7 ᠰᠠᠷ᠎ᠠ ᠶᠢᠨ 26 ᠤ ᠡᠳᠤᠷ᠂ ᠦᠪᠤᠷ ᠮᠤᠩᠭᠤᠯ ᠤᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠠᠴᠠ | ᠵᠢᠯᠤᠭᠤᠳᠴᠤ᠂ ᠢᠨᠲ᠋ᠧᠷ ᠰᠦᠯᠵᠢᠶ᠎ᠠ ᠶᠢᠨ ᠮᠡᠳᠡᠭᠡ ᠵᠠᠩᠭᠢ ᠶᠢᠨ ᠠᠯᠪᠠᠨ ᠭᠡᠷ ᠠᠴᠠ ᠭᠤᠤᠯᠯᠠᠨ ᠡᠷᠬᠢᠯᠡᠭᠰᠡᠨ᠂ | ︽5G ᠶᠢᠨ ᠰᠢᠨ᠎ᠠ ᠴᠠᠭ ᠦᠶ᠎ᠠ ᠵᠠᠭᠤᠴᠢᠯᠠᠭᠤᠷ ᠤᠨ ᠰᠢᠨ᠎ᠠ ᠠᠮᠢ ᠠᠬᠤᠢ︾ 2019 ᠤᠨ ᠤ ᠦᠪᠤᠷ ᠮᠤᠩᠭᠤᠯ | ᠤᠨ ᠦᠪᠡᠷᠳᠡᠭᠡᠨ ᠵᠠᠰᠠᠬᠤ ᠤᠷᠤᠨ ᠤ ᠰᠢᠨ᠎ᠠ ᠵᠠᠭᠤᠴᠢᠯᠠᠭᠤᠷ ᠤᠨ ᠬᠤᠷᠠᠯ ᠭᠦᠭᠡᠬᠤᠳᠠ ᠳᠤ ᠬᠤᠷᠠᠯᠳᠤᠵᠤ᠂ ᠦᠪᠤᠷ | ᠮᠤᠩᠭᠤᠯ ᠤᠨ ᠰᠢᠨ᠎ᠠ ᠵᠠᠭᠤᠴᠢᠯᠠᠭᠤᠷ ᠤᠨ 5G ᠰᠢᠨ᠎ᠠ ᠴᠠᠭ ᠦᠶ᠎ᠠ ᠡᠭᠦᠨ ᠠᠴᠠ ᠵᠢᠩᠬᠢᠨᠢ ᠪᠠᠷ ᠡᠬᠢᠯᠠᠪᠠ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠭᠡᠰᠢᠭᠦᠨ᠂ ᠤᠬᠠᠭᠤᠯᠬᠤ ᠬᠡᠯᠳᠡᠰ ᠤᠨ | ᠲᠠᠷᠤᠭ᠎ᠠ ᠪᠠᠢ ᠢᠤᠢ ᠭᠠᠨᠭ᠌ ᠬᠤᠷᠠᠯ ᠳᠤ ᠤᠷᠤᠯᠴᠠᠪᠠ᠃ ᠬᠤᠷᠠᠯ ᠠᠴᠠ ᠦᠡᠭᠭᠡᠷᠡᠭᠰᠡᠨ ᠨᠢᠭᠡ ᠵᠢᠯ ᠤᠨ ᠮᠠᠨ ᠤ | ᠤᠷᠤᠨ ᠤ ᠰᠢᠨ᠎ᠠ ᠵᠠᠭᠤᠴᠢᠯᠠᠭᠤᠷ ᠤᠨ ᠭᠦᠭᠵᠢᠯᠳᠠ ᠶᠢᠨ ᠲᠦᠢᠮᠤ ᠪᠠᠶᠢᠳᠠᠯ ᠢ ᠡᠷᠬᠢᠴᠡᠭᠦᠯᠤᠨ ᠳ᠋ᠦᠩᠨᠡᠵᠦ᠂ ᠪᠢᠴᠢᠯ | ᠪᠦᠷᠭᠡ ᠳᠠᠩᠰᠠᠯᠠᠭᠰᠠᠨ ᠳᠤᠭ᠎ᠠ 4 ᠲᠠᠬᠢᠨ ᠢᠶᠠᠷ ᠨᠡᠮᠡᠭᠳᠠᠵᠤ᠂ 200 ᠭᠠᠷᠤᠢ ᠲᠦᠮᠨ ᠳᠤ ᠭᠦᠷᠪᠡ︔ 2186 | ᠲᠡᠷᠢᠭᠦᠨ ᠪᠠᠶᠢᠷᠢ ᠶᠢᠨ ᠵᠢᠷᠬᠢᠶ᠎ᠠ ᠶᠢᠨ ᠳᠠᠪᠴᠠᠩ 135 ᠲᠦᠮᠡᠨ ᠬᠤᠪᠢ ᠵᠤᠬᠢᠶᠠᠯ ᠨᠠᠶᠢᠳᠠᠯᠠᠵᠤ᠂ ᠤᠩᠰᠢᠯᠭ᠎ᠠ ᠶᠢᠨ | ᠳᠤᠭ᠎ᠠ 12 ᠳ᠋ᠦᠩᠰᠢᠭᠤᠷ ᠤᠳᠠᠭ᠎ᠠ ᠳᠤ ᠭᠦᠷᠪᠡ︔ 741 ᠲᠡᠷᠢᠭᠦᠨ ᠪᠠᠶᠢᠷᠢ ᠶᠢᠨ ᠲᠡᠷᠢᠭᠦᠨ ᠮᠡᠳᠡᠭᠡ ᠶᠢᠨ | ᠳᠠᠪᠴᠠᠩ ᠳᠡᠭᠡᠷ᠎ᠠ ᠨᠠᠶᠢᠳᠠᠯᠡᠭᠰᠠᠨ ᠮᠡᠳᠡᠭᠡ ᠵᠠᠩᠬᠢ 33.75 ᠲᠦᠮᠡᠨ ᠵᠤᠷᠪᠤᠰ ᠪᠠᠶᠢᠵᠤ᠂ ᠡᠭᠦᠨ ᠳᠤ ᠵᠠᠰᠠᠭ ᠤᠨ | ᠶᠠᠪᠤᠳᠠᠯ ᠤᠨ ᠲᠦᠷᠤᠯ ᠤᠨ ᠳᠠᠪᠴᠠᠩ ᠳᠠᠮᠵᠢᠭᠤᠯᠭ᠎ᠠ ᠶᠢᠨ ᠭᠤᠤᠯ ᠬᠥᠴᠥᠨ ᠪᠤᠯᠵᠤ᠂ ᠠᠮᠢᠳᠤᠷᠠᠯ ᠤᠨ ᠲᠦᠷᠤᠯ ᠤᠨ | ᠬᠤᠰᠢᠭᠤᠴᠢ ᠲᠠᠪᠴᠠᠩ ᠲᠦᠢᠯ ᠤᠨ ᠲᠤᠪᠤᠶᠢᠮ᠎ᠠ ᠪᠠᠶᠢᠨ᠎ᠠ︔ 395 ᠲᠡᠷᠢᠭᠦᠨ ᠪᠠᠶᠢᠷᠢ ᠶᠢᠨ ᠴᠤᠤᠷᠢᠶ᠎ᠠ ᠶᠢᠨ | ᠲᠠᠪᠴᠠᠩ ᠪᠦᠭᠦ ᠵᠢᠯ ᠳᠤ 36466 ᠸᠢᠳᠢᠣ᠋ ᠶᠢᠨ ᠪᠦᠳᠤᠭᠡᠯ ᠨᠠᠶᠢᠳᠠᠯᠠᠵᠤ᠂ ᠰᠢᠨ᠎ᠠ ᠵᠠᠭᠤᠴᠢᠯᠠᠭᠤᠷ ᠤᠨ ᠭᠦᠭᠵᠢᠯᠳᠠ | ᠶᠠᠭ ᠰᠠᠶᠢᠬᠠᠨ ᠢᠳᠠ ᠭᠦᠴᠤᠳᠠᠢ ᠪᠠᠶᠢᠨ᠎ᠠ᠃ ᠬᠤᠷᠠᠯ ᠠᠴᠠ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ︽ᠬᠠᠮᠤᠭ ᠤᠨ ᠨᠦᠯᠤᠭᠡᠯᠡᠭᠦ ᠭᠦᠴᠤᠨ ᠪᠦᠭᠦᠢ ᠵᠠᠰᠠᠭ ᠤᠨ ᠶᠠᠪᠤᠳᠠᠯ ᠤᠨ ᠰᠢᠨ᠎ᠠ ᠵᠠᠭᠤᠴᠢᠯᠠᠭᠤᠷ ᠤᠨ ᠲᠦᠷᠤᠯ | ᠲᠡᠮᠳᠡᠭ︾᠂ ︽ᠬᠠᠮᠤᠭ ᠤᠨ ᠨᠦᠯᠤᠭᠡᠯᠡᠭᠦ ᠭᠦᠴᠤᠨ ᠪᠦᠭᠦᠢ ᠰᠤᠨᠢᠨ ᠮᠡᠳᠡᠭᠡᠨ ᠤ ᠨᠢᠭᠡᠴᠢ ᠶᠢᠨ ᠰᠢᠨ᠎ᠠ | ᠵᠠᠭᠤᠴᠢᠯᠠᠭᠤᠷ ᠤᠨ ᠲᠦᠷᠤᠯ ᠲᠡᠮᠳᠡᠭ︾᠂ ︽ᠬᠠᠮᠤᠭ ᠤᠨ ᠨᠦᠯᠤᠭᠡᠯᠡᠭᠦ ᠭᠦᠴᠤᠨ ᠪᠦᠭᠦᠢ ᠴᠤᠤᠷᠢᠶ᠎ᠠ ᠨᠤᠮᠧᠷ︾ | ᠪᠤᠯᠤᠨ ︽ᠰᠦᠯᠵᠢᠶᠠᠨ ᠠᠨᠳᠠ ᠶᠢᠨ ᠬᠠᠮᠤᠭ ᠲᠠᠭᠠᠰᠢᠶᠠᠳᠠᠭ ᠦᠪᠤᠷ ᠮᠤᠩᠭᠤᠯ ᠤᠨ ᠰᠢᠨ᠎ᠠ ᠵᠠᠭᠤᠴᠢᠯᠠᠭᠤᠷ︾ ᠵᠡᠷᠭᠡ | ᠱᠠᠩᠨᠠᠯ ᠭᠦᠬᠢᠭᠦᠯᠤᠯ ᠢ ᠤᠯᠭᠤᠵᠤ᠂ ᠦᠪᠤᠷ ᠮᠤᠩᠭᠤᠯ ᠤᠨ ᠡᠳᠤᠷ ᠤᠨ ᠰᠤᠨᠢᠨ᠂ ᠪᠤᠭᠤᠳᠤ ᠶᠢᠨ ᠰᠤᠨᠢᠨ | ᠮᠡᠳᠡᠭᠡ ᠶᠢᠨ ᠰᠦᠯᠵᠢᠶ᠎ᠠ᠂ ᠦᠪᠤᠷ ᠮᠤᠩᠭᠤᠯ ᠤᠨ ᠵᠠᠮ ᠤᠨ ᠴᠠᠭᠳᠠᠭ᠎ᠠ ᠵᠡᠷᠭᠡ 70 ᠭᠠᠷᠤᠢ ᠰᠢᠨ᠎ᠠ ᠵᠠᠭᠤᠴᠢᠯᠠᠭᠤᠷ | ᠤᠨ ᠨᠢᠭᠡᠴᠢ ᠢᠷᠠᠭᠤ ᠠᠯᠳᠠᠷ ᠭᠦᠷᠳᠠᠪᠠ᠃ ᠬᠤᠷᠠᠯ ᠠᠴᠠ ᠪᠠᠰᠠ ︽2019 ᠤᠨ ᠤ ᠦᠪᠤᠷ ᠮᠤᠩᠭᠤᠯ ᠤᠨ | ᠦᠪᠡᠷᠳᠡᠭᠡᠨ ᠵᠠᠰᠠᠬᠤ ᠤᠷᠤᠨ ᠤ ᠰᠢᠨ᠎ᠠ ᠵᠠᠭᠤᠴᠢᠯᠠᠭᠤᠷ ᠤᠨ ᠭᠦᠭᠡ ᠭᠠᠳᠠᠷᠳᠤ ᠪᠢᠴᠢᠭ︾ ᠢ ᠨᠠᠶᠢᠳᠠᠯᠠᠪᠠ᠃ | ᠰᠢᠨᠬᠤᠸᠠ ᠰᠦᠯᠵᠢᠶ᠎ᠠ᠂ ᠴᠢᠩᠬᠤᠸᠠ ᠶᠡᠭᠡ ᠰᠤᠷᠭᠠᠭᠤᠯᠢ᠂ ᠲᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠭᠦ | ᠤᠬᠠᠭᠠᠨ ᠤ ᠭᠦᠷᠢᠶᠠᠯᠡᠩ ᠵᠡᠷᠭᠡ ᠠᠴᠠ ᠬᠥᠷᠥᠯᠴᠡᠨ ᠢᠷᠡᠭᠰᠡᠨ ᠰᠢᠨ᠎ᠠ ᠵᠠᠭᠤᠴᠢᠯᠠᠭᠤᠷ ᠤᠨ ᠰᠤᠳᠤᠯᠭᠠᠨ ᠤ ᠠᠵᠢᠯ | ᠬᠢᠵᠤ ᠪᠠᠶᠢᠭ᠎ᠠ ᠲᠤᠰᠬᠠᠢ ᠮᠡᠷᠭᠡᠵᠢᠯᠳᠠᠨ ᠰᠤᠳᠤᠯᠭᠠᠳᠠᠨ ᠠᠮᠢ ᠠᠬᠤᠢ ᠶᠢᠨ ᠢᠨᠲ᠋ᠧᠷ ᠰᠦᠯᠵᠢᠶᠠᠨ ᠤ | ᠪᠠᠶᠢᠭᠤᠯᠤᠯᠳᠠ ᠶᠢᠨ ᠲᠤᠬᠠᠢ ᠲᠤᠰ ᠲᠤᠰ ᠭᠤᠤᠯ ᠵᠤᠷᠢᠯᠳᠠᠳᠤ ᠶᠠᠷᠢᠶ᠎ᠠ ᠢᠯᠡᠳᠭᠡᠯ ᠬᠢᠪᠠ᠃ ᠦᠪᠤᠷ ᠮᠤᠩᠭᠤᠯ ᠤᠨ | ᠰᠢᠨ᠎ᠠ ᠵᠠᠭᠤᠴᠢᠯᠠᠭᠤᠷ 5G ᠶᠢᠨ ᠰᠢᠨ᠎ᠠ ᠴᠠᠭ ᠦᠶ᠎ᠠ ᠳᠤ ᠤᠷᠤᠵᠤ᠂ ᠠᠭᠤᠯᠭ᠎ᠠ ᠬᠢᠭᠡᠳ ᠮᠡᠷᠭᠡᠵᠢᠯ ᠤᠨ ᠪᠦᠷᠢᠨ | ᠤᠶᠠᠯᠳᠤᠯ ᠢ ᠪᠦᠷᠢᠯᠳᠤᠭᠦᠯᠵᠤ᠂ 5G ᠨᠢ ᠠᠭᠤᠯᠭ᠎ᠠ ᠶᠢᠨ ᠢᠯᠡᠷᠡᠯ ᠳᠤ ᠨᠡᠩ ᠰᠢᠨ᠎ᠠ ᠰᠤᠷᠭᠤᠭ ᠪᠠᠶᠠᠯᠢᠭ | ᠬᠡᠯᠪᠡᠷᠢ ᠶᠢ ᠬᠠᠨᠭ᠍ᠭᠠᠵᠤ᠂ ᠴᠢᠨᠠᠷ ᠰᠠᠶᠢᠲᠠᠢ ᠠᠭᠤᠯᠭ᠎ᠠ ᠨᠢ 5G ᠮᠡᠷᠭᠡᠵᠢᠯ ᠳᠤ ᠢᠳᠠ ᠭᠦᠴᠤᠨ ᠤᠷᠤᠭᠤᠯᠬᠤ | ᠪᠤᠯᠤᠨ᠎ᠠ᠃ |