9 ᠰᠠᠷ᠎ᠠ ᠶᠢᠨ 16 ᠤ ᠤᠷᠤᠢ ᠠᠷᠪᠠᠨ ᠨᠢᠬᠡᠳᠤᠭᠡᠷ ᠬᠤᠭᠤᠴᠠᠭᠠᠨ ᠤ ᠪᠥᠬᠦ ᠤᠯᠤᠰ ᠤᠨ ᠴᠥᠭᠡᠨ ᠲᠤᠭᠠᠳᠤ | ᠥᠨᠳᠤᠰᠤᠳᠠᠨ ᠤ ᠤᠯᠠᠮᠵᠢᠯᠠᠯᠳᠤ ᠲᠠᠮᠢᠷ ᠤᠨ ᠴᠤᠬᠯᠠᠭᠠᠨ ᠤ ᠲᠠᠬᠦᠰᠬᠦ ᠶᠤᠰᠤᠯᠠᠯ ᠾᠧᠨᠠᠨ ᠮᠤᠵᠢ ᠶᠢᠨ ᠵᠸᠡᠭᠵᠸᠤ | ᠬᠤᠳᠠ ᠶᠢᠨ ᠤᠯᠢᠮᠫᠢᠺ ᠤᠨ ᠪᠠᠶ᠎ᠠ ᠶᠢᠨ ᠲᠠᠮᠢᠷ ᠤᠨ ᠲᠥᠪ ᠲᠤ ᠶᠠᠪᠤᠬᠳᠠᠵᠠᠢ᠃ ᠠᠷᠪᠠᠨ ᠨᠢᠬᠡᠳᠤᠭᠡᠷ ᠬᠤᠭᠤᠴᠠᠭᠠᠨ | ᠤ ᠪᠥᠬᠦ ᠤᠯᠤᠰ ᠤᠨ ᠴᠥᠭᠡᠨ ᠲᠤᠭᠠᠳᠤ ᠥᠨᠳᠤᠰᠤᠳᠠᠨ ᠤ ᠤᠯᠠᠮᠵᠢᠯᠠᠯᠳᠤ ᠲᠠᠮᠢᠷ ᠤᠨ ᠴᠤᠬᠯᠠᠭᠠᠨ ᠳᠤ ᠮᠠᠨ ᠤ | ᠤᠷᠤᠨ ᠤ ᠲᠠᠮᠢᠷᠴᠢᠨ 25 ᠲᠦᠷᠦᠬᠦᠨ ᠱᠠᠩ ᠲᠤᠰᠴᠤ᠂ ᠬᠠᠮᠤᠬ ᠤᠨ ᠤᠯᠠᠨ ᠲᠦᠷᠦᠬᠦᠨ ᠱᠠᠩ ᠲᠤᠰᠤᠬᠰᠠᠨ | ᠲᠥᠯᠥᠭᠡᠯᠡᠭᠴᠢ ᠶᠢᠨ ᠠᠩᠭᠢ ᠪᠤᠯᠵᠠᠢ᠃ | ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠡᠬᠢᠯᠠᠯᠳᠠ ᠶᠢᠨ ᠶᠤᠰᠤᠯᠠᠯ 9 ᠰᠠᠷ᠎ᠠ ᠶᠢᠨ 8 ᠤ ᠡᠳᠤᠷ | ᠾᠧᠨᠠᠨ ᠮᠤᠵᠢ ᠶᠢᠨ ᠵᠸᠡᠭᠵᠸᠤ ᠬᠤᠳᠠ ᠳᠤ ᠶᠠᠪᠤᠬᠳᠠᠵᠤ᠂ ᠤᠷᠤᠯᠳᠤᠭᠠᠨ ᠨᠢ 7 ᠰᠠᠷ᠎ᠠ ᠶᠢᠨ 12 ᠤᠨ ᠡᠳᠤᠷ ᠠᠴᠠ | ᠡᠬᠢᠯᠡᠵᠡᠢ᠃ ᠡᠬᠦᠨ ᠳᠤ 7 ᠰᠠᠷ᠎ᠠ ᠶᠢᠨ 12 — 17 ᠤ ᠡᠳᠤᠷ ᠪᠤᠯᠳᠠᠯ᠎ᠠ ᠲᠤᠰ ᠬᠤᠭᠤᠴᠠᠭᠠᠨ ᠤ ᠲᠠᠮᠢᠷ ᠤᠨ | ᠴᠤᠬᠯᠠᠭᠠᠨ ᠤ ᠮᠤᠷᠢᠨ ᠤᠷᠤᠯᠳᠤᠭᠠᠨ ᠤ ᠲᠥᠷᠥᠯ ᠥᠪᠥᠷ ᠮᠤᠩᠭᠤᠯ ᠤᠨ ᠴᠥᠭᠡᠨ ᠲᠤᠭᠠᠳᠤ ᠥᠨᠳᠤᠰᠤᠳᠠᠨ ᠤ | ᠤᠯᠠᠨ ᠲᠥᠮᠠᠨᠴᠢ ᠰᠤᠶᠤᠯ ᠪᠠᠶ᠎ᠠ ᠶᠢᠨ ᠲᠠᠮᠢᠷ ᠤᠨ ᠬᠥᠳᠡᠯᠭᠡᠭᠡᠨ ᠤ ᠲᠥᠪ ᠲᠤ ᠶᠠᠪᠤᠬᠳᠠᠵᠥ᠂ 9 ᠲᠥᠯᠥᠭᠡᠯᠡᠭᠴᠢ | ᠶᠢᠨ ᠠᠩᠭᠢ ᠶᠢᠨ 305 ᠲᠠᠮᠢᠷᠴᠢᠨ ᠤᠷ᠎ᠠ ᠠᠪᠢᠶᠠᠰ ᠢᠶᠠᠨ ᠭᠠᠶᠢᠬᠠᠭᠤᠯᠵᠤ᠂ ᠮᠠᠨ ᠤ ᠤᠷᠤᠨ ᠤ ᠲᠠᠮᠢᠷᠴᠢᠨ ᠲᠤᠰ | ᠲᠥᠷᠥᠯ ᠤᠨ ᠤᠷᠤᠯᠳᠤᠭᠠᠨ ᠳᠤ 10 ᠲᠦᠷᠦᠬᠦᠨ ᠱᠠᠩ ᠲᠤᠰᠤᠬᠰᠠᠨ ᠪᠠᠶᠢᠨ᠎ᠠ᠃ 9 ᠰᠠᠷ᠎ᠠ ᠶᠢᠨ 8 — 16 | ᠤ ᠡᠳᠤᠷ ᠪᠤᠯᠳᠠᠯ᠎ᠠ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠥᠨᠳᠤᠰᠤᠳᠠᠨ ᠤ ᠪᠥᠬᠡ᠂ ᠬᠤᠯᠬᠤᠪᠴᠢ | ᠨᠤᠮᠤ᠂ ᠲᠠᠬᠦᠵᠢᠩ᠂ ᠵᠢᠳᠬᠦᠯᠭᠡ᠂ ᠲᠡᠪᠡᠭ ᠢᠰᠬᠦᠯᠬᠦ ᠵᠡᠷᠭᠡ 16 ᠲᠥᠷᠥᠯ ᠤᠨ ᠤᠷᠤᠯᠳᠤᠭᠠᠨ ᠤ ᠠᠳᠠᠯᠢ ᠪᠤᠰᠤ | ᠲᠡᠰ ᠤᠨ ᠤᠷᠤᠯᠳᠤᠭᠠᠨ ᠾᠧᠨᠠᠨ ᠮᠤᠵᠢ ᠶᠢᠨ ᠵᠸᠡᠭᠵᠸᠤ ᠬᠤᠳᠠ ᠳᠤ ᠶᠠᠪᠤᠬᠳᠠᠵᠥ᠂ ᠪᠥᠬᠦ ᠤᠯᠤᠰ ᠤᠨ 34 | ᠲᠥᠯᠥᠭᠡᠯᠡᠭᠴᠢ ᠶᠢᠨ ᠠᠩᠭᠢ ᠶᠢᠨ ᠨᠡᠶᠢᠳᠠ 7009 ᠲᠠᠮᠢᠷᠴᠢᠨ ᠬᠥᠴᠥᠨ ᠴᠢᠳᠠᠯ ᠢᠶᠠᠨ ᠰᠢᠪᠬᠠᠨ ᠲᠦᠷᠦᠬᠦᠨ ᠱᠠᠩ | ᠢ ᠥᠷᠢᠰᠥᠯᠳᠤᠵᠠᠢ᠃ ᠡᠳᠡᠭᠡᠷ ᠤᠷᠤᠯᠳᠤᠭᠠᠨ ᠳᠤ ᠮᠠᠨ ᠤ ᠤᠷᠤᠨ ᠤ 224 ᠲᠠᠮᠢᠷᠴᠢᠨ ᠠᠳᠠᠯᠢ ᠪᠤᠰᠤ | ᠤᠷᠤᠯᠳᠤᠭᠠᠨ ᠤ ᠲᠠᠯᠠᠪᠠᠢ ᠳᠤ ᠤᠷ᠎ᠠ ᠮᠡᠷᠭᠡᠰᠢᠯ ᠢᠶᠠᠨ ᠪᠠᠳᠠᠷᠠᠭᠤᠯᠵᠥ᠂ ᠨᠠᠶᠢᠳᠠ 15 ᠲᠦᠷᠦᠬᠦᠨ ᠱᠠᠩ | ᠭᠠᠷᠳᠠᠬᠰᠠᠨ ᠪᠠᠶᠢᠨ᠎ᠠ᠃ ᠡᠳᠡᠭᠡᠷ ᠲᠦᠷᠦᠬᠦᠨ ᠱᠠᠩ ᠳᠤ ᠥᠨᠳᠤᠰᠤᠳᠠᠨ ᠤ ᠪᠥᠬᠡ ᠶᠢᠨ ᠲᠡᠮᠡᠴᠡᠭᠡᠨ ᠳᠤ ᠮᠠᠨ ᠤ | ᠤᠷᠤᠨ ᠤ ᠪᠥᠬᠡᠴᠢᠳ 12 ᠲᠦᠷᠦᠬᠦᠨ ᠱᠠᠩ ᠭᠠᠷᠳᠠᠵᠥ᠂ ᠬᠤᠯᠬᠤᠪᠴᠢ ᠨᠤᠮᠤ ᠶᠢᠨ ᠤᠷᠤᠯᠳᠤᠭᠠᠨ ᠳᠤ 2 | ᠲᠦᠷᠦᠬᠦᠨ ᠱᠠᠩ ᠲᠤᠰᠴᠤ᠂ ᠵᠢᠳᠬᠦᠯᠭᠡ ᠤᠷᠤᠯᠳᠤᠭᠠᠨ ᠳᠤ 1 ᠲᠦᠷᠦᠬᠦᠨ ᠱᠠᠩ ᠢ ᠲᠡᠮᠡᠴᠡᠨ ᠤᠯᠤᠬᠰᠠᠨ | ᠪᠠᠶᠢᠨ᠎ᠠ᠃ | 4 ᠵᠢᠯ ᠤᠨ ᠲᠠᠷᠠᠭ᠎ᠠ ᠠᠷᠪᠠᠨ ᠬᠤᠶᠠᠳᠤᠭᠠᠷ ᠬᠤᠭᠤᠴᠠᠭᠠᠨ ᠤ ᠪᠥᠬᠦ ᠤᠯᠤᠰ ᠤᠨ ᠴᠥᠭᠡᠨ ᠲᠤᠭᠠᠳᠤ | ᠥᠨᠳᠤᠰᠤᠳᠠᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠬᠯᠠᠭᠠᠨ ᠬᠠᠶᠢᠨᠠᠨ ᠮᠤᠵᠢ ᠳᠤ ᠶᠠᠪᠤᠬᠳᠠᠬᠤ ᠪᠤᠯᠤᠨ᠎ᠠ᠃ |