠠᠭᠰᠠᠨ ᠥᠬᠡᠶ ᠪᠣᠯ ᠲᠣᠭᠲᠠᠭᠠᠯ ᠭᠠᠷᠭᠠᠵᠤ ᠪᠣᠯᠬᠤ ᠥᠬᠡᠶ᠃      1. ᠬᠢᠨᠠᠨ ᠬᠠᠷᠭᠤᠭᠤᠯᠬᠤ ᠪᠠᠶᠢᠭᠤᠯᠤᠮᠵᠢ ᠶᠢ ᠲᠤᠳᠤᠷᠬᠠᠶᠢᠯᠠᠨ᠎ᠠ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠲᠤᠰ ᠨᠢᠬᠡᠴᠢ ᠶᠢᠨ ᠢᠶᠠᠨ ᠬᠠᠤᠯᠢ ᠬᠡᠷᠡᠭᠵᠢᠭᠦᠯᠬᠦ ᠴᠢᠬᠤᠯᠠ ᠶᠡᠭᠡ ᠲᠣᠭᠲᠠᠭᠠᠯ ᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠠᠵᠢᠯ ᠢ ᠪᠣᠳᠠᠲᠠᠶ ᠬᠠᠷᠢᠭᠤᠴᠠᠬᠤ ᠠᠵᠢᠯ ᠤᠨ ᠪᠠᠶᠢᠭᠤᠯᠤᠮᠵᠢ ᠶᠢ ᠲᠣᠳᠣᠷᠬᠠᠶᠢᠯᠠᠵᠤ᠂ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠠᠵᠢᠯ ᠳᠤ ᠡᠭᠦᠷᠭᠡᠯᠡᠬᠦ ᠪᠠᠢᠭᠤᠯᠤᠮᠵᠢ ᠲᠠᠢ᠂ ᠬᠠᠷᠢᠭᠤᠴᠠᠬᠤ ᠲᠤᠰᠬᠠᠶ ᠠᠵᠢᠯᠳᠠᠨ ᠲᠠᠢ ᠪᠠᠶᠢᠬᠤ ᠶᠢ ᠦᠨᠡᠨ ᠬᠦ ᠪᠠᠳᠤᠯᠠᠨ᠎ᠠ᠃ ᠵᠠᠰᠠᠭ ᠤᠨ ᠣᠷᠳᠣᠨ ᠤ ᠬᠠᠤᠯᠢ ᠴᠠᠭᠠᠵᠠ ᠶᠢᠨ ᠵᠥᠪᠯᠡᠭᠴᠢ ᠪᠠ ᠠᠯᠪᠠᠨ ᠲᠤᠰᠢᠶᠠᠯᠲᠤ ᠬᠠᠤᠯᠢᠴᠢ ᠶᠢᠨ ᠳᠦᠷᠢᠮ ᠢ ᠪᠠᠶᠢᠭᠤᠯᠤᠨ ᠪᠦᠷᠢᠨᠰᠢᠬᠦᠯᠵᠦ᠂ ᠬᠠᠤᠯᠢ ᠴᠠᠭᠠᠵᠠ ᠶᠢᠨ ᠲᠠᠯ᠎ᠠ ᠪᠠᠷ ᠬᠢ ᠭᠦᠨᠳᠦ ᠴᠢᠬᠤᠯᠠ ᠲᠦᠪᠡᠭ ᠪᠤᠳᠤᠯᠢᠶᠠᠨᠲᠠᠢ ᠬᠡᠷᠡᠭ ᠶᠠᠪᠤᠳᠠᠯ ᠳᠤ ᠪᠤᠯ ᠬᠠᠤᠯᠢ ᠴᠠᠭᠠᠵᠠ ᠶᠢᠨ ᠵᠥᠪᠯᠡᠭᠴᠢ ᠪᠠ ᠠᠯᠪᠠᠨ ᠲᠤᠰᠢᠶᠠᠯᠲᠤ ᠬᠠᠤᠯᠢᠴᠢ ᠶᠢ ᠵᠤᠬᠢᠶᠠᠨ ᠪᠠᠶᠢᠭᠤᠯᠵᠦ ᠪᠠᠶᠢᠭᠠᠳ ᠬᠠᠮᠵᠢᠭᠤᠯᠤᠨ ᠲᠤᠰᠠᠯᠠᠭᠤᠯᠵᠦ᠂ ᠰᠠᠨᠠᠯ ᠰᠠᠨᠠᠭᠤᠯᠭ᠎ᠠ ᠲᠤᠷᠠᠳᠤᠭᠤᠯᠤᠨ᠎ᠠ᠃      2. ᠬᠢᠨᠠᠨ ᠬᠠᠷᠭᠤᠭᠤᠯᠬᠤ ᠬᠡᠪᠴᠢᠶ᠎ᠡ ᠶᠢ ᠲᠣᠭᠲᠠᠭᠠᠨ᠎ᠠ᠃      ︵1︶ ᠤᠯᠠᠨ ᠨᠡᠶᠢᠲᠡ ᠶᠢᠨ ᠴᠢᠬᠤᠯᠠ ᠶᠡᠭᠡ ᠠᠰᠢᠭ ᠲᠤᠰᠠ ᠳᠤ ᠬᠤᠯᠪᠤᠨᠨᠳ᠋ᠬᠠᠰᠠᠨ ᠪᠦᠬᠡᠳ ᠨᠡᠶᠢᠬᠡᠮ ᠳᠤ ᠴᠢᠬᠤᠯᠠ ᠶᠡᠭᠡ ᠨᠥᠯᠥᠭᠡ ᠭᠠᠷᠭᠠᠵᠤ ᠮᠡᠳᠡᠬᠦ ᠪᠤᠶᠤ ᠨᠡᠶᠢᠬᠡᠮ ᠳᠤ ᠲᠦᠭᠰᠢᠭᠦᠷᠢ ᠡᠭᠦᠰᠭᠡᠵᠦ ᠮᠡᠳᠡᠬᠦ᠂ ᠵᠠᠰᠠᠭ ᠵᠠᠬᠢᠷᠭᠠᠨ ᠤ ᠬᠠᠷᠢᠴᠠᠩᠭᠤᠶ ᠬᠥᠮᠥᠨ ᠪᠤᠶᠤ ᠭᠤᠷᠪᠠᠳᠠᠬᠢ ᠬᠥᠮᠦᠨ ᠤ ᠴᠢᠬᠤᠯᠠ ᠶᠡᠭᠡ ᠡᠷᠬᠡ ᠠᠰᠢᠭ ᠲᠠᠢ ᠰᠢᠭᠤᠳ ᠬᠠᠷᠢᠴᠠᠭ᠎ᠠ ᠭᠠᠷᠴᠤ᠂ ᠭᠡᠷᠡᠴᠢᠯᠡᠭᠡ ᠰᠣᠨᠣᠰᠬᠤ ᠲᠡᠰ ᠲᠠᠷᠠᠭᠠᠯᠠᠯ ᠢᠶᠠᠷ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠣᠭᠲᠠᠭᠠᠯ ᠭᠠᠷᠭᠠᠭᠰᠠᠨ ᠵᠢᠴᠢ ᠬᠡᠷᠡᠭ ᠤᠨ ᠪᠠᠶᠢᠳᠠᠯ ᠨᠢ ᠲᠦᠪᠡᠭ ᠪᠤᠳᠤᠯᠢᠶᠠᠨᠲᠠᠢ᠂ ᠬᠠᠤᠯᠢ ᠴᠠᠭᠠᠵᠠ ᠶᠢᠨ ᠤᠯᠠᠨ ᠬᠠᠷᠢᠴᠠᠭ᠎ᠠ ᠳᠤ ᠬᠤᠯᠪᠣᠭᠳᠠᠭᠰᠠᠨ ᠪᠦᠬᠦᠨ ᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠬᠡᠷᠡᠭᠳᠡᠢ᠃      ︵2︶ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠵᠠᠰᠠᠭ ᠵᠠᠬᠢᠷᠭᠠᠨ ᠤ ᠴᠢᠬᠤᠯᠠ ᠶᠡᠭᠡ ᠬᠠᠤᠯᠢ ᠬᠡᠷᠡᠭᠵᠢᠭᠦᠯᠬᠦ ᠲᠣᠭᠲᠠᠭᠠᠯ ᠢ ᠬᠢᠨᠠᠨ ᠬᠠᠷᠭᠤᠭᠤᠯᠬᠤ ᠬᠡᠪᠴᠢᠶ᠎ᠡ ᠪᠠᠨ ᠲᠣᠳᠣᠷᠬᠠᠶ ᠵᠠᠭᠠᠭᠯᠠᠨ ᠲᠣᠭᠲᠠᠭᠠᠵᠤ᠂ ᠵᠠᠰᠠᠭ ᠵᠠᠬᠢᠷᠭᠠᠨ ᠤ ᠵᠥᠪᠰᠢᠶᠡᠷᠡᠯ᠂ ᠵᠠᠰᠠᠭ ᠵᠠᠬᠢᠷᠭᠠᠨ ᠤ ᠰᠢᠢᠳᠬᠡᠯ ᠲᠤᠷᠭᠠᠭᠤᠯᠢ᠂ ᠵᠠᠰᠠᠭ ᠵᠠᠬᠢᠷᠭᠠᠨ ᠤ ᠠᠯᠪᠠᠳᠠᠯᠭ᠎ᠠ᠂ ᠵᠠᠰᠠᠭ ᠵᠠᠬᠢᠷᠭᠠᠨ ᠤ ᠲᠠᠳᠠᠪᠤᠷᠢ ᠵᠡᠷᠭᠡ ᠬᠠᠤᠯᠢ ᠬᠡᠷᠡᠭᠵᠢᠭᠦᠯᠬᠦ ᠳᠥᠷᠪᠡᠨ ᠲᠥᠷᠥᠯ ᠤᠨ ᠠᠵᠢᠯᠯᠠᠭ᠎ᠠ ᠶᠢᠨ ︽ᠬᠠᠤᠯᠢ ᠬᠡᠷᠡᠭᠵᠢᠭᠦᠯᠬᠦ ᠴᠢᠬᠤᠯᠠ ᠶᠡᠭᠡ ᠲᠣᠭᠲᠠᠭᠠᠯ ᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠭᠠᠷᠴᠠᠭ ᠤᠨ ᠨᠠᠷᠢᠨ ᠬᠠᠭᠤᠳᠠᠰᠤ︾ ᠶᠢ ᠨᠠᠢᠷᠠᠭᠤᠯᠤᠨ ᠵᠤᠬᠢᠶᠠᠨ᠎ᠠ᠃ ᠲᠡᠬᠡᠳᠦ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠲᠤᠤᠷᠠᠳᠤ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠶᠢᠨ ᠬᠠᠤᠯᠢ ᠬᠡᠷᠡᠭᠵᠢᠭᠦᠯᠬᠦ ᠴᠢᠬᠤᠯᠠ ᠶᠡᠭᠡ ᠲᠣᠭᠲᠠᠭᠠᠯ ᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠭᠠᠷᠴᠠᠭ ᠤᠨ ᠨᠠᠷᠢᠨ ᠬᠠᠭᠤᠳᠠᠰᠤ ᠶᠢ ᠨᠠᠢᠷᠠᠭᠤᠯᠤᠨ ᠵᠣᠬᠢᠶᠠᠬᠤ ᠠᠵᠢᠯ ᠢ ᠵᠢᠯᠤᠭᠤᠳᠬᠤ ᠪᠠᠨ ᠴᠢᠩᠭᠠᠳᠬᠠᠵᠤ᠂ ᠬᠠᠤᠯᠢ ᠬᠡᠷᠡᠭᠵᠢᠭᠦᠯᠬᠦ ᠴᠢᠬᠤᠯᠠ ᠶᠡᠭᠡ ᠲᠣᠭᠲᠠᠭᠠᠯ ᠤᠨ ᠵᠦᠢᠯᠡᠰ ᠤᠨ ᠪᠠᠷᠢᠮᠵᠢᠶ᠎ᠠ ᠶᠢ ᠲᠤᠳᠤᠷᠬᠠᠶᠢᠯᠠᠬᠤ ᠬᠡᠷᠡᠭᠳᠡᠢ᠃      3. ᠬᠢᠨᠠᠨ ᠬᠠᠷᠭᠤᠭᠤᠯᠬᠤ ᠠᠭᠤᠯᠭ᠎ᠠ ᠶᠢ ᠲᠤᠳᠤᠷᠬᠠᠶᠢᠯᠠᠨ᠎ᠠ᠃ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠭᠤᠤᠯ ᠴᠣᠭᠴᠠ ᠨᠢ ᠬᠠᠤᠯᠢ ᠳᠤ ᠨᠡᠶᠢᠴᠡᠬᠦ ᠡᠰᠡᠬᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠠᠵᠢᠯᠲᠠᠨ ᠨᠢ ᠬᠠᠤᠯᠢ ᠬᠡᠷᠡᠭᠵᠢᠭᠦᠯᠬᠦ ᠬᠢᠷᠢ ᠬᠡᠮ ᠢ ᠪᠦᠷᠢᠳᠦᠭᠦᠯᠦᠭᠰᠡᠨ ᠡᠰᠡᠬᠦ ᠶᠢ ᠴᠢᠩᠳᠠ ᠬᠢᠨᠠᠨ ᠬᠠᠷᠭᠤᠭᠤᠯᠤᠨ᠎ᠠ︔ ᠵᠠᠰᠠᠭ ᠵᠠᠬᠢᠷᠭᠠᠨ ᠤ ᠲᠡᠰ ᠲᠠᠷᠠᠭᠠᠯᠠᠯ ᠨᠢ ᠬᠠᠤᠯᠢ ᠳᠤ ᠨᠡᠶᠢᠴᠡᠬᠦ ᠡᠰᠡᠬᠦ︔ ᠬᠡᠷᠡᠭ ᠤᠨ ᠪᠣᠳᠠᠲᠤ ᠶᠠᠪᠤᠳᠠᠯ ᠨᠢ ᠲᠣᠳᠣᠷᠬᠠᠢ ᠡᠰᠡᠬᠦ᠂ ᠭᠡᠷᠡᠴᠢ ᠪᠠᠷᠢᠮᠲᠠ ᠨᠢ ᠬᠠᠤᠯᠢ ᠳᠤ ᠨᠡᠶᠢᠴᠡᠵᠦ ᠪᠦᠷᠢᠨ ᠭᠦᠢᠴᠡᠳ ᠪᠠᠶᠢᠬᠤ ᠡᠰᠡᠬᠦ︔ ᠲᠤᠬᠢᠷᠠᠭᠤᠯᠤᠨ ᠬᠡᠷᠡᠭᠯᠡᠭᠰᠡᠨ ᠬᠠᠤᠯᠢ ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠨᠢ ᠣᠨᠣᠪᠴᠢᠲᠠᠶ ᠡᠰᠡᠬᠦ᠂ ᠲᠠᠰᠤᠯᠤᠯᠲᠠ ᠶᠢᠨ ᠰᠠᠭᠤᠷᠢ ᠪᠠᠷᠢᠮᠵᠢᠶ᠎ᠠ ᠶᠢ ᠭᠦᠢᠴᠡᠳᠬᠡᠭᠰᠡᠨ ᠨᠢ ᠵᠣᠬᠢᠰᠲᠠᠶ ᠡᠰᠡᠬᠦ︔ ᠬᠠᠤᠯᠢ ᠬᠡᠷᠡᠭᠵᠢᠬᠦᠯᠬᠦ ᠳᠤ ᠪᠠᠨ ᠬᠠᠤᠯᠢ ᠬᠡᠷᠡᠭᠵᠢᠭᠦᠯᠬᠦ ᠪᠠᠶᠢᠭᠤᠯᠭ᠎ᠠ ᠶᠢᠨ ᠬᠠᠤᠯᠢ ᠪᠠᠷ ᠲᠣᠭᠲᠠᠭᠠᠭᠰᠠᠨ ᠡᠷᠬᠡ ᠶᠢᠨ ᠬᠡᠪᠴᠢᠶ᠎ᠡ ᠠᠴᠠ ᠲᠠᠪᠠᠵᠦ ᠬᠠᠤᠯᠢ ᠬᠡᠷᠡᠭᠵᠢᠭᠦᠯᠦᠭᠰᠡᠨ ᠪᠤᠶᠤ ᠡᠷᠬᠡ ᠲᠤᠰᠢᠶᠠᠯ ᠢᠶᠠᠨ ᠳᠤᠷ᠎ᠠ ᠪᠠᠷ ᠢᠶᠠᠨ ᠬᠡᠷᠡᠭᠯᠡᠭᠰᠡᠨ ᠪᠠᠶᠢᠳᠠᠯ ᠤᠷᠤᠰᠢᠵᠦ ᠪᠠᠶᠢᠬᠤ ᠡᠰᠡᠬᠦ︔ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠢᠴᠢᠭ ᠬᠠᠷ᠎ᠠ ᠨᠢ ᠪᠦᠷᠢᠨ ᠲᠡᠭᠦᠯᠳᠡᠷ᠂ ᠵᠢᠷᠤᠮᠵᠢᠯ ᠲᠠᠢ ᠪᠠᠶᠢᠬᠤ ᠡᠰᠡᠬᠦ︔ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠨᠢ ᠶᠠᠯ᠎ᠠ ᠬᠢᠭᠰᠡᠨ ᠰᠡᠵᠢᠭᠯᠡᠯᠲᠡᠢ ᠡᠰᠡᠬᠦ ᠪᠠ ᠬᠠᠤᠯᠢ ᠴᠠᠭᠠᠵᠠ ᠶᠢᠨ ᠪᠠᠶᠢᠭᠤᠯᠭ᠎ᠠ ᠳᠤ ᠰᠢᠯᠵᠢᠭᠦᠯᠦᠨ ᠬᠦᠷᠭᠡᠬᠦ ᠴᠢᠬᠤᠯᠠᠲᠠᠢ ᠡᠰᠡᠬᠦ ᠵᠡᠷᠭᠡ ᠠᠭᠤᠯᠭ᠎ᠠ ᠪᠠᠭᠳᠠᠨ᠎ᠠ᠃      4. ᠬᠢᠨᠠᠨ ᠬᠠᠷᠭᠤᠭᠤᠯᠬᠤ ᠬᠠᠷᠢᠭᠤᠴᠠᠯᠭ᠎ᠠ ᠶᠢ ᠲᠤᠳᠤᠷᠬᠠᠶᠢᠯᠠᠨ᠎ᠠ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠶᠢᠨ ᠭᠤᠤᠯ ᠬᠠᠷᠢᠭᠤᠴᠠᠯᠭᠠᠲᠠᠨ ᠪᠣᠯ ᠲᠤᠰ ᠪᠠᠶᠢᠭᠤᠯᠭ᠎ᠠ ᠶᠢᠨ ᠬᠠᠤᠯᠢ ᠬᠡᠷᠡᠭᠵᠢᠭᠦᠯᠬᠦ ᠴᠢᠬᠤᠯᠠ ᠶᠡᠭᠡ ᠲᠣᠭᠲᠠᠭᠠᠯ ᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠳᠦᠷᠢᠮ ᠢ ᠨᠠᠶᠢᠳᠠᠪᠤᠷᠢᠵᠢᠭᠤᠯᠬᠤ ᠨᠢᠭᠡᠳᠦᠭᠡᠷ ᠬᠠᠷᠢᠭᠤᠴᠠᠯᠭᠠᠲᠠᠨ᠂ ᠲᠤᠰ ᠪᠠᠶᠢᠭᠤᠯᠭ᠎ᠠ ᠶᠢᠨ ᠭᠠᠷᠭᠠᠭᠰᠠᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠣᠭᠲᠠᠭᠠᠯ ᠳᠤ ᠬᠠᠷᠢᠭᠤᠴᠠᠨ᠎ᠠ᠃      ︵1︶ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠴᠤᠪᠤᠷᠠᠯ ᠵᠢᠷᠤᠭ ᠢ ᠲᠣᠭᠲᠠᠭᠠᠵᠤ᠂ ᠬᠢᠨᠠᠭᠤᠯᠬᠤ ᠮᠠᠲ᠋ᠧᠷᠢᠶᠠᠯ ᠤᠨ ᠲᠤᠬᠠᠢ ᠮᠡᠳᠡᠭᠦᠯᠦᠨ ᠬᠦᠷᠭᠡᠬᠦ ᠱᠠᠭᠠᠷᠳᠠᠯᠭ᠎ᠠ ᠪᠣᠯᠤᠨ ᠬᠢᠨᠠᠨ ᠬᠠᠷᠭᠤᠭᠤᠯᠬᠤ ᠠᠷᠭ᠎ᠠ ᠬᠡᠮᠵᠢᠶ᠎ᠡ᠂ ᠴᠠᠭ ᠬᠤᠭᠤᠴᠠᠭ᠎ᠠ᠂ ᠬᠠᠷᠢᠭᠤᠴᠠᠯᠭ᠎ᠠ ᠶᠢ ᠲᠣᠳᠣᠷᠬᠠᠶᠢᠯᠠᠨ᠂ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠪᠠᠢᠭᠤᠯᠤᠮᠵᠢ ᠬᠢᠭᠡᠳ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠶᠢ ᠲᠠᠭᠠᠭᠠᠴᠢᠯᠠᠨ ᠭᠦᠢᠴᠡᠳᠬᠡᠬᠦ ᠪᠠᠢᠭᠤᠯᠤᠮᠵᠢ ᠶᠢᠨ ᠬᠢᠨᠠᠨ ᠬᠠᠷᠭᠤᠭᠤᠯᠤᠭᠰᠠᠨ ᠰᠠᠨᠠᠯ ᠤᠳ ᠨᠢ ᠨᠢᠬᠡᠳᠦᠯ ᠦᠬᠡᠢ ᠪᠤᠯᠬᠤ ᠦᠶᠡᠰ ᠤᠨ ᠵᠣᠬᠢᠴᠠᠭᠤᠯᠬᠤ ᠲᠣᠭᠲᠠᠴᠠ ᠶᠢ ᠪᠠᠶᠢᠭᠤᠯᠵᠦ ᠪᠦᠷᠢᠨᠰᠢᠬᠦᠯᠦᠨ᠎ᠠ᠃      ︵2︶ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠶᠢ ᠲᠠᠭᠠᠭᠠᠴᠢᠯᠠᠨ ᠭᠦᠢᠴᠡᠳᠬᠡᠬᠦ ᠪᠠᠶᠢᠭᠤᠯᠤᠮᠵᠢ ᠨᠢ ᠬᠢᠨᠠᠭᠤᠯᠬᠤ ᠮᠠᠲ᠋ᠧᠷᠢᠶᠠᠯ ᠤᠨ ᠦᠨᠡᠨ ᠪᠣᠳᠠᠲᠤ ᠴᠢᠨᠠᠷ᠂ ᠣᠨᠣᠪᠴᠢᠲᠤ ᠴᠢᠨᠠᠷ᠂ ᠪᠦᠷᠢᠨ ᠪᠦᠲᠦᠨ ᠴᠢᠨᠠᠷ ᠵᠢᠴᠢ ᠬᠠᠤᠯᠢ ᠬᠡᠷᠡᠭᠵᠢᠬᠦᠯᠦᠯᠳᠡ ᠶᠢᠨ ᠪᠣᠳᠠᠲᠤ ᠶᠠᠪᠤᠳᠠᠯ᠂ ᠭᠡᠷᠡᠴᠢ ᠪᠠᠷᠢᠮᠲᠠ᠂ ᠬᠠᠤᠯᠢ ᠴᠠᠭᠠᠵᠠ ᠶᠢ ᠲᠤᠬᠢᠷᠠᠭᠤᠯᠤᠨ ᠬᠡᠷᠡᠭᠯᠡᠬᠦ᠂ ᠲᠡᠰ ᠲᠠᠷᠠᠭᠠᠯᠠᠯ ᠤᠨ ᠬᠠᠤᠯᠢ ᠶᠣᠰᠣᠴᠢ ᠴᠢᠨᠠᠷ ᠲᠤ ᠬᠠᠷᠢᠭᠤᠴᠠᠨ᠎ᠠ᠃ ᠬᠠᠤᠯᠢ ᠳᠦᠷᠢᠮ ᠢᠶᠠᠷ ᠬᠢᠨᠠᠨ ᠬᠠᠷᠭᠤᠭᠤᠯᠬᠤ ᠪᠠᠢᠭᠤᠯᠤᠮᠵᠢ ᠨᠢ ᠬᠠᠤᠯᠢ ᠬᠡᠷᠡᠭᠵᠢᠭᠦᠯᠬᠦ ᠴᠢᠬᠤᠯᠠ ᠶᠡᠭᠡ ᠲᠣᠭᠲᠠᠭᠠᠯ ᠢ ᠬᠠᠤᠯᠢ ᠳᠦᠷᠢᠮ ᠢᠶᠠᠷ ᠬᠢᠨᠠᠨ ᠬᠠᠷᠭᠤᠭᠤᠯᠤᠭᠰᠠᠨ ᠰᠠᠨᠠᠯ ᠳᠤ ᠬᠠᠷᠢᠭᠤᠴᠠᠨ᠎ᠠ᠃ ᠲᠠᠭᠠᠭᠠᠴᠢᠯᠠᠨ ᠭᠦᠢᠴᠡᠳᠬᠡᠭᠴᠢ᠂ ᠬᠠᠤᠯᠢ ᠳᠦᠷᠢᠮ ᠢᠶᠠᠷ ᠬᠢᠨᠠᠨ ᠬᠠᠷᠭᠤᠭᠤᠯᠤᠭᠴᠢ ᠪᠠ ᠬᠢᠨᠠᠨ ᠵᠥᠪᠰᠢᠶᠡᠷᠡᠬᠦ ᠬᠠᠷᠢᠭᠤᠴᠠᠯᠭᠠᠳᠠᠳ ᠲᠤᠰᠢᠶᠠᠯ ᠤᠨ ᠡᠷᠬᠡ ᠪᠠᠨ ᠲᠤᠷ᠎ᠠ ᠪᠠᠷ ᠬᠡᠷᠡᠭᠯᠡᠵᠦ᠂ ᠡᠭᠦᠷᠬᠡ ᠲᠤᠰᠢᠶᠠᠯ ᠳᠤ ᠪᠠᠨ ᠠᠯᠮᠠᠶᠢᠷᠠᠨ ᠤᠰᠤᠯᠳᠠᠵᠦ᠂ ᠬᠤᠪᠢ ᠶᠢᠨ ᠨᠠᠶᠢᠷ ᠲᠠᠯ᠎ᠠ ᠬᠠᠷᠠᠵᠦ ᠬᠠᠤᠯᠢ ᠶᠤᠰᠤ ᠶᠢ ᠵᠦᠷᠢᠴᠡᠬᠡᠳ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠣᠭᠲᠠᠭᠠᠯ ᠳᠤ ᠠᠯᠳᠠᠰᠢ ᠪᠤᠷᠤᠭᠤ ᠭᠠᠷᠭᠠᠨᠨᠰᠠᠨ ᠪᠠᠶᠢᠪᠠᠯ᠂ ᠰᠠᠬᠢᠯᠭ᠎ᠠ ᠪᠠᠲᠤ ᠬᠠᠤᠯᠢ ᠴᠠᠭᠠᠵᠠ ᠶᠣᠰᠣᠭᠠᠷ ᠬᠠᠮᠢᠶ᠎ᠠ ᠪᠦᠬᠦᠢ ᠠᠵᠢᠯᠳᠠᠳ ᠠᠴᠠ ᠬᠠᠷᠢᠭᠤᠴᠠᠯᠭ᠎ᠠ ᠨᠡᠬᠡᠮᠵᠢᠯᠡᠬᠦ ᠬᠡᠷᠡᠭᠳᠡᠢ᠃     ᠭᠤᠷᠪᠠ᠂ ᠬᠡᠷᠡᠭᠵᠢᠭᠦᠯᠬᠦ ᠠᠯᠬᠤᠮ ᠳᠠᠷᠠᠭ᠎ᠠ      ︵ᠨᠢᠭᠡ︶ ᠲᠣᠬᠢᠷᠠᠭᠤᠯᠤᠨ ᠪᠠᠶᠢᠷᠢᠯᠠᠭᠤᠯᠬᠤ ᠱᠠᠲᠤ ᠦᠶ᠎ᠡ      1. ᠲᠥᠰᠦᠯ ᠲᠤᠨᠨᠳᠠᠭᠠᠨ᠎ᠠ᠃ ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠪᠠ ᠥᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠤᠳ ᠲᠤᠰ ᠬᠡᠷᠡᠭᠵᠢᠭᠦᠯᠬᠦ ᠲᠥᠰᠦᠯ ᠤᠨ ᠱᠠᠭᠠᠷᠳᠠᠯᠭ᠎ᠠ ᠶᠣᠰᠣᠭᠠᠷ᠂ ᠲᠤᠰ ᠭᠠᠵᠠᠷ ᠣᠷᠣᠨ ᠲᠤᠰ ᠰᠠᠯᠠᠭ᠎ᠠ ᠮᠥᠴᠢᠷ ᠤᠨ ᠪᠣᠳᠠᠲᠠᠶ ᠠᠵᠢᠯ ᠤᠨ ᠲᠥᠰᠦᠯ ᠢᠶᠠᠨ ᠰᠤᠳᠤᠯᠤᠨ ᠲᠣᠭᠲᠠᠭᠠᠵᠤ᠂ 2019 ᠣᠨ ᠤ 5 ᠳ᠋ᠤᠭᠠᠷ ᠰᠠᠷ᠎ᠠ ᠶᠢᠨ 1 ᠤ ᠡᠳᠦᠷ ᠠᠴᠠ ᠡᠮᠦᠨ᠎ᠡ ᠥᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ ᠶᠢᠨ ᠲᠢᠩᠬᠢᠮ ᠳᠤ ᠮᠡᠳᠡᠭᠦᠯᠦᠨ ᠳᠠᠩᠰᠠᠯᠠᠭᠤᠯᠬᠤ ᠬᠡᠷᠡᠭᠲᠡᠶ᠃      2. ︽ᠭᠤᠷᠪᠠᠨ ᠵᠦᠢᠯ ᠤᠨ ᠳᠦᠷᠢᠮ︾ ᠤᠨ ᠪᠣᠯᠪᠠᠰᠤᠷᠠᠭᠤᠯᠤᠯ ᠢ ᠱᠠᠲᠤ ᠬᠤᠪᠢᠶᠠᠨ ᠵᠣᠬᠢᠶᠠᠨ ᠪᠠᠶᠢᠭᠤᠯᠤᠨ᠎ᠠ᠃ ᠥᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ ᠶᠢᠨ ᠲᠢᠩᠬᠢᠮ ᠨᠢ ᠥᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠤᠨ ᠬᠢᠨ ᠳᠤ ᠪᠣᠯᠪᠠᠰᠤᠷᠠᠭᠤᠯᠤᠯ ᠬᠢᠬᠦ ᠶᠢ ᠵᠤᠬᠢᠶᠠᠨ ᠪᠠᠶᠢᠭᠤᠯᠵᠦ᠂ ᠡᠯ᠎ᠡ ᠠᠢᠮᠠᠭ ᠬᠤᠲᠠ᠂ ᠬᠤᠰᠢᠭᠤ ᠰᠢᠶᠠᠨ ︵ᠬᠤᠲᠠ᠂ ᠲᠣᠭᠤᠷᠢᠭ︶ ᠤ ᠬᠠᠤᠯᠢ ᠴᠠᠭᠠᠵᠠ ᠶᠢᠨ ᠲᠣᠪᠴᠢᠶ᠎ᠠ ᠨᠢ ᠲᠤᠰ ᠵᠠᠰᠠᠭ ᠵᠠᠬᠢᠷᠭᠠᠨ ᠤ ᠣᠷᠣᠨ ᠳᠠᠬᠢ ᠬᠠᠤᠯᠢ ᠬᠡᠷᠡᠭᠵᠢᠭᠦᠯᠬᠦ ᠠᠵᠢᠯᠲᠠᠨ ᠳᠤ ᠪᠣᠯᠪᠠᠰᠤᠷᠠᠭᠤᠯᠤᠯ ᠬᠢᠬᠦ ᠶᠢ ᠵᠣᠬᠢᠶᠠᠨ ᠪᠠᠢᠭᠤᠯᠤᠨ᠎ᠠ᠃      ︵ᠬᠤᠶᠠᠷ︶ ᠲᠦᠷᠢᠮ ᠢ ᠲᠣᠭᠲᠠᠭᠠᠬᠤ ᠪᠠ ᠲᠡᠭᠦᠨ ᠳᠤ ᠵᠠᠰᠠᠪᠤᠷᠢ ᠣᠷᠣᠭᠤᠯᠬᠤ ᠱᠠᠲᠤ ᠦᠶ᠎ᠡ      1. ᠥᠪᠡᠷᠲᠡᠭᠡᠨ ᠵᠠᠰᠠᠬᠤ ᠣᠷᠣᠨ ᠤ ᠲᠤᠰ ᠱᠠᠳᠤᠨ ᠳᠤ ᠤᠷᠢᠳ ᠢᠶᠠᠷ ᠬᠡᠷᠡᠭᠵᠢᠬᠦᠯᠵᠦ᠂ ᠠᠶᠢᠮᠠᠭ ᠬᠤᠳᠠ᠂ ᠬᠤᠰᠢᠭᠤ ᠰᠢᠶᠠᠨ ︵ᠬᠤᠳᠠ᠂ ᠲᠣᠭᠤᠷᠢᠭ︶ ᠨᠢ ᠲᠠᠭᠠᠨ ᠬᠡᠷᠡᠭᠵᠢᠬᠦᠯᠦᠨ᠎ᠠ᠃ ᠥᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠤᠳ 2019 ᠣᠨ ᠤ 5 ᠳ᠋ᠤᠭᠠᠷ ᠰᠠᠷ᠎ᠠ ᠶᠢᠨ ᠰᠡᠭᠦᠯᠴᠢ ᠠᠴᠠ ᠡᠮᠦᠨ᠎ᠡ ᠡᠯ᠎ᠡ ᠵᠦᠢᠯ ᠤᠨ ᠳᠦᠷᠢᠮ᠂ ᠨᠠᠷᠢᠨ ᠬᠠᠭᠤᠳᠠᠰᠤ᠂ ᠦᠢᠯᠡᠴᠢᠯᠡᠬᠡᠨ ᠤ ᠵᠦᠭᠯᠡᠭᠦᠷ᠂ ᠴᠤᠪᠤᠷᠠᠯ ᠵᠢᠷᠤᠭ ᠵᠡᠷᠭᠡ ᠶᠢ ᠲᠤᠨᠨᠳᠠᠭᠠᠬᠤ ᠪᠤᠶᠤ ᠵᠠᠰᠠᠪᠤᠷᠢ ᠤᠷᠤᠭᠤᠯᠬᠤ ᠪᠠᠷ ᠲᠤᠰ ᠲᠥᠰᠦᠯ ᠳᠤ ᠱᠠᠭᠠᠷᠳ᠋ᠬᠠᠰᠠᠨ ᠬᠠᠮᠢᠶ᠎ᠠ ᠪᠦᠬᠦᠢ ᠠᠵᠢᠯ ᠢ ᠪᠡᠶᠡᠯᠡᠬᠦᠯᠵᠦ᠂ ᠠᠶᠢᠮᠠᠭ ᠬᠤᠲᠠ᠂ ᠬᠤᠰᠢᠭᠤ ᠰᠢᠶᠠᠨ ︵ᠬᠤᠲᠠ᠂ ᠲᠣᠭᠤᠷᠢᠭ︶ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠤᠳ 2019 ᠣᠨ ᠤ 6 ᠳ᠋ᠤᠭᠠᠷ ᠰᠠᠷ᠎ᠠ ᠶᠢᠨ ᠰᠡᠭᠦᠯᠴᠢ ᠠᠴᠠ ᠡᠮᠦᠨ᠎ᠡ ᠪᠡᠶᠡᠯᠡᠬᠦᠯᠬᠦ ᠬᠡᠷᠡᠭᠳᠡᠢ᠃ ᠥᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠨᠢ ᠲᠤᠰ ᠰᠢᠰᠲ᠋ᠧᠮ ᠤᠨ ᠠᠶᠢᠮᠠᠭ ᠬᠤᠳᠠ᠂ ᠬᠤᠰᠢᠭᠤ ᠰᠢᠶᠠᠨ ︵ᠬᠤᠳᠠ᠂ ᠲᠣᠭᠤᠷᠢᠭ︶ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠤᠨ ᠳᠦᠷᠢᠮ ᠤᠨ ᠪᠠᠶᠢᠭᠤᠯᠤᠯᠳᠠ ᠶᠢ ᠵᠢᠯᠤᠭᠤᠳᠤᠨ᠎ᠠ᠃      2. ᠰᠢᠰᠲ᠋ᠧᠮ ᠢ ᠵᠤᠯᠭᠠᠭᠤᠯᠬᠤ ᠠᠵᠢᠯ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ 2019 ᠣᠨ ᠤ 7 ᠳ᠋ᠤᠭᠠᠷ ᠰᠠᠷ᠎ᠠ ᠶᠢᠨ ᠰᠡᠭᠦᠯᠴᠢ ᠠᠴᠠ ᠡᠮᠦᠨ᠎ᠡ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠦᠯᠳᠡ ᠳᠤ ᠬᠢᠨᠠᠯᠲᠠ ᠲᠠᠯᠪᠢᠬᠤ ᠲᠠᠪᠴᠠᠩ ᠯᠤᠭ᠎ᠠ ᠵᠠᠯᠭᠠᠯᠳᠤᠭᠤᠯᠬᠤ ᠠᠵᠢᠯ ᠢ ᠪᠡᠶᠡᠯᠡᠭᠦᠯᠵᠦ᠂ ᠬᠠᠮᠢᠶ᠎ᠠ ᠪᠦᠬᠦᠢ ᠳᠦᠷᠢᠮ ᠤᠨ ᠤᠷᠤᠭᠰᠢᠲᠠᠶ ᠬᠡᠷᠡᠭᠵᠢᠭᠦᠯᠦᠭᠳᠡᠬᠦ ᠶᠢ ᠦᠨᠡᠨ ᠬᠦ ᠪᠠᠳᠤᠯᠠᠬᠤ ᠬᠡᠷᠡᠭᠳᠡᠢ᠃     ︵ᠭᠤᠷᠪᠠ︶ ᠪᠥᠬᠦ ᠲᠠᠯ᠎ᠠ ᠪᠠᠷ ᠬᠡᠷᠡᠭᠵᠢᠭᠦᠯᠬᠦ ᠱᠠᠲᠤ ᠦᠶ᠎ᠡ      1. ᠵᠢᠷᠤᠮᠵᠢᠭᠤᠯᠤᠨ ᠬᠡᠷᠡᠭᠵᠢᠭᠦᠯᠦᠨ᠎ᠡ᠃ ᠡᠯ᠎ᠡ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠨᠢ ᠠᠵᠢᠯ ᠢ ᠨᠠᠶᠢᠳᠠᠪᠤᠷᠢᠵᠢᠭᠤᠯᠬᠤ ᠪᠠᠨ ᠴᠢᠩᠭ᠎ᠠ ᠠᠳᠬᠤᠵᠤ᠂ 2019 ᠣᠨ ᠤ 8 ᠳ᠋ᠤᠭᠠᠷ ᠰᠠᠷ᠎ᠠ ᠠᠴᠠ ᠡᠬᠢᠯᠡᠨ ᠰᠢᠨ᠎ᠡ ᠪᠠᠷ ᠵᠠᠰᠠᠪᠤᠷᠢ ᠣᠷᠣᠭᠤᠯᠵᠤ ᠲᠡᠭᠦᠯᠳᠡᠷᠵᠢᠭᠦᠯᠦᠭᠰᠡᠨ ᠬᠠᠮᠢᠶ᠎ᠠ ᠪᠦᠬᠦᠢ ᠳᠦᠷᠢᠮ ᠪᠠ ᠠᠵᠢᠯ ᠤᠨ ᠴᠤᠪᠤᠷᠠᠯ ᠶᠣᠰᠣᠭᠠᠷ᠂ ︽ᠭᠤᠷᠪᠠᠨ ᠵᠦᠢᠯ ᠤᠨ ᠳᠦᠷᠢᠮ︾ ᠢ ᠪᠥᠬᠦ ᠲᠠᠯ᠎ᠠ ᠪᠠᠷ ᠴᠢᠩᠳᠠ ᠵᠢᠷᠤᠮᠵᠢᠭᠤᠯᠤᠨ ᠬᠡᠷᠡᠭᠵᠢᠭᠦᠯᠬᠦ ᠬᠡᠷᠡᠭᠲᠡᠶ᠃      2. ᠬᠢᠨᠠᠯᠲᠠ ᠲᠠᠯᠪᠢᠵᠤ ᠪᠠᠶᠢᠴᠠᠭᠠᠨ᠎ᠠ᠃ ᠡᠯ᠎ᠡ ᠱᠠᠲᠤᠨ ᠤ ᠵᠠᠰᠠᠭ ᠤᠨ ᠣᠷᠳᠣᠨ ᠨᠢ ︽ᠭᠤᠷᠪᠠᠨ ᠵᠦᠢᠯ ᠤᠨ ᠳᠦᠷᠢᠮ︾ ᠢ ᠠᠬᠢᠭᠤᠯᠤᠭᠰᠠᠨ ᠪᠠᠶᠢᠳᠠᠯ ᠢᠶᠠᠨ ᠬᠠᠤᠯᠢ ᠪᠠᠷ ᠵᠠᠰᠠᠬᠤ ᠵᠠᠰᠠᠭ ᠤᠨ ᠣᠷᠳᠣᠨ ᠤ ᠪᠠᠶᠢᠭᠤᠯᠤᠯᠳᠠ ᠶᠢ ᠰᠢᠯᠭᠠᠨ ᠦᠨᠡᠯᠡᠬᠦ ᠭᠦᠢᠴᠡᠳᠬᠡᠯ ᠲᠤᠭᠠᠨ ᠤ ᠰᠢᠰᠲ᠋ᠧᠮᠵᠢ ᠪᠠ ᠵᠢᠯ ᠤᠨ ᠰᠡᠭᠦᠯᠴᠢ ᠶᠢᠨ ᠬᠦᠴᠦᠨ ᠴᠢᠳᠠᠪᠤᠷᠢ ᠶᠢᠨ ᠬᠠᠷᠠᠯᠲᠠ ᠶᠢ ᠰᠢᠯᠭᠠᠨ ᠬᠢᠨᠠᠬᠤ ᠰᠢᠰᠲ᠋ᠧᠮᠵᠢ ᠳᠤ ᠣᠷᠣᠭᠤᠯᠤᠨ᠂ ︽ᠭᠤᠷᠪᠠᠨ ᠵᠦᠢᠯ ᠤᠨ ᠳᠦᠷᠢᠮ︾ ᠤᠨ ᠲᠤᠰᠬᠠᠢ ᠵᠦᠢᠯ ᠤᠨ ᠬᠢᠨᠠᠨ ᠪᠠᠶᠢᠴᠠᠭᠠᠯᠳᠠ ᠶᠢ ᠲᠤᠬᠢᠷᠬᠠᠰᠠᠨ ᠴᠠᠭ ᠲᠤ ᠵᠣᠬᠢᠶᠠᠨ ᠪᠠᠶᠢᠭᠤᠯᠵᠦ᠂ ᠮᠡᠳᠡᠬᠡᠯᠡᠨ ᠨᠡᠪᠲᠡᠷᠡᠭᠦᠯᠬᠦ ᠲᠣᠭᠲᠠᠴᠠ ᠶᠢ ᠪᠠᠶᠢᠭᠤᠯᠬᠤ ᠬᠡᠷᠡᠭᠳᠡᠢ᠃      ︵ᠳᠥᠷᠪᠡ︶ ᠳ᠋ᠦᠩᠨᠡᠯᠳᠡ ᠬᠢᠵᠦ ᠰᠢᠯᠭᠠᠨ ᠬᠤᠷᠢᠶᠠᠬᠤ ᠱᠠᠲᠤ ᠦᠶ᠎ᠡ      1. ᠳ᠋ᠦᠩᠨᠡᠯᠳᠡ ᠬᠢᠵᠦ ᠮᠡᠳᠡᠬᠦᠯᠬᠦ ᠱᠠᠲᠤ ᠦᠶ᠎ᠡ᠃ ᠡᠯ᠎ᠡ ᠠᠶᠢᠮᠠᠭ ᠤᠨ ᠵᠠᠬᠢᠷᠭ᠎ᠠ᠂ ᠬᠤᠳᠠ ᠶᠢᠨ ᠠᠷᠠᠳ ᠤᠨ ᠵᠠᠰᠠᠭ ᠤᠨ ᠣᠷᠳᠣᠨ ᠪᠣᠯᠤᠨ ᠥᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠨᠢ ︽ᠭᠤᠷᠪᠠᠨ ᠵᠦᠢᠯ ᠤᠨ ᠳᠦᠷᠢᠮ︾ ᠢ ᠶᠠᠪᠤᠨᠨᠳᠠᠭᠤᠯᠤᠨᠨᠰᠠᠨ ᠠᠵᠢᠯ ᠤᠨ ᠪᠠᠶᠢᠳᠠᠯ ᠢ ᠪᠠᠨ ᠦᠪᠡᠷ ᠢᠶᠠᠨ ᠪᠠᠶᠢᠴᠠᠭᠠᠯᠳᠠ ᠬᠢᠬᠦ ᠶᠢ ᠵᠤᠬᠢᠶᠠᠨ ᠪᠠᠶᠢᠭᠤᠯᠵᠦ᠂ 2019 ᠣᠨ ᠤ 11 ᠳ᠋ᠦ᠋ᠬᠡᠷ ᠰᠠᠷ᠎ᠠ ᠶᠢᠨ ᠰᠡᠭᠦᠯᠴᠢ ᠠᠴᠠ ᠡᠮᠦᠨ᠎ᠡ ︽ᠭᠤᠷᠪᠠᠨ ᠵᠦᠢᠯ ᠤᠨ ᠳᠦᠷᠢᠮ︾ ᠤᠨ ᠠᠵᠢᠯ ᠤᠨ ᠳ᠋ᠦᠩᠨᠡᠯᠲᠡ ᠪᠠᠨ ᠥᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ ᠶᠢᠨ ᠲᠢᠩᠬᠢᠮ ᠳᠤ ᠮᠡᠳᠡᠭᠦᠯᠦᠨ ᠬᠦᠷᠭᠡᠬᠦ ᠬᠡᠷᠡᠭᠲᠡᠢ᠃      2. ᠵᠤᠬᠢᠶᠠᠨ ᠪᠠᠶᠢᠭᠤᠯᠵᠦ ᠰᠢᠯᠭᠠᠨ ᠬᠤᠷᠢᠶᠠᠵᠦ ᠠᠪᠬᠤ ᠱᠠᠳᠤ ᠦᠶ᠎ᠡ᠃ 2019 ᠣᠨ ᠤ 12 ᠳ᠋ᠤᠭᠠᠷ ᠰᠠᠷ᠎ᠠ ᠶᠢᠨ ᠡᠬᠢ ᠪᠠᠷ ᠥᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ ᠶᠢᠨ ᠲᠢᠩᠬᠢᠮ ᠨᠢ ᠪᠥᠬᠦ ᠣᠷᠣᠨ ᠤ ︽ᠭᠤᠷᠪᠠᠨ ᠵᠦᠢᠯ ᠤᠨ ᠳᠦᠷᠢᠮ︾ ᠢ ᠶᠠᠪᠤᠨᠨᠳᠠᠭᠤᠯᠤᠨᠨᠰᠠᠨ ᠠᠵᠢᠯ ᠳᠤ ᠰᠢᠯᠭᠠᠨ ᠬᠤᠷᠢᠶᠠᠵᠦ ᠠᠪᠬᠤ ᠶᠢ ᠵᠤᠬᠢᠶᠠᠨ ᠪᠠᠶᠢᠭᠤᠯᠵᠦ᠂ ᠠᠵᠢᠯ ᠤᠨ ᠮᠡᠳᠡᠭᠦᠯᠦᠯᠲᠡ ᠪᠤᠯᠭᠠᠵᠦ ᠬᠠᠤᠯᠢ ᠴᠠᠭᠠᠵᠠ ᠶᠢᠨ ᠶᠠᠮᠤᠨ ᠪᠠ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠳᠤ ᠱᠠᠭᠠᠷᠳᠠᠯᠭ᠎ᠠ ᠶᠣᠰᠣᠭᠠᠷ ᠮᠡᠳᠡᠭᠦᠯᠦᠨ ᠭᠦᠷᠬᠡᠬᠦ ᠬᠡᠷᠡᠭᠳᠡᠢ᠃     ᠳᠥᠷᠪᠡ᠂ ᠵᠣᠬᠢᠶᠠᠨ ᠪᠠᠶᠢᠭᠤᠯᠤᠯᠳᠠ ᠶᠢᠨ ᠪᠠᠳᠤᠯᠠᠭ᠎ᠠ      ︵ᠨᠢᠭᠡ︶ ᠵᠣᠬᠢᠶᠠᠨ ᠪᠠᠶᠢᠭᠤᠯᠵᠦ ᠤᠳᠤᠷᠢᠳᠬᠤ ᠪᠠᠨ ᠴᠢᠩᠭᠠᠳᠬᠠᠨ᠎ᠠ᠃ ᠡᠯ᠎ᠡ ᠱᠠᠲᠤᠨ ᠤ ᠠᠷᠠᠳ ᠤᠨ ᠵᠠᠰᠠᠭ ᠤᠨ ᠣᠷᠳᠣᠨ ᠵᠢᠴᠢ ᠲᠡᠭᠦᠨ ᠤ ᠰᠠᠯᠠᠭ᠎ᠠ ᠮᠥᠴᠢᠷ ᠤᠨ ᠭᠤᠣᠯ ᠬᠠᠷᠢᠭᠤᠴᠠᠯᠭᠠᠲᠠᠨ ᠪᠣᠯ ᠲᠤᠰ ᠭᠠᠵᠠᠷ ᠣᠷᠣᠨ᠂ ᠲᠤᠰ ᠰᠠᠯᠠᠭ᠎ᠠ ᠮᠥᠴᠢᠷ ᠤᠨ ︽ᠭᠤᠷᠪᠠᠨ ᠵᠦᠢᠯ ᠤᠨ ᠳᠦᠷᠢᠮ︾ ᠢ ᠪᠦᠬᠦ ᠲᠠᠯ᠎ᠠ ᠪᠠᠷ ᠶᠠᠪᠤᠨᠨᠳᠠᠭᠤᠯᠬᠤ ᠠᠵᠢᠯ ᠤᠨ ᠨᠢᠭᠡᠳᠦᠭᠡᠷ ᠬᠠᠷᠢᠭᠤᠴᠠᠯᠭᠠᠲᠠᠨ ᠪᠣᠯᠤᠨ᠎ᠠ᠃ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ ᠨᠢ ᠵᠤᠬᠢᠶᠠᠨ ᠪᠠᠶᠢᠭᠤᠯᠵᠦ ᠤᠳᠤᠷᠢᠳᠬᠤ ᠪᠠᠨ ᠴᠢᠩᠭᠠᠳᠬᠠᠵᠤ᠂ ︽ᠭᠤᠷᠪᠠᠨ ᠵᠦᠢᠯ ᠤᠨ ᠳᠦᠷᠢᠮ︾ ᠤᠨ ᠬᠡᠷᠡᠭᠵᠢᠬᠦᠯᠬᠦ ᠠᠵᠢᠯ ᠢ ᠯᠠᠪᠳᠠᠭᠤᠨ ᠪᠠᠲᠤᠲᠠᠢ ᠠᠬᠢᠭᠤᠯᠬᠤ ᠬᠡᠷᠡᠭᠳᠡᠢ᠃ ᠬᠤᠰᠢᠭᠤ ᠰᠢᠶᠠᠨ ᠤ ᠱᠠᠲᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠨᠢ ᠬᠠᠤᠯᠢ ᠴᠠᠭᠠᠵᠠ ᠵᠠᠰᠠᠭ ᠵᠠᠬᠢᠷᠭ᠎ᠠ᠂ ᠣᠷᠣᠨ ᠲᠤᠭᠠᠨ ᠤ ᠬᠠᠮᠢᠶᠠᠷᠤᠯᠳᠠ᠂ ᠠᠯᠪᠠᠲᠠᠨ ᠤ ᠬᠠᠮᠢᠶᠠᠷᠤᠯᠳᠠ᠂ ᠮᠡᠳᠡᠭᠡ ᠵᠠᠩᠭᠢ ᠶᠢ ᠢᠯᠠ ᠪᠣᠯᠭᠠᠬᠤ᠂ ᠡᠯᠧᠺᠲᠷᠤᠨ ᠵᠠᠰᠠᠭ ᠤᠨ ᠶᠠᠪᠤᠳᠠᠯ᠂ ᠬᠥᠭᠵᠢᠭᠦᠯᠦᠯᠲᠡ ᠪᠠ ᠥᠭᠡᠷᠡᠴᠢᠯᠡᠯᠲᠡ᠂ ᠡᠳ᠋ ᠤᠨ ᠵᠠᠰᠠᠭ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠵᠡᠷᠭᠡ ᠨᠢᠬᠡᠴᠢ ᠶᠢᠨ ᠣᠷᠣᠯᠴᠠᠭᠰᠠᠨ ︽ᠭᠤᠷᠪᠠᠨ ᠵᠦᠢᠯ ᠤᠨ ᠳᠦᠷᠢᠮ︾ ᠢ ᠪᠦᠭᠦ ᠲᠠᠯ᠎ᠠ ᠪᠠᠷ ᠶᠠᠪᠤᠨᠨᠳᠠᠭᠤᠯᠬᠤ ᠠᠵᠢᠯ ᠤᠨ ᠵᠣᠬᠢᠴᠠᠭᠤᠯᠬᠤ ᠲᠣᠭᠲᠠᠴᠠ ᠶᠢ ᠪᠠᠶᠢᠭᠤᠯᠬᠤ ᠬᠡᠷᠡᠭᠳᠡᠢ᠃ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠨᠢ ᠲᠤᠰ ᠰᠢᠰᠲ᠋ᠧᠮ ᠤᠨ ᠬᠢ ︽ᠭᠤᠷᠪᠠᠨ ᠵᠦᠢᠯ ᠤᠨ ᠳᠦᠷᠢᠮ︾ ᠢ ᠪᠥᠬᠦ ᠲᠠᠯ᠎ᠠ ᠪᠠᠷ ᠶᠠᠪᠤᠨᠨᠳᠠᠭᠤᠯᠬᠤ ᠠᠵᠢᠯ ᠳᠠᠬᠢ ᠵᠢᠯᠣᠭᠤᠳᠤᠯᠭ᠎ᠠ ᠪᠠᠨ ᠴᠢᠩᠭᠠᠳᠬᠠᠵᠤ᠂ ᠳᠣᠣᠷᠠᠳᠤ ᠱᠠᠲᠤᠨ ᠤ ᠰᠠᠯᠠᠭ᠎ᠠ ᠮᠥᠴᠢᠷ ᠤᠳ ᠢ ᠰᠢᠮᠳᠠᠭᠤᠯᠵᠤ ᠪᠠᠢᠭᠠᠳ ︽ᠭᠤᠷᠪᠠᠨ ᠵᠦᠢᠯ ᠤᠨ ᠳᠦᠷᠢᠮ︾ ᠢ ᠴᠢᠩᠭ᠎ᠠ ᠵᠢᠷᠤᠮᠵᠢᠭᠤᠯᠤᠨ ᠬᠡᠷᠡᠭᠵᠢᠬᠦᠯᠬᠦ ᠬᠡᠷᠡᠭᠳᠡᠢ᠃      ︵ᠬᠤᠶᠠᠷ︶ ᠵᠠᠷᠤᠳᠠᠯ ᠤᠨ ᠤᠷᠤᠭᠤᠯᠤᠯᠳᠠ ᠪᠠᠨ ᠪᠠᠲᠤᠯᠠᠨ᠎ᠠ᠃ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ ᠨᠢ ᠬᠠᠷᠢᠭᠤᠴᠠᠯᠭ᠎ᠠ ᠪᠠᠷ ᠲᠣᠳᠣᠷᠬᠠᠢ᠂ ᠬᠠᠮᠢᠶᠠᠷᠤᠯᠲᠠ ᠨᠢ ᠵᠢᠷᠤᠮᠵᠢᠭᠰᠠᠨ᠂ ᠣᠷᠣᠭᠤᠯᠤᠯᠲᠠ ᠨᠢ ᠲᠣᠭᠲᠠᠪᠤᠷᠢᠲᠠᠢ ᠪᠤᠯᠬᠤ ᠬᠠᠤᠯᠢ ᠬᠡᠷᠡᠭᠵᠢᠭᠦᠯᠬᠦ ᠪᠠᠲᠤᠯᠠᠭ᠎ᠠ ᠶᠢᠨ ᠲᠣᠭᠲᠠᠴᠠ ᠶᠢ ᠪᠠᠶᠢᠭᠤᠯᠵᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠭ᠎ᠠ ᠶᠢᠨ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠳᠤ ᠬᠡᠷᠡᠭᠰᠡᠬᠦ ᠬᠠᠤᠯᠢ ᠬᠡᠷᠡᠭᠵᠢᠭᠦᠯᠬᠦ ᠲᠣᠨᠣᠭᠯᠠᠯ᠂ ᠵᠠᠷᠤᠳᠠᠯ ᠢ ᠪᠠᠳᠤᠯᠠᠬᠤ ᠬᠡᠷᠡᠭᠳᠡᠢ᠃      ︵ᠭᠤᠷᠪᠠ︶ ᠤᠬᠠᠭᠤᠯᠵᠤ ᠬᠥᠲᠥᠯᠥᠨ ᠵᠢᠯᠣᠭᠤᠳᠬᠤ ᠶᠢ ᠰᠠᠶᠢᠲᠤᠷ ᠠᠳᠬᠤᠨ᠎ᠠ᠃ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ ᠨᠢ ᠰᠣᠨᠢᠨ ᠮᠡᠳᠡᠭᠡᠨ ᠤ ᠵᠠᠭᠤᠴᠢᠯᠠᠭᠤᠷ ᠤᠳ ᠢ ᠢᠳᠡᠪᠬᠢᠲᠡᠢ ᠪᠠᠷ ᠵᠣᠬᠢᠶᠠᠨ ᠪᠠᠶᠢᠭᠤᠯᠵᠦ᠂ ᠤᠯᠠᠨ ᠠᠷᠭ᠎ᠠ ᠮᠠᠶ᠋ᠢᠭ ᠢ ᠬᠡᠷᠡᠭᠯᠡᠵᠦ ᠪᠠᠶᠢᠭᠠᠳ ︽ᠭᠤᠷᠪᠠᠨ ᠵᠦᠢᠯ ᠤᠨ ᠳᠦᠷᠢᠮ︾ ᠢ ᠶᠠᠪᠤᠨᠨᠳᠠᠭᠤᠯᠬᠤ ᠠᠵᠢᠯ ᠳᠤ ᠪᠥᠬᠦ ᠲᠠᠯ᠎ᠠ ᠪᠠᠷ᠂ ᠤᠯᠠᠨ ᠬᠠᠷᠠᠭᠠᠰᠤ ᠠᠴᠠ ᠤᠬᠠᠭᠤᠯᠤᠨ ᠮᠡᠳᠡᠭᠡᠯᠡᠵᠦ᠂ ᠨᠡᠶᠢᠬᠡᠮ ᠤᠨ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠬᠤ ᠬᠡᠷᠡᠭᠳᠡᠢ᠃                                             ︵ᠲᠤᠰ ᠪᠢᠴᠢᠭ ᠮᠠᠲ᠋ᠧᠷᠢᠶᠠᠯ ᠢ ᠢᠯᠡ ᠨᠡᠶᠢᠳᠡᠯᠡᠨ᠎ᠠ︶
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号