ᠥᠪᠥᠷ ᠮᠣᠩᠭᠤᠯ ᠤᠨ ᠨᠡᠭᠦᠷᠡᠰᠦᠨ ᠠᠭᠤᠷᠬᠠᠢ ᠶᠢᠨ ᠠᠮᠤᠷ ᠲᠥᠪᠰᠢᠨ ᠢ ᠬᠢᠨᠠᠨ ᠪᠠᠶᠢᠴᠠᠭᠠᠬᠤ ᠲᠣᠪᠴᠢᠶ᠎ᠠ | ᠮᠡᠳᠡᠭᠡ ᠨᠡᠶᠢᠲᠡᠯᠡᠵᠦ᠂ 2019 ᠣᠨ ᠳᠤ ᠥᠪᠡᠷᠲᠡᠭᠡᠨ ᠵᠠᠰᠠᠬᠤ ᠣᠷᠣᠨ ᠤ ᠨᠡᠭᠦᠷᠡᠰᠦᠨ ᠤ ᠭᠠᠷᠤᠯᠲᠠ 10 | ᠳ᠋ᠦᠩᠰᠢᠭᠤᠷ ᠲᠣᠨ ᠪᠣᠯᠵᠤ᠂ ᠨᠡᠭᠦᠷᠡᠰᠦᠨ ᠠᠭᠤᠷᠬᠠᠶ ᠶᠢᠨ ᠦᠢᠯᠡᠳᠪᠦᠷᠢᠯᠡᠯ ᠤᠨ ᠠᠮᠤᠷ ᠲᠦᠪᠰᠢᠨ ᠤ ᠡᠩ ᠤᠨ | ᠠᠳᠡᠯ ᠨᠡᠶᠢᠲᠡ 8 ᠤᠳᠠᠭ᠎ᠠ ᠡᠭᠦᠰᠴᠦ᠂ 9 ᠬᠥᠮᠦᠨ ᠠᠳᠡᠨ᠂ ᠵᠠᠭᠤᠨ ᠲᠦᠮᠡᠨ ᠲᠣᠨ ᠤ ᠠᠳᠡᠭᠳᠡᠯ ᠤᠨ ᠨᠤᠷᠮ᠎ᠠ | ᠨᠢ 0.009 ᠪᠣᠯᠵᠤ᠂ ᠤᠯᠤᠰ ᠪᠠᠶᠢᠭᠤᠯᠤᠭᠳᠠᠭᠰᠠᠨ ᠠᠴᠠ ᠨᠠᠭᠠᠰᠢ ᠨᠡᠭᠦᠷᠡᠰᠦᠨ ᠠᠭᠤᠷᠬᠠᠢ ᠶᠢᠨ ᠠᠶᠤᠯ ᠦᠭᠡᠢ | ᠦᠢᠯᠡᠳᠪᠦᠷᠢᠯᠡᠯ ᠤᠨ ᠲᠡᠤᠬᠡ ᠶᠢᠨ ᠬᠠᠮᠤᠭ ᠤᠨ ᠰᠠᠶᠢᠨ ᠬᠢᠷᠢ ᠲᠥᠪᠰᠢᠨ ᠳᠤ ᠬᠦᠷᠪᠡ᠃ | ᠨᠡᠭᠦᠷᠡᠰᠦᠨ ᠭᠠᠷᠤᠯᠲᠠ ᠶᠢᠨ ᠲᠣᠮᠣ ᠣᠷᠣᠨ ᠪᠣᠯᠤᠭᠰᠠᠨ ᠤ ᠬᠤᠪᠢ ᠳᠤ᠂ ᠮᠠᠨ ᠤ ᠣᠷᠣᠨ ᠤ 12 ᠠᠶᠢᠮᠠᠭ | ᠬᠤᠲᠠ ᠶᠢᠨ 11 ᠠᠶᠢᠮᠠᠭ ᠬᠤᠲᠠ ᠳᠤ ᠨᠢ ᠨᠡᠭᠦᠷᠡᠰᠦᠨ ᠠᠭᠤᠷᠬᠠᠶ ᠲᠠᠢ ᠪᠠᠶᠢᠵᠤ᠂ ᠣᠳᠤ ᠪᠠᠶᠢᠭ᠎ᠠ ᠨᠡᠭᠦᠷᠡᠰᠦᠨ | ᠠᠭᠤᠷᠬᠠᠶ ᠨᠢ 523᠂ ᠬᠢᠨᠠᠨ ᠲᠣᠭᠲᠠᠭᠠᠭᠰᠠᠨ ᠦᠢᠯᠡᠳᠪᠦᠷᠢᠯᠡᠯ ᠤᠨ ᠴᠢᠳᠠᠪᠤᠷᠢ ᠨᠢ 12.8 ᠳ᠋ᠦᠩᠰᠢᠭᠤᠷ ᠲᠣᠨ | ᠳᠤ ᠬᠦᠷᠴᠦ ᠪᠠᠶᠢᠨ᠎ᠠ᠃ 2019 ᠣᠨ ᠳᠤ᠂ ᠡᠯ᠎ᠡ ᠱᠠᠲᠤᠨ ᠤ ᠨᠡᠭᠦᠷᠡᠰᠦᠨ ᠠᠭᠤᠷᠬᠠᠢ ᠶᠢᠨ ᠠᠮᠤᠷ ᠲᠥᠪᠰᠢᠨ ᠢ | ᠬᠢᠨᠠᠨ ᠪᠠᠶᠢᠴᠠᠭᠠᠬᠤ ᠰᠠᠯᠠᠭ᠎ᠠ ᠮᠥᠴᠢᠷ ᠰᠡᠳᠬᠢᠯ ᠢᠶᠠᠨ ᠨᠢᠭᠡᠳᠬᠡᠨ ᠬᠦᠴᠦ ᠪᠠᠨ ᠬᠠᠮᠲᠤᠳᠬᠠᠵᠤ ᠥᠨᠡᠨ ᠪᠣᠳᠠᠲᠠᠢ | ᠠᠳᠬᠤᠵᠤ᠂ ︽ᠬᠥᠭᠵᠢᠭᠦᠯᠬᠦ ᠳᠤ ᠪᠠᠨ ᠶᠠᠭᠠᠬᠢᠭᠰᠠᠨ ᠴᠤ ᠠᠮᠤᠷ ᠲᠦᠪᠰᠢᠨ ᠢ ᠦᠷᠡᠭᠳᠡᠭᠦᠯᠬᠦ ᠪᠠᠷ ᠦᠨ᠎ᠡ | ᠲᠥᠯᠥᠪᠦᠷᠢ ᠪᠣᠯᠭᠠᠵᠦ ᠪᠣᠯᠬᠤ ᠥᠬᠡᠶ︾ ᠤᠯᠠᠭᠠᠨ ᠱᠤᠭᠤᠮ ᠤᠨ ᠤᠬᠠᠮᠰᠠᠷ ᠢ ᠪᠠᠲᠤ ᠪᠣᠶ ᠪᠣᠯᠭᠠᠵᠤ᠂ ᠠᠶᠤᠯ ᠥᠬᠡᠶ | ᠦᠢᠯᠡᠳᠪᠦᠷᠢᠯᠡᠯ ᠢ ᠦᠨᠡᠨ ᠬᠦ ᠬᠠᠯᠳᠠᠵᠤ ᠪᠣᠯᠤᠰᠢ ᠥᠬᠡᠶ᠂ ᠳᠠᠪᠠᠵᠤ ᠪᠣᠯᠤᠰᠢ ᠥᠬᠡᠶ ᠴᠠᠭᠠᠵᠠ ᠱᠤᠭᠤᠮ ᠪᠣᠯᠭᠠᠪᠠ᠃ | ᠡᠭᠦᠨ ᠤ ᠬᠠᠮᠲᠤ᠂ ᠨᠡᠭᠦᠷᠡᠰᠦᠨ ᠠᠭᠤᠷᠬᠠᠶ ᠶᠢᠨ ᠮᠠᠰᠢᠨᠴᠢᠯᠠᠯᠲᠠ᠂ ᠪᠠᠷᠢᠮᠵᠢᠶᠠᠵᠢᠭᠤᠯᠤᠯᠲᠠ ᠪᠠ ᠠᠦ᠋ᠲ᠋ᠣᠴᠢᠯᠠᠯᠲᠠ᠂ | ᠮᠡᠳᠡᠭᠡ ᠵᠠᠩᠬᠢᠴᠢᠯᠠᠯᠲᠠ ᠶᠢᠨ ᠬᠢᠷᠢ ᠲᠦᠪᠰᠢᠨ ᠢ ᠲᠦᠷᠭᠡᠳᠬᠡᠨ ᠳᠡᠭᠡᠭᠰᠢᠯᠡᠭᠦᠯᠵᠦ᠂ ᠪᠥᠬᠦ ᠣᠷᠣᠨ ᠤ ᠲᠣᠮᠣ | ᠬᠡᠯᠪᠡᠷᠢ ᠶᠢᠨ ᠵᠠᠳᠠᠭᠠᠶ ᠨᠡᠭᠦᠷᠡᠰᠦᠨ ᠠᠭᠤᠷᠬᠠᠶ ᠶᠢ ᠬᠥᠲᠥᠯᠦᠨ ᠵᠢᠯᠣᠭᠤᠳᠴᠤ ᠪᠠᠶᠢᠭᠠᠳ 5G ᠮᠡᠷᠭᠡᠵᠢᠯ ᠢ | ᠤᠷᠢᠳᠠᠪᠠᠷ ᠬᠡᠷᠡᠭᠯᠡᠨ ᠤᠷᠢᠳᠠᠪᠠᠷ ᠲᠤᠷᠰᠢᠵᠤ᠂ ᠬᠤᠳᠳᠤᠭ ᠤᠨ ᠠᠭᠤᠷᠬᠠᠶ ᠳᠤ 5 ᠶᠢ ᠤᠶᠤᠨᠴᠢᠯᠠᠭᠰᠠᠨ ᠮᠠᠰᠢᠨ ᠢᠶᠠᠷ | ᠨᠡᠭᠡᠭᠡᠨ ᠮᠠᠯᠲᠠᠬᠤ ᠠᠵᠢᠯ ᠤᠨ ᠣᠷᠤᠭᠤᠯᠤᠯᠲᠠ ᠶᠢ ᠳᠥᠯᠭᠢᠨ ᠠᠬᠢᠭᠤᠯᠵᠤ᠂ 9 ᠬᠡᠰᠡᠭ ᠲᠤ ᠭᠠᠵᠠᠷ ᠤᠨ | ᠳᠠᠷᠤᠯᠲᠠ ᠳᠤ ᠰᠡᠳᠡᠯᠲᠡ ᠥᠭᠬᠦ ᠠᠭᠤᠷᠬᠠᠢ ᠶᠢᠨ ᠬᠤᠳᠳᠤᠭ ᠲᠤ ᠨᠡᠯᠢᠶᠡᠳ ᠲᠡᠷᠢᠭᠦᠨ ᠤ ᠬᠤᠪᠢᠷᠠᠭᠠᠭᠳᠠᠯ ᠤᠨ | ᠬᠦᠴᠦᠨ ᠢ ᠰᠦᠯᠵᠢᠶᠡᠨ ᠳᠡᠭᠡᠷ᠎ᠡ ᠬᠢᠨᠠᠨ ᠬᠡᠮᠵᠢᠬᠦ᠂ ᠪᠢᠴᠢᠯ ᠳᠣᠷᠭᠢᠯᠲᠠ ᠶᠢ ᠬᠢᠨᠠᠨ ᠬᠡᠮᠵᠢᠬᠦ ᠪᠤᠶᠤ ᠭᠠᠵᠠᠷ ᠤᠨ | ᠳᠠᠭᠤᠨ ᠢ ᠬᠢᠨᠠᠨ ᠬᠡᠮᠵᠢᠬᠦ ᠰᠢᠰᠲ᠋ᠧᠮ ᠢ ᠲᠣᠨᠣᠭᠯᠠᠵᠤ᠂ ᠨᠡᠭᠦᠷᠡᠰᠦᠨ ᠠᠭᠤᠷᠬᠠᠶ ᠶᠢᠨ ᠠᠶᠤᠯ ᠲᠦᠭᠰᠢᠭᠦᠷᠢ ᠪᠠ | ᠠᠳᠡᠯ ᠢ ᠲᠤᠯᠵᠤ ᠬᠤᠷᠢᠭᠯᠠᠬᠤ ᠴᠢᠳᠠᠪᠤᠷᠢ ᠶᠢ ᠴᠢᠩᠭᠠᠷᠠᠭᠤᠯᠵᠤ᠂ ᠮᠥᠨ ᠴᠢᠨᠠᠷ ᠤᠨ ᠠᠮᠤᠷ ᠲᠦᠪᠰᠢᠨ ᠤ | ᠴᠢᠳᠠᠪᠤᠷᠢ ᠶᠢ ᠲᠠᠰᠤᠷᠠᠯᠲᠠ ᠥᠬᠡᠶ ᠳᠡᠭᠡᠭᠰᠢᠯᠡᠭᠦᠯᠪᠡ᠃ | ᠥᠪᠥᠷ ᠮᠣᠩᠭᠤᠯ ᠤᠨ ᠨᠡᠭᠦᠷᠡᠰᠦᠨ ᠠᠭᠤᠷᠬᠠᠢ ᠶᠢᠨ ᠠᠮᠤᠷ ᠲᠥᠪᠰᠢᠨ ᠢ ᠬᠢᠨᠠᠨ ᠪᠠᠶᠢᠴᠠᠭᠠᠬᠤ | ᠲᠣᠪᠴᠢᠶ᠎ᠠ ᠶᠢᠨ ᠠᠯᠪᠠᠨ ᠬᠡᠷ ᠤᠨ ᠠᠵᠢᠯᠲᠠᠨ ᠯᠢᠦᠶ ᠴᠤᠤ ᠢᠯᠡᠳᠬᠡᠬᠦ ᠳᠤ ᠪᠠᠨ ︽2019 ᠣᠨ ᠤ ᠳᠡᠭᠡᠷ᠎ᠡ | ᠬᠠᠭᠠᠰ ᠵᠢᠯ ᠳᠤ᠂ ᠮᠠᠨ ᠤ ᠣᠷᠣᠨ 36 ᠬᠡᠰᠡᠭ ᠬᠡᠪ ᠤᠨ ᠦᠢᠯᠡᠳᠪᠦᠷᠢᠯᠡᠯ ᠤᠨ ᠪᠥᠲᠥᠭᠡᠨ ᠪᠠᠶᠢᠭᠤᠯᠤᠯᠲᠠ ᠶᠢᠨ | ᠠᠶᠤᠯ ᠲᠦᠭᠰᠢᠭᠦᠷᠢ ᠶᠡᠬᠡᠲᠡᠶ ᠨᠡᠭᠦᠷᠡᠰᠦᠨ ᠬᠤᠳᠳᠤᠭ ᠪᠠ ᠬᠠᠲᠠᠭᠤ ᠳᠡᠭᠡᠪᠦᠷ ᠲᠠᠢ ᠨᠡᠭᠦᠷᠡᠰᠦᠨ ᠠᠭᠤᠷᠬᠠᠶ ᠳᠤ | ᠠᠮᠤᠷ ᠲᠥᠪᠰᠢᠨ ᠤ ︿ᠪᠡᠶ᠎ᠡ ᠶᠢᠨ ᠪᠠᠶᠢᠴᠠᠭᠠᠯᠲᠠ﹀ ᠬᠢᠵᠦ᠂ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ | ᠠᠵᠢᠯᠯᠠᠭ᠎ᠠ ᠣᠷᠤᠰᠢᠵᠤ ᠪᠠᠶᠢᠭ᠎ᠠ 12 ᠠᠭᠤᠷᠬᠠᠢ ᠶᠢ 1101 ᠲᠦᠮᠡᠨ ᠲᠥᠭᠦᠷᠢᠭ ᠢᠶᠠᠷ ᠲᠣᠷᠭᠠᠵᠤ᠂ ᠣᠷᠣᠨ | ᠨᠤᠲᠤᠭ ᠤᠨ ᠨᠡᠭᠦᠷᠡᠰᠦᠨ ᠠᠭᠤᠷᠬᠠᠢ ᠶᠢᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠮᠥᠷᠳᠡᠨ ᠰᠢᠮᠳᠠᠭᠤᠯᠤᠨ | ᠭᠦᠢᠴᠡᠳᠬᠡᠵᠦ᠂ ᠬᠦᠨᠳᠦ ᠶᠡᠭᠡ ᠠᠶᠤᠯ ᠲᠥᠭᠰᠢᠭᠦᠷᠢ ᠶᠢ ᠦᠨᠡᠨ ᠬᠦ ᠠᠷᠢᠯᠭᠠᠭᠰᠠᠨ ᠢᠶᠠᠷ᠂ ᠠᠮᠤᠷ ᠲᠦᠪᠰᠢᠨ ᠤ ︿ | ᠪᠡᠶ᠎ᠡ ᠶᠢᠨ ᠪᠠᠶᠢᠴᠠᠭᠠᠯᠲᠠ﹀ ᠬᠢᠭᠰᠡᠨ ᠠᠭᠤᠷᠬᠠᠢ ᠳᠤ ᠵᠢᠯ ᠲᠤᠵᠢ ᠠᠶᠤᠯ ᠥᠬᠡᠶ ᠦᠢᠯᠡᠳᠪᠦᠷᠢᠯᠡᠯ ᠤᠨ ᠠᠳᠡᠯ | ᠭᠠᠷᠤᠭᠰᠠᠨ ᠥᠬᠡᠶ︾ ᠭᠡᠪᠡ᠃ ᠡᠭᠦᠨ ᠠᠴᠠ ᠭᠠᠳᠠᠨ᠎ᠠ᠂ ᠥᠪᠡᠷᠲᠡᠭᠡᠨ ᠵᠠᠰᠠᠬᠤ ᠣᠷᠣᠨ ᠤ ᠡᠯ᠎ᠡ ᠱᠠᠲᠤᠨ ᠤ ᠬᠢᠨᠠᠨ | ᠪᠠᠶᠢᠴᠠᠭᠠᠵᠦ ᠬᠢᠨᠠᠨ ᠬᠠᠮᠢᠶᠠᠷᠬᠤ ᠰᠠᠯᠠᠭ᠎ᠠ ᠮᠥᠴᠢᠷ ᠪᠠᠰᠠ 80 ᠭᠠᠷᠤᠶ ᠤᠳᠠᠭ᠎ᠠ ᠬᠠᠮᠲᠤᠷᠠᠭᠰᠠᠨ ᠬᠤᠷᠠᠯ | ᠬᠤᠷᠠᠯᠳᠤᠭᠤᠯᠤᠨ᠂ 120 ᠭᠠᠷᠤᠶ ᠤᠳᠠᠭ᠎ᠠ ᠶᠢᠨ ᠬᠠᠮᠲᠤᠷᠠᠭᠰᠠᠨ ᠠᠵᠢᠯᠯᠠᠭ᠎ᠠ ᠥᠷᠨᠢᠭᠦᠯᠵᠦ᠂ ᠨᠡᠭᠦᠷᠡᠰᠦᠨ | ᠠᠭᠤᠷᠬᠠᠢ ᠶᠢᠨ ᠠᠶᠤᠯ ᠦᠭᠡᠢ ᠦᠢᠯᠡᠳᠪᠦᠷᠢᠯᠡᠯ ᠤᠨ ᠰᠡᠷᠭᠡᠶᠢᠯᠡᠯᠲᠡ ᠶᠢᠨ ᠪᠠᠲᠤ ᠪᠠᠬᠢ ᠱᠤᠭᠤᠮ ᠢ ᠬᠠᠮᠲᠤ ᠪᠠᠷ | ᠪᠠᠶᠢᠭᠤᠯᠵᠠᠢ᠃ ᠬᠠᠤᠯᠢ ᠠᠴᠠ ᠬᠦᠨᠳᠦ ᠨᠣᠴᠢᠲᠠᠶ ᠵᠥᠷᠢᠴᠡᠭᠰᠡᠨ ᠦᠢᠯᠡ ᠠᠵᠢᠯᠯᠠᠭ᠎ᠠ ᠣᠷᠣᠰᠢᠵᠤ ᠪᠠᠶᠢᠭ᠎ᠠ ᠪᠤᠶᠤ | ᠦᠢᠯᠡᠳᠪᠦᠷᠢᠯᠡᠯ ᠤᠨ ᠠᠮᠤᠷ ᠲᠦᠪᠰᠢᠨ ᠤ ᠠᠳᠡᠯ ᠭᠠᠷᠤᠭᠰᠠᠨ ᠨᠡᠭᠦᠷᠡᠰᠦᠨ ᠠᠭᠤᠷᠬᠠᠶ ᠶᠢᠨ ᠲᠠᠯ᠎ᠠ ᠪᠠᠷ ᠠᠵᠤ | ᠠᠬᠤᠶᠢᠯᠠᠯ ᠪᠣᠯᠤᠨ ᠬᠠᠮᠢᠶᠠᠷᠤᠯᠲᠠ ᠶᠢᠨ ᠠᠵᠢᠯᠲᠠᠨ ᠤ ᠬᠠᠷᠢᠭᠤᠴᠠᠯᠭ᠎ᠠ ᠶᠢ ᠭᠡᠳᠡᠷᠭᠡᠨ ᠪᠠᠶᠢᠴᠠᠭᠠᠵᠤ᠂ ᠠᠵᠤ | ᠠᠬᠤᠶᠢᠯᠠᠯ ᠢ ᠵᠠᠷᠯᠢᠭᠳᠠᠵᠤ ᠪᠠᠶᠢᠭᠠᠳ ᠬᠠᠷᠢᠭᠤᠴᠠᠯᠭ᠎ᠠ ᠶᠢ ᠨᠢ ᠨᠡᠩ ᠴᠢᠨᠠᠭᠰᠢᠳᠠ ᠲᠤᠯᠭᠠᠵᠠᠢ᠃ ᠪᠥᠬᠦ ᠵᠢᠯ ᠳᠤ | ᠨᠡᠭᠦᠷᠡᠰᠦᠨ ᠠᠭᠤᠷᠬᠠᠢ ᠶᠢᠨ ᠠᠮᠤᠷ ᠲᠥᠪᠰᠢᠨ ᠤ ᠬᠠᠮᠢᠶᠠᠷᠤᠭᠴᠢᠳ ᠠᠴᠠ ᠨᠡᠶᠢᠲᠡ 391 ᠬᠥᠮᠦᠨ ᠤᠳᠠᠭ᠎ᠠ | ᠬᠠᠷᠢᠭᠤᠴᠠᠯᠭ᠎ᠠ ᠲᠤᠯᠭᠠᠵᠤ᠂ 536 ᠲᠦᠮᠡᠨ ᠲᠥᠭᠦᠷᠢᠭ ᠲᠣᠷᠭᠠᠵᠤ᠂ 16 ᠠᠵᠤ ᠠᠬᠤᠶᠢᠯᠠᠯ᠂ 47 | ᠬᠠᠮᠢᠶᠠᠷᠤᠭᠴᠢᠳ ᠲᠠᠢ ᠪᠣᠯᠵᠣᠨ ᠶᠠᠷᠢᠯᠴᠠᠵᠤ᠂ ᠠᠵᠤ ᠠᠬᠤᠶᠢᠯᠠᠯ ᠢ ᠱᠠᠭᠠᠷᠳᠠᠵᠤ ᠪᠠᠶᠢᠭᠠᠳ ᠬᠠᠮᠢᠶ᠎ᠠ ᠪᠥᠬᠦᠶ | ᠬᠠᠷᠢᠭᠤᠴᠠᠯᠭᠠᠲᠠᠨ ᠳᠤ ᠨᠠᠮ ᠵᠠᠰᠠᠭ ᠤᠨ ᠰᠠᠬᠢᠯᠭ᠎ᠠ ᠪᠠᠲᠤ ᠶᠢᠨ ᠰᠢᠢᠳᠬᠡᠯ ᠣᠯᠭᠤᠭᠰᠠᠨ᠂ ᠤᠷᠢᠵᠤ ᠬᠡᠷᠡᠭᠯᠡᠬᠦ ᠪᠠᠨ | ᠬᠦᠴᠦᠨ ᠦᠭᠡᠢ ᠪᠣᠯᠭᠠᠭᠰᠠᠨ ᠪᠠ ᠠᠵᠢᠯ ᠤᠨ ᠪᠠᠶᠢᠷᠢ ᠳᠤ ᠲᠣᠬᠢᠷᠠᠭᠤᠯᠤᠭᠰᠠᠨ ᠨᠢ 87 ᠬᠦᠮᠦᠨ ᠤᠳᠠᠭ᠎ᠠ ᠳᠤ | ᠬᠦᠷᠴᠦ᠂ ᠨᠡᠭᠦᠷᠡᠰᠦᠨ ᠠᠭᠤᠷᠬᠠᠢ ᠶᠢᠨ ᠠᠵᠤ ᠠᠬᠤᠶᠢᠯᠠᠯ ᠤᠨ ᠠᠶᠤᠯ ᠥᠬᠡᠶ ᠦᠢᠯᠡᠳᠪᠦᠷᠢᠯᠡᠯ ᠤᠨ | ᠬᠠᠷᠢᠭᠤᠴᠠᠯᠭ᠎ᠠ ᠶᠢᠨ ᠬᠡᠯᠬᠢᠶ᠎ᠡ ᠶᠢ ᠤᠯᠠᠮ ᠨᠢᠭᠡ ᠠᠯᠬᠤᠮ ᠴᠢᠩᠭᠠᠯᠠᠵᠤ ᠪᠣᠳᠠᠲᠠᠶᠢᠵᠢᠭᠤᠯᠵᠠᠢ᠃ | | |