9 ᠰᠠᠷ᠎ᠠ ᠶᠢᠨ 21 ᠤ ᠦᠳᠡ ᠶᠢᠨ ᠬᠤᠶᠢᠨ᠎ᠠ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠭᠰᠠᠨ ᠬᠡᠷ | ᠤᠷᠤᠨ ︽ᠡᠯᠪᠡᠭ ᠬᠤᠷᠢᠶᠡᠯᠳᠡ ᠪᠠᠨ ᠪᠡᠯᠬᠡᠯᠡᠵᠥ ᠡᠬᠡ ᠤᠯᠤᠰ ᠢᠶᠠᠨ ᠮᠠᠬᠳᠠᠨ ᠲᠠᠭᠤᠯᠠᠨ᠎ᠠ︾ — 2019 | ᠲᠤᠮᠳᠠᠳᠤ ᠤᠯᠤᠰ ᠤᠨ ᠲᠠᠷᠢᠶᠠᠴᠢᠳ ᠤᠨ ᠡᠯᠪᠡᠭ ᠬᠤᠷᠢᠶᠡᠯᠳᠡ ᠶᠢᠨ ᠪᠠᠶᠠᠷ ᠢ ᠪᠡᠯᠬᠡᠯᠡᠬᠦ ᠵᠢᠴᠢ ᠬᠤᠶᠠᠳᠤᠭᠠᠷ | ᠬᠤᠭᠤᠴᠠᠭᠠᠨ ᠤ ᠪᠦᠬᠦ ᠤᠷᠤᠨ ᠤ ᠮᠠᠯᠴᠢᠨ ᠲᠠᠷᠢᠶᠠᠴᠢᠳ ᠤᠨ ᠤᠷᠠᠨ ᠰᠠᠶᠢᠬᠠᠨ ᠤ ᠬᠠᠮ ᠲᠤᠭᠯᠠᠯᠳᠠ | ᠬᠦᠬᠡᠬᠤᠳᠠ ᠶᠢᠨ ᠰᠢᠨ᠎ᠡ ᠬᠤᠳᠠ ᠲᠤᠭᠤᠷᠢᠭ ᠤᠨ ᠪᠤᠷᠤᠬᠤᠰᠢᠭᠤ ᠪᠠᠯᠭᠠᠰᠤ ᠶᠢᠨ ᠤᠪᠤᠭ᠎ᠠ ᠲᠤᠰᠬᠤᠨ ᠳᠤ ᠬᠦᠷ | ᠬᠦᠭᠵᠢᠶᠡᠨ ᠲᠠᠢ ᠶᠠᠪᠤᠭᠳᠠᠪᠠ᠃ ᠪᠦᠬᠦ ᠤᠷᠤᠨ ᠤ 12 ᠠᠶᠢᠮᠠᠭ ᠬᠤᠳᠠ ᠠᠴᠠ ᠢᠷᠡᠭᠰᠡᠨ ᠲᠤᠭᠯᠠᠯᠳᠠ ᠶᠢᠨ | ᠪᠦᠯᠬᠦᠮ ᠤᠨ ᠬᠢᠨ ᠭᠤᠴᠤ ᠰᠠᠶᠢᠬᠠᠨ ᠤᠷᠠᠨ ᠰᠠᠶᠢᠬᠠᠨ ᠤ ᠲᠤᠭᠯᠠᠯᠳᠠ ᠪᠠᠷ ᠢᠶᠠᠨ ᠮᠠᠯᠴᠢᠨ ᠲᠠᠷᠢᠶᠠᠴᠢᠳ ᠤᠨ | ᠡᠯᠪᠡᠭ ᠬᠤᠷᠢᠶᠠᠯᠳᠠ ᠪᠠᠨ ᠪᠠᠶᠠᠷᠯᠠᠨ ᠪᠡᠯᠭᠡᠯᠡᠵᠦ ᠪᠠᠶᠢᠭ᠎ᠠ ᠪᠠᠶᠢᠳᠠᠯ ᠢ ᠬᠠᠷᠠᠭᠤᠯᠵᠠᠢ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠳᠡᠰ | ᠤᠨ ᠲᠠᠷᠤᠭ᠎ᠠ ᠪᠠᠢ ᠢᠤᠢ ᠭᠠᠩ᠂ ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠭᠦᠯᠡᠭᠴᠢ ᠯᠢ ᠪᠢᠩ ᠷᠦᠩ ᠬᠠᠮ | ᠲᠤᠭᠯᠠᠯᠳᠠ ᠶᠢ ᠰᠤᠨᠢᠷᠬᠠᠪᠠ᠃ | ᠲᠤᠰ ᠤᠳᠠᠭ᠎ᠠ ᠶᠢᠨ ᠬᠠᠮ ᠲᠤᠬᠯᠠᠯᠳᠠ ᠪᠤᠯ ᠮᠠᠨ ᠤ ᠤᠷᠤᠨ ᠤ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠰᠢᠷᠢᠰ ᠠᠵᠢᠯᠯᠠᠭ᠎ᠠ ᠶᠢᠨ ᠨᠢᠭᠡ ᠪᠠᠶᠢᠵᠤ᠂ ︽ᠠᠷᠢᠬᠢᠨ | ᠳᠠᠭᠤᠤ︾᠂ ︽ᠮᠠᠨ ᠤ ᠲᠤᠰᠬᠤᠨ ᠤ ᠲᠤᠮᠤ ᠬᠤᠪᠢᠷᠠᠯᠳᠠ︾᠂ ︽ᠡᠯᠪᠡᠭ ᠬᠤᠷᠢᠶᠠᠯᠲᠠ ᠶᠢᠨ ᠮᠠᠭᠲᠠᠭᠠᠯ︾᠂ | ︽ᠳᠡᠭᠦᠯᠢᠭᠡᠷᠡᠢ ᠮᠤᠩᠭᠤᠯ ᠮᠤᠷᠢ ᠮᠢᠨᠢ︾ ᠵᠡᠷᠭᠡ 10 ᠭᠠᠷᠤᠢ ᠲᠤᠭᠯᠠᠯᠲᠠ ᠪᠠᠷ ᠬᠦᠷᠦᠯᠴᠡᠨ ᠢᠷᠡᠭᠰᠡᠨ ᠦᠵᠡᠭᠴᠢ | ᠤᠯᠠᠨ ᠤ ᠪᠠᠨ ᠬᠠᠷᠠᠭ᠎ᠠ ᠰᠤᠨᠤᠷ ᠢ ᠪᠠᠶᠠᠰᠬᠠᠯ᠎ᠠ᠃ ᠮᠤᠩᠭᠤᠯ ᠪᠦᠵᠢᠭ᠂ ᠬᠤᠯᠪᠤᠭ᠎ᠠ᠂ ᠡᠯ ᠷᠧᠨ ᠲᠠᠢ ᠵᠦᠴᠦᠭᠡ | ᠵᠡᠷᠭᠡ ᠮᠠᠯᠴᠢᠨ ᠲᠠᠷᠢᠶᠠᠴᠢᠳ ᠤᠨ ᠦᠪᠡᠷᠰᠡᠳ ᠢᠶᠠᠨ ᠨᠠᠶᠢᠷᠠᠭᠤᠯᠤᠨ ᠤᠳᠤᠷᠢᠳᠤᠭᠠᠯᠠᠵᠤ ᠲᠤᠭᠯᠠᠭᠰᠠᠨ ᠤᠷᠠᠨ | ᠰᠠᠶᠢᠬᠠᠨ ᠤ ᠲᠤᠭᠯᠠᠯᠳᠠ ᠨᠢ ᠦᠨᠳᠦᠰᠦᠨ ᠱᠠᠳᠤᠨ ᠤ ᠤᠯᠠᠨ ᠲᠦᠮᠡᠨ ᠤ ᠠᠮᠢᠳᠤᠷᠠᠯ ᠳᠤ ᠰᠠᠭᠤᠷᠢᠯᠠᠨ᠂ ᠰᠢᠨ᠎ᠠ | ᠲᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠲᠤᠷᠰᠢᠬᠢ᠂ ᠤᠨᠴᠠᠭᠠᠢᠢᠯᠠᠨ ᠨᠠᠮ ᠤᠨ ᠠᠷᠪᠠ ᠶᠢᠰᠦᠳᠦᠭᠡᠷ | ᠶᠡᠭᠡ ᠬᠤᠷᠠᠯ ᠠᠴᠠ ᠨᠠᠭᠠᠰᠢᠬᠢ ᠮᠠᠨ ᠤ ᠤᠷᠤᠨ ᠤ ᠮᠠᠯᠵᠢᠬᠤ ᠲᠠᠷᠢᠶᠠᠯᠠᠬᠤ ᠤᠷᠤᠨ ᠤ ᠡᠳᠦᠷ ᠠᠴᠠ ᠡᠳᠦᠷ ᠴᠡᠴᠡᠭᠯᠡᠨ | ᠬᠦᠭᠵᠢᠭᠰᠡᠨ ᠪᠠᠭ᠋ᠠᠳᠤᠮ᠎ᠠ ᠬᠤᠪᠢᠷᠠᠯᠳᠠ᠂ ᠵᠢᠷᠭᠠᠯᠲᠤ ᠠᠮᠢᠳᠤᠷᠠᠯ ᠵᠢᠴᠢ ᠮᠠᠯᠴᠢᠨ ᠲᠠᠷᠢᠶᠠᠴᠢᠳ ᠤᠨ ᠤᠷᠮ᠎ᠠ ᠵᠤᠷᠢᠭ | ᠪᠠᠳᠠᠷᠠᠩᠭᠤᠢ ᠪᠠᠷ ᠴᠢᠨᠡᠭᠡᠯᠢᠭ ᠨᠡᠶᠢᠭᠡᠮ ᠲᠡᠶᠢᠰᠢ ᠲᠡᠮᠡᠦᠯᠵᠦ ᠪᠠᠶᠢᠭ᠎ᠠ ᠪᠠᠶᠢᠳᠠᠯ ᠢ ᠪᠦᠬᠦ ᠲᠠᠯ᠎ᠠ ᠪᠠᠷ ᠬᠠᠷᠠᠭᠤᠯᠵᠠᠢ᠃ |