8 ᠰᠠᠷ᠎ᠠ ᠶᠢᠨ 22 ᠤᠨ ᠡᠳᠦᠷ᠂ ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ | ᠤᠯᠠᠷᠢᠯ ᠤᠨ ᠳᠠᠮᠢᠷ ᠤᠨ ᠴᠤᠬᠯᠠᠭᠠᠨ ᠤ ᠭᠠᠯ ᠪᠠᠮᠪᠠᠷ ᠤᠨ ᠳᠠᠮᠵᠢᠭᠤᠯᠭ᠎ᠠ ᠶᠢᠨ ᠬᠦᠬᠡᠬᠤᠳᠠ ᠦᠷᠳᠡᠭᠡ ᠶᠢᠨ | ᠠᠵᠢᠯᠯᠠᠭ᠎ᠠ ᠶᠡᠪᠤᠬᠳᠠᠪᠠ᠃ | ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ ᠳᠠᠮᠢᠷ ᠤᠨ | ᠴᠤᠬᠯᠠᠭᠠᠨ ᠤ ᠭᠠᠯ ᠪᠠᠮᠪᠠᠷ ᠳᠠᠮᠵᠢᠭᠤᠯᠬᠤ ᠠᠵᠢᠯᠯᠠᠭ᠎ᠠ ᠬᠦᠬᠡᠬᠤᠳᠠ ᠶᠢᠨ ᠷᠦ᠋ ᠢ ᠠᠭᠤᠳᠠᠮ ᠳᠠᠯᠠᠪᠠᠢ ᠳᠤ | ᠶᠠᠪᠤᠬᠳᠠᠵᠤ᠂ ᠦᠪᠦᠷ ᠮᠤᠩᠭᠤᠯ ᠤᠨ ᠰᠠᠬᠰᠤᠨ ᠪᠦᠮᠪᠦᠭᠡ ᠶᠢᠨ ᠨᠡᠶᠢᠭᠡᠮᠯᠢᠭ ᠤᠨ ᠲᠡᠷᠢᠭᠦᠯᠡᠭᠴᠢ ᠮᠦᠩᠭᠡᠪᠠᠭᠠᠳᠤᠷ᠂ | ᠦᠪᠡᠷᠳᠡᠭᠡᠨ ᠵᠠᠰᠠᠬᠤ ᠤᠷᠤᠨ ᠤ ᠬᠠᠤᠯᠢ ᠴᠠᠭᠠᠵᠠ ᠶᠢᠨ ᠲᠢᠩᠬᠢᠮ ᠤᠨ ᠨᠠᠮ ᠤᠨ ᠬᠤᠷᠢᠶᠠᠨ ᠤ ᠱᠦᠵᠢ᠂ ᠲᠢᠩᠬᠢᠮ | ᠤᠨ ᠳᠠᠷᠤᠭ᠎ᠠ ᠪᠢᠯᠢᠭᠬᠦᠦ ᠵᠡᠷᠭᠡ 55 ᠨᠡᠶᠢᠭᠡᠮ ᠤᠨ ᠡᠯ᠎ᠡ ᠬᠦᠷᠢᠶᠡᠨ ᠤ ᠲᠦᠯᠦᠭᠡᠯᠡᠭᠴᠢ ᠭᠠᠯ ᠪᠠᠮᠪᠠᠷ ᠢ ᠳᠠᠮᠵᠢᠭᠤᠯᠪᠠ᠃ | ᠭᠠᠯ ᠪᠠᠮᠪᠠᠷ ᠳᠠᠮᠵᠢᠭᠤᠯᠤᠬᠴᠢ ᠪᠦᠷᠢ 100 — 300 ᠮᠧᠲᠷ ᠬᠦᠶᠦᠵᠤ᠂ ᠷᠦ᠋ ᠢ ᠠᠭᠤᠳᠠᠮ ᠳᠠᠯᠠᠪᠠᠢ ᠪᠠᠷ | ᠡᠬᠢᠯᠡᠯᠳᠡ ᠶᠢᠨ ᠴᠡᠭ ᠪᠠ ᠳᠡᠭᠦᠰᠭᠡᠯ ᠤᠨ ᠴᠡᠭ ᠪᠤᠯᠭᠠᠨ 5 ᠺᠢᠯᠣᠮᠧᠲᠷ ᠳᠠᠮᠵᠢᠭᠤᠯᠵᠠᠢ᠃ ᠡᠨᠡ ᠪᠤᠯ ᠬᠢᠩᠭᠠᠨ | ᠠᠶᠢᠮᠠᠭ᠂ ᠠᠯᠠᠱᠠ ᠠᠶᠢᠮᠠᠭ᠂ ᠦᠬᠠᠢ ᠬᠤᠳᠠ᠂ ᠪᠠᠶᠠᠨᠨᠠᠭᠤᠷ ᠬᠤᠳᠠ᠂ ᠤᠷᠳᠤᠰ ᠬᠤᠲᠠ ᠪᠠ ᠪᠤᠭᠤᠳᠤ ᠶᠢᠨ | ᠳᠠᠷᠠᠭᠠᠬᠢ ᠲᠤᠰ ᠬᠤᠭᠤᠴᠠᠭᠠᠨ ᠤ ᠡᠪᠦᠯ ᠤᠨ ᠤᠯᠠᠷᠢᠯ ᠤᠨ ᠳᠠᠮᠢᠷ ᠤᠨ ᠴᠤᠬᠯᠠᠭᠠᠨ ᠤ ᠭᠠᠯ ᠪᠠᠮᠪᠠᠷ ᠢ | ᠳᠠᠮᠵᠢᠭᠤᠯᠬᠤ ᠲᠤᠯᠤᠳᠤᠭᠠᠷ ᠦᠷᠳᠡᠭᠡ ᠪᠤᠯᠤᠨ᠎ᠠ᠃ ᠭᠠᠯ ᠪᠠᠮᠪᠠᠷ ᠳᠠᠮᠵᠢᠭᠤᠯᠬᠤ ᠡᠬᠢᠯᠡᠯᠲᠡ ᠶᠢᠨ ᠴᠡᠭ᠂ ᠳᠡᠭᠦᠰᠭᠡᠯ | ᠤᠨ ᠴᠡᠭ ᠪᠤᠯᠬᠤ ᠷᠦ᠋ ᠢ ᠠᠭᠤᠳᠠᠮ ᠳᠠᠯᠠᠪᠠᠢ ᠳᠤ ᠪᠠᠰᠠ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠠᠵᠢᠯᠯᠠᠭ᠎ᠠ | ᠪᠤᠯᠤᠨ ᠲᠤᠮᠤ ᠬᠡᠯᠪᠡᠷᠢ ᠶᠢᠨ ᠰᠤᠶᠤᠯ ᠪᠡᠶ᠎ᠠ ᠶᠢᠨ ᠳᠠᠮᠢᠷ ᠤᠨ ᠲᠤᠬᠯᠠᠯᠳᠠ ᠭᠠᠷᠭᠠᠵᠤ᠂ ᠬᠤᠳᠠ ᠶᠢᠨ ᠠᠷᠠᠳ ᠤᠨ | ᠠᠩᠬᠠᠷᠤᠯ ᠢ ᠳᠠᠳᠠᠪᠠ᠃ | ᠤᠢᠢᠯᠠᠭᠠᠬᠰᠠᠨ ᠢᠶᠠᠷ᠂ ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ | ᠳᠠᠮᠢᠷ ᠤᠨ ᠴᠤᠬᠯᠠᠭᠠᠨ 2020 ᠣᠨ ᠤ 2 ᠰᠠᠷ᠎ᠠ ᠶᠢᠨ 16 ᠤ ᠡᠳᠦᠷ ᠬᠦᠯᠦᠨ ᠪᠤᠶᠢᠷ ᠬᠤᠳᠠ ᠳᠤ ᠡᠬᠢᠯᠡᠬᠦ | ᠪᠤᠯᠤᠨ᠎ᠠ᠃ ᠡᠨᠡ ᠬᠦ ᠴᠤᠬᠯᠠᠭᠠᠨ ᠨᠢ ᠪᠡᠭᠡᠵᠢᠩ ᠤᠨ ᠡᠪᠦᠯ ᠤᠨ ᠤᠯᠢᠮᠫᠢᠺ ᠤᠨ ᠴᠤᠬᠯᠠᠭᠠᠨ ᠠᠴᠠ ᠡᠮᠦᠨᠡᠬᠢ ᠮᠠᠨ ᠤ | ᠤᠯᠤᠰ ᠤᠨ ᠬᠡᠪᠴᠢᠶ᠎ᠡ ᠪᠠᠷ ᠬᠠᠮᠤᠭ ᠤᠨ ᠶᠡᠭᠡ᠂ ᠬᠢᠷᠢ ᠲᠦᠪᠰᠢᠨ ᠢᠶᠠᠷ ᠬᠠᠮᠤᠭ ᠤᠨ ᠦᠨᠳᠦᠷ ᠡᠪᠦᠯ ᠤᠨ ᠤᠯᠠᠷᠢᠯ | ᠤᠨ ᠳᠠᠮᠢᠷ ᠤᠨ ᠦᠪᠡᠳᠡᠭᠰᠢ ᠴᠤᠬᠯᠠᠭᠠᠨ ᠪᠤᠯᠤᠨ᠎ᠠ᠃ |