9 ᠰᠠᠷ᠎ᠠ ᠶᠢᠨ 20 ᠤ ᠡᠳᠦᠷ᠂ 6 ᠵᠢᠯ ᠭᠠᠷᠤᠶ ᠶᠢᠨ ᠪᠦᠲᠦᠭᠡᠨ ᠪᠠᠶᠢᠭᠤᠯᠤᠯᠲᠠ ᠪᠠᠷ ᠳᠠᠮᠵᠢᠨ᠂ ᠤᠯᠤᠰ ᠤᠨ | ᠵᠠᠮ 110 ᠱᠤᠭᠤᠮ ᠤᠨ ᠦᠬᠠᠶ ᠶᠢᠨ ᠬᠠᠳᠤᠨ ᠭᠤᠤᠯ ᠤᠨ ᠣᠨᠴᠠ ᠶᠡᠭᠡ ᠬᠥᠭᠦᠷᠭᠡ ᠵᠢᠩᠬᠢᠨᠢ ᠪᠠᠷ ᠪᠠᠷᠢᠯᠭ᠎ᠠ | ᠳᠠᠭᠤᠰᠴᠤ ᠲᠡᠷᠭᠡ ᠨᠡᠪᠲᠡᠷᠡᠪᠡ᠃ | ᠤᠯᠤᠰ ᠤᠨ ᠵᠠᠮ 110 ᠱᠤᠭᠤᠮ ᠤᠨ ᠦᠬᠠᠶ ᠶᠢᠨ ᠬᠠᠳᠤᠨ ᠭᠤᠤᠯ ᠤᠨ ᠣᠨᠴᠠ ᠶᠡᠭᠡ ᠬᠥᠭᠦᠷᠭᠡ ᠪᠣᠯ | ᠥᠪᠡᠷᠲᠡᠭᠡᠨ ᠵᠠᠰᠠᠬᠤ ᠣᠷᠣᠨ ᠵᠢᠴᠢ ᠦᠬᠠᠶ ᠬᠤᠲᠠ ᠶᠢᠨ ᠭᠤᠤᠯᠳᠠᠯᠭ᠎ᠠ ᠲᠠᠢ ᠵᠠᠮ ᠬᠠᠷᠢᠯᠴᠠᠭᠠᠨ ᠤ ᠲᠥᠷᠥᠯ ᠵᠦᠢᠯ | ᠮᠦᠨ᠂ ᠦᠬᠠᠶ ᠬᠤᠲᠠ ᠶᠢᠨ ︽ᠬᠠᠳᠤᠨ ᠭᠤᠤᠯ ᠤᠨ ᠬᠤᠶᠠᠷ ᠡᠷᠭᠢ ᠭᠤᠷᠪᠠᠨ ᠲᠣᠭᠤᠷᠢᠭ︾ ᠢ ᠬᠤᠯᠪᠣᠭᠰᠠᠨ | ᠭᠤᠤᠯ ᠬᠤᠯᠪᠣᠭᠠᠰᠤ ᠪᠣᠯᠬᠤ ᠪᠠᠷ ᠪᠠᠷᠠᠬᠤ ᠥᠬᠡᠶ᠂ ︽ᠨᠢᠭᠡ ᠮᠥᠴᠡ ᠶᠢᠨ ᠠᠮᠢᠳᠤᠷᠠᠯ ᠤᠨ ᠬᠦᠷᠢᠶ᠎ᠡ᠂ ᠬᠠᠭᠠᠰ | ᠴᠠᠭ ᠤᠨ ᠠᠵᠤ ᠠᠬᠤᠢ ᠶᠢᠨ ᠬᠦᠷᠢᠶ᠎ᠡ᠂ ᠨᠢᠭᠡ ᠴᠠᠭ ᠤᠨ ᠬᠤᠲᠠ ᠶᠢᠨ ᠬᠦᠷᠢᠶ᠎ᠡ︾ ᠶᠢ ᠴᠣᠭᠴᠠᠯᠠᠬᠤ | ᠵᠠᠩᠭᠢᠯᠠᠭ᠎ᠠ ᠶᠢᠨ ᠭᠤᠭᠴᠤᠭ᠎ᠠ ᠪᠣᠯᠬᠤ ᠪᠥᠭᠡᠳ ᠪᠠᠰᠠ ᠥᠪᠡᠷᠲᠡᠭᠡᠨ ᠵᠠᠰᠠᠬᠤ ᠣᠷᠣᠨ ᠤ ᠳᠤᠮᠳᠠ ᠪᠠᠷᠠᠭᠤᠨ ᠬᠡᠰᠡᠭ ᠢ | ᠬᠤᠯᠪᠣᠭᠰᠠᠨ ᠵᠠᠮ ᠬᠠᠷᠢᠯᠴᠠᠭᠠᠨ ᠤ ᠲᠣᠮᠣ ᠰᠤᠳᠠᠰᠤ ᠪᠣᠯᠤᠨ᠎ᠠ᠃ ᠶᠡᠭᠡ ᠬᠥᠭᠦᠷᠭᠡ ᠶᠢᠨ ᠶᠡᠷᠦᠩᠬᠡᠶ ᠪᠡᠯᠡ | ᠣᠷᠣᠭᠤᠯᠤᠯᠲᠠ 10.8 ᠳ᠋ᠦᠩᠰᠢᠭᠤᠷ ᠲᠥᠭᠦᠷᠢᠭ ᠲᠤ ᠬᠦᠷᠴᠦ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠳᠡᠭᠡᠳᠦ ᠲᠡᠰ ᠤᠨ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢᠨ ᠨᠡᠭᠡᠭᠡᠨ ᠬᠥᠭᠵᠢᠭᠦᠯᠬᠦ ᠬᠢᠵᠠᠭᠠᠷᠲᠤ | ᠬᠠᠷᠢᠭᠤᠴᠠᠯᠭᠠᠲᠤ ᠺᠣᠮᠫᠠᠨᠢ ᠠᠴᠠ ᠪᠡᠯᠡ ᠣᠷᠣᠭᠤᠯᠵᠤ ᠪᠦᠲᠦᠭᠡᠨ ᠪᠠᠶᠢᠭᠤᠯᠪᠠ᠃ ᠶᠡᠭᠡ ᠬᠥᠭᠦᠷᠭᠡ ᠨᠢ ᠵᠡᠭᠦᠨ ᠠᠴᠠ | ᠦᠬᠠᠶ ᠬᠤᠲᠠ ᠶᠢᠨ ᠬᠥᠳᠡᠯᠮᠦᠷᠢ ᠪᠠᠷ ᠵᠠᠰᠠᠨ ᠬᠥᠮᠦᠵᠢᠭᠦᠯᠬᠦ ᠭᠠᠵᠠᠷ ᠤᠨ ᠡᠮᠦᠨ᠎ᠡ ᠠᠴᠠ ᠡᠬᠢᠯᠡᠨ᠂ ᠪᠠᠷᠠᠭᠤᠨᠰᠢ | ᠬᠠᠳᠤᠨ ᠭᠤᠤᠯ ᠢ ᠭᠠᠲᠤᠯᠵᠤ᠂ ᠤᠳᠠ ᠲᠣᠭᠤᠷᠢᠭ ᠤᠨ ᠪᠠᠶᠠᠨᠰᠠᠶᠢᠨ ᠵᠡᠭᠡᠯᠢ ᠶᠢᠨ ᠵᠡᠭᠦᠨ ᠡᠮᠦᠨ᠎ᠡ ᠠᠭᠤᠯᠵᠠᠭᠤᠷ ᠲᠤ | ᠬᠦᠷᠦᠨ᠎ᠡ᠃ ᠪᠥᠬᠦ ᠱᠤᠭᠤᠮ ᠳᠤ ᠬᠤᠤᠰ ᠴᠢᠭᠯᠡᠯ ᠤᠨ 6 ᠲᠡᠷᠭᠡᠨ ᠵᠠᠮ ᠤᠨ ᠨᠢᠭᠡᠳᠦᠭᠡᠷ ᠲᠡᠰ ᠤᠨ ᠵᠠᠰᠠᠮᠠᠯ ᠵᠠᠮ ᠤᠨ | ᠪᠠᠷᠢᠮᠵᠢᠶ᠎ᠠ ᠶᠢ ᠬᠡᠷᠡᠭᠯᠡᠵᠦ᠂ ᠪᠠᠷᠢᠯᠭ᠎ᠠ ᠶᠢᠨ ᠱᠤᠭᠤᠮ ᠤᠨ ᠪᠥᠬᠦ ᠤᠷᠲᠤ ᠨᠢ 3354 ᠮᠧᠲᠷ ᠲᠤ ᠬᠦᠷᠴᠦ᠂ | ᠡᠭᠦᠨ ᠳᠤ ᠬᠥᠭᠦᠷᠭᠡ ᠶᠢᠨ ᠤᠷᠲᠤ ᠨᠢ 1130 ᠮᠧᠲᠷ᠂ ᠭᠤᠤᠯ ᠬᠥᠭᠦᠷᠭᠡ ᠶᠢᠨ ᠥᠷᠭᠡᠨ ᠨᠢ 33.5 ᠮᠧᠲᠷ | ᠪᠠᠶᠢᠵᠤ᠂ ᠵᠢᠷᠤᠵᠤ ᠲᠥᠯᠥᠪᠯᠡᠭᠰᠡᠨ ᠬᠤᠷᠳᠤᠴᠠ ᠶᠢᠨ ᠬᠡᠮᠵᠢᠶ᠎ᠡ ᠨᠢ 80 ᠺᠢᠯᠣᠮᠧᠲᠷ / ᠴᠠᠭ ᠪᠣᠯᠤᠨ᠎ᠠ᠃ | ᠲᠣᠰ ᠶᠡᠭᠡ ᠬᠥᠭᠦᠷᠭᠡ ᠪᠠᠷᠢᠯᠭ᠎ᠠ ᠳᠠᠭᠤᠰᠤᠨ ᠲᠡᠷᠭᠡ ᠨᠡᠪᠲᠡᠷᠡᠭᠰᠡᠨ ᠨᠢ G6 ᠳᠡᠭᠡᠳᠦ ᠬᠤᠷᠳᠤ ᠶᠢᠨ ᠵᠠᠰᠠᠮᠠᠯ | ᠵᠠᠮ ᠬᠢᠭᠡᠳ ᠦᠬᠠᠢ ᠠᠴᠠ ᠤᠰᠤᠲᠠᠢ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ ᠬᠤᠭᠤᠷᠣᠨᠳᠣ ᠬᠠᠳᠤᠨ | ᠭᠤᠤᠯ ᠢ ᠰᠤᠨᠳᠠᠯᠠᠭᠰᠠᠨ ᠪᠠᠰᠠ ᠨᠢᠭᠡᠨ ᠨᠡᠪᠲᠡᠷᠡᠬᠦ ᠵᠠᠮ ᠲᠠᠢ ᠪᠣᠯᠵᠤ᠂ ᠣᠷᠳᠣᠰ ᠬᠤᠲᠠ᠂ ᠪᠠᠶᠠᠨᠨᠠᠭᠤᠷ ᠬᠤᠲᠠ᠂ | ᠦᠬᠠᠶ ᠬᠤᠲᠠ᠂ ᠠᠯᠠᠱᠠ ᠠᠶᠢᠮᠠᠭ ᠪᠣᠯᠤᠨ ᠨᠢᠩᠰᠢᠶᠠ ᠶᠢᠨ ᠬᠤᠲᠣᠩ ᠥᠨᠳᠥᠰᠥᠲᠡᠨ ᠤ ᠣᠷᠣᠨ ᠢ ᠳᠥᠲᠡ ᠪᠠᠷ | ᠬᠤᠯᠪᠣᠭᠰᠠᠨ ᠪᠠᠶᠢᠨ᠎ᠠ᠃ |