ᠬᠦᠭᠡᠬᠤᠳᠠ ᠪᠤᠭᠤᠳᠤ ᠦᠬᠠᠢ ᠵᠢᠴᠢ ᠡᠷᠬᠢᠨ ᠲᠤᠭᠤᠷᠢᠨ ᠤ ᠭᠠᠵᠠᠷ ᠤᠷᠤᠨ ᠤ ᠡᠪᠤᠯ ᠤᠨ ᠤᠯᠠᠷᠢᠯ ᠤᠨ ᠠᠭᠠᠷ ᠮᠠᠨᠳᠠᠯ ᠤᠨ ᠪᠤᠬᠢᠷᠳᠤᠯ ᠢ ᠰᠡᠷᠭᠡᠶᠢᠯᠡᠨ ᠡᠵᠡᠮᠳᠡᠬᠦ ᠠᠵᠢᠯ ᠤᠨ ᠲᠤᠬᠢᠷᠠᠭᠤᠯᠤᠯᠳᠠ ᠶᠢᠨ ᠬᠤᠷᠠᠯ ᠬᠤᠷᠠᠯᠳᠤᠪᠠ  ᠪᠤᠤ ᠭᠠᠩ ᠬᠤᠷᠠᠯ ᠳᠤ ᠤᠷᠤᠯᠴᠠᠨ ᠶᠠᠷᠢᠶ᠎ᠡ ᠲᠠᠯᠪᠢᠵᠠᠢ
ᠨᠡᠶᠢᠲᠡᠯᠡᠭᠰᠡᠨ ᠴᠠᠭ᠄
2020/10/23
     10 ᠰᠠᠷ᠎ᠡ ᠶᠢᠨ 20᠎ ᠤ ᠡᠳᠦᠷ ᠬᠦᠭᠡᠬᠤᠳᠠ᠂ ᠪᠤᠭᠤᠳᠤ᠂ ᠦᠬᠠᠢ ᠵᠢᠴᠢ ᠡᠷᠬᠢᠨ ᠲᠤᠭᠤᠷᠢᠨ ᠤ ᠭᠠᠵᠠᠷ ᠤᠷᠤᠨ ᠤ ᠡᠪᠤᠯ ᠤᠨ ᠤᠯᠠᠷᠢᠯ ᠤᠨ ᠠᠭᠠᠷ ᠮᠠᠨᠳᠠᠯ ᠤᠨ ᠪᠤᠬᠢᠷᠳᠤᠯ ᠢ ᠰᠡᠷᠭᠡᠶᠢᠯᠡᠨ ᠡᠵᠡᠮᠳᠡᠬᠦ ᠠᠵᠢᠯ ᠤᠨ ᠲᠤᠬᠢᠷᠠᠭᠤᠯᠤᠯᠳᠠ ᠶᠢᠨ ᠬᠤᠷᠠᠯ ᠪᠤᠭᠤᠳᠤ ᠳᠤ ᠬᠤᠷᠠᠯᠳᠤᠪᠠ᠃ ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠪᠤᠤ ᠭᠠᠩ ᠬᠤᠷᠠᠯ ᠳᠤ ᠤᠷᠤᠯᠴᠠᠨ ᠶᠠᠷᠢᠶ᠎ᠡ ᠲᠠᠯᠪᠢᠪᠠ᠃      ᠬᠤᠷᠠᠯ ᠠᠴᠠ᠂ ᠬᠦᠭᠡ ᠤᠬᠳᠠᠷᠭᠤᠢ ᠶᠢ ᠬᠠᠮᠠᠭᠠᠯᠠᠬᠤ ᠲᠠᠶᠢᠯᠠᠯᠳᠤᠭᠠᠨ ᠪᠤᠯ ᠪᠤᠬᠢᠷᠳᠤᠯ ᠢ ᠰᠡᠷᠭᠡᠶᠢᠯᠡᠨ ᠵᠠᠰᠠᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠭᠤᠤᠯᠳᠠᠭ᠎ᠠ ᠶᠢᠨ ᠲᠤᠳᠤᠷᠠᠬᠢ ᠭᠤᠤᠯᠳᠠᠯᠭ᠎ᠠ ᠮᠦᠨ᠂ ᠬᠦᠭᠡ ᠤᠬᠳᠠᠷᠭᠤᠢ ᠶᠢ ᠬᠠᠮᠠᠭᠠᠯᠠᠬᠤ ᠲᠠᠶᠢᠯᠠᠯᠳᠤᠭᠠᠨ ᠪᠤᠯ ᠡᠷᠬᠡᠪᠰᠢ ᠪᠠᠶᠠᠯᠡᠬᠦᠯᠬᠦ ᠤᠯᠤᠰ ᠲᠦᠷᠤ ᠶᠢᠨ ᠡᠬᠦᠷᠭᠡ ᠪᠤᠯᠤᠨ᠎ᠡ᠃ ᠤᠳᠤᠬᠠᠨ ᠤ ᠲᠤᠯᠭᠠᠷᠠᠵᠤ ᠪᠠᠶᠢᠭ᠎ᠠ ᠪᠤᠳᠤᠯᠢᠶᠠᠨᠳᠠᠢ ᠪᠠᠶᠢᠳᠠᠯ ᠢ ᠬᠦᠨᠵᠡᠭᠡᠢ ᠲᠠᠨᠢᠵᠤ᠂ ᠠᠰᠠᠭᠤᠳᠠᠯ ᠢᠶᠠᠷ ᠤᠳᠤᠷᠢᠳᠤᠮᠵᠢ ᠪᠤᠯᠭᠠᠬᠤ᠂ ᠬᠠᠷᠠᠯᠳᠠ ᠪᠠᠷ ᠤᠳᠤᠷᠢᠳᠤᠮᠵᠢ ᠪᠤᠯᠭᠠᠬᠤ᠂ ᠦᠷ᠎ᠡ ᠳ᠋ᠦᠩ ᠢᠶᠠᠷ ᠤᠳᠤᠷᠢᠳᠤᠮᠵᠢ ᠪᠤᠯᠭᠠᠬᠤ ᠶᠢ ᠪᠠᠷᠢᠮᠳᠠᠯᠠᠨ᠂ ᠤᠯᠤᠰ ᠪᠠ ᠦᠪᠡᠷᠳᠡᠭᠡᠨ ᠵᠠᠰᠬᠠᠤ ᠤᠷᠤᠨ ᠤ ᠠᠭᠠᠷ ᠮᠠᠨᠳᠠᠯ ᠤᠨ ᠪᠤᠬᠢᠷᠳᠤᠯ ᠢ ᠰᠡᠷᠭᠡᠶᠢᠯᠡᠨ ᠵᠠᠰᠬᠠᠤ ᠲᠤᠬᠠᠢ ᠲᠦᠷᠦ ᠶᠢᠨ ᠪᠤᠳᠤᠯᠭ᠎ᠠ ᠶᠢᠨ ᠱᠠᠭᠠᠷᠳᠠᠯᠭ᠎ᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ᠡᠪᠤᠯ ᠤᠨ ᠤᠯᠠᠷᠢᠯ ᠤᠨ ᠰᠤᠯᠠ ᠨᠡᠬᠦᠷᠡᠰᠤ᠂ ᠠᠵᠤ ᠦᠢᠯᠡᠳᠪᠤᠷᠢ᠂ ᠤᠳᠤᠭ᠎ᠠ ᠲᠤᠭᠤᠰᠤ᠂ ᠮᠠᠰᠢᠨ ᠲᠡᠷᠭᠡᠨ ᠤ ᠪᠤᠬᠢᠷᠳᠤᠯ ᠤᠨ ᠵᠠᠰᠠᠯᠳᠠ ᠶᠢ ᠲᠤᠪᠤᠶᠢᠯᠭᠠᠨ ᠰᠠᠶᠢᠳᠤᠷ ᠠᠳᠬᠤᠵᠤ᠂ ᠡᠰᠢ ᠰᠦᠷᠡᠯ ᠢ ᠵᠠᠳᠠᠭᠠᠢ ᠰᠢᠳᠠᠭᠠᠬᠤ ᠪᠠ ᠬᠤᠸᠠᠷ ᠫᠤᠤᠵᠢᠩ ᠤᠨ ᠬᠠᠮᠢᠶᠡᠷᠤᠯᠳᠠ ᠶᠢ ᠴᠢᠩᠭᠠᠳᠬᠠᠵᠤ᠂ ᠪᠤᠬᠢᠷᠳᠤᠯ ᠪᠤᠳᠠᠰ ᠢ ᠭᠠᠳᠠᠬᠰᠢᠯᠠᠭᠤᠯᠬᠤ ᠶᠢ ᠡᠬᠢ ᠡᠬᠦᠰᠤᠯ ᠠᠴᠠ ᠨᠢ ᠪᠠᠭᠠᠰᠬᠠᠬᠤ ᠭᠡᠷᠡᠭᠳᠠᠢ ᠭᠡᠵᠤ ᠴᠢᠬᠤᠯᠠᠴᠢᠯᠠᠪᠠ᠃      ᠬᠤᠷᠠᠯ ᠠᠴᠠ᠂ ᠬᠦᠭᠡ ᠤᠬᠳᠠᠷᠭᠤᠢ ᠶᠢ ᠬᠠᠮᠠᠭᠠᠯᠠᠬᠤ ᠲᠠᠶᠢᠯᠠᠯᠳᠤᠭᠠᠨ ᠤ ᠢᠯᠠᠯᠳᠠ ᠶᠢ ᠤᠯᠬᠤ ᠶᠢᠨ ᠵᠠᠩᠭᠢᠯᠠᠭ᠎ᠠ ᠨᠢ ᠬᠦᠨᠳᠤ ᠪᠤᠬᠢᠷᠳᠤᠯ ᠲᠠᠢ ᠴᠠᠭ ᠠᠭᠤᠷ ᠢ ᠠᠷᠭᠠᠴᠠᠭᠠᠬᠤ ᠲᠡᠭᠡᠷ᠎ᠡ ᠬᠦᠴᠤ ᠤᠷᠤᠭᠤᠯᠬᠤ ᠭᠡᠷᠡᠭᠳᠠᠢ᠃ ᠡᠯ᠎ᠡ ᠠᠶᠢᠮᠠᠭ ᠬᠤᠳᠠ ᠪᠤᠢ ᠪᠦᠬᠦᠢ ᠠᠭᠠᠷ ᠮᠠᠨᠳᠠᠯ ᠳᠤ ᠬᠤᠯᠪᠤᠬᠳᠠᠬᠤ ᠠᠵᠤ ᠠᠬᠤᠢᠢᠯᠠᠯ ᠢ ᠪᠠᠴᠢᠮ ᠪᠠᠶᠢᠳᠠᠯ ᠢ ᠠᠷᠭᠠᠴᠠᠭᠠᠨ ᠭᠠᠳᠠᠬᠰᠢᠯᠠᠭᠤᠯᠬᠤ ᠶᠢ ᠪᠠᠭᠠᠰᠬᠠᠬᠤ ᠨᠠᠷᠢᠨ ᠲᠠᠩᠰᠠᠨ ᠳᠤ ᠤᠷᠤᠭᠤᠯᠵᠤ᠂ ︽ᠨᠢᠭᠡ ᠬᠤᠳᠠ ᠳᠤ ᠨᠢᠭᠡ ᠲᠦᠰᠤᠯ︾᠂ ︽ᠨᠢᠭᠡ ᠦᠢᠯᠡᠳᠪᠤᠷᠢ ᠳᠤ ᠨᠢᠭᠡ ᠠᠷᠭ᠎ᠠ ᠪᠤᠳᠤᠯᠭ᠎ᠠ︾᠎ ᠶᠢ ᠭᠡᠷᠡᠭᠵᠢᠬᠦᠯᠤᠨ᠂ ᠭᠠᠳᠠᠬᠰᠢᠯᠠᠭᠤᠯᠬᠤ ᠶᠢ ᠪᠠᠭᠠᠰᠬᠠᠬᠤ ᠠᠷᠭ᠎ᠠ ᠬᠡᠮᠵᠢᠶ᠎ᠡ ᠶᠢᠨ ᠭᠡᠷᠡᠭᠵᠢᠬᠦᠯᠤᠬᠦᠰᠢᠳᠠᠢ᠂ ᠬᠢᠨᠠᠨ ᠬᠡᠮᠵᠢᠵᠤ ᠪᠤᠯᠬᠤ᠂ ᠬᠠᠷᠭᠤᠭᠤᠯᠤᠨ ᠪᠠᠶᠢᠴᠠᠭᠠᠵᠤ ᠪᠤᠯᠬᠤ ᠶᠢ ᠦᠨᠡᠨ ᠬᠦ ᠪᠠᠳᠤᠯᠠᠬᠤ ᠭᠡᠷᠡᠭᠳᠠᠢ᠃ ᠬᠦᠨᠳᠤ ᠪᠤᠬᠢᠷᠳᠤᠯ ᠲᠠᠢ ᠴᠠᠭ ᠠᠭᠤᠷ ᠢ ᠪᠠᠴᠢᠮ ᠠᠷᠭᠠᠴᠠᠭᠠᠬᠤ ᠪᠡᠯᠡᠳᠭᠡᠯ ᠲᠦᠰᠦᠯ ᠢ ᠰᠠᠶᠢᠳᠤᠷ ᠨᠠᠶᠢᠳᠠᠪᠤᠷᠢᠵᠢᠭᠤᠯᠵᠤ᠂ ᠪᠠᠴᠢᠮ ᠪᠠᠶᠢᠳᠠᠯ ᠢ ᠠᠷᠭᠠᠴᠠᠭᠠᠨ ᠭᠠᠳᠠᠬᠰᠢᠯᠠᠭᠤᠯᠬᠤ ᠶᠢ ᠪᠠᠭᠠᠰᠬᠠᠬᠤ ᠨᠢ ᠤᠨᠤᠪᠴᠢᠳᠠᠢ ᠪᠠᠶᠢᠬᠤ᠂ ᠤᠷᠢᠳᠴᠢᠯᠡᠨ ᠰᠡᠷᠡᠮᠵᠢᠯᠡᠬᠦᠯᠬᠦ ᠠᠷᠭ᠎ᠠ ᠬᠡᠮᠵᠢᠶ᠎ᠡ ᠶᠢ ᠴᠠᠭ ᠲᠤᠬᠠᠢ ᠳᠤᠨᠢ ᠠᠪᠬᠤ᠂ ᠪᠠᠴᠢᠮ ᠪᠠᠶᠢᠳᠠᠯ ᠢ ᠠᠷᠭᠠᠴᠠᠭᠠᠬᠤ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ᠂ ᠬᠠᠷᠢᠭᠤᠴᠠᠯᠭ᠎ᠠ ᠶᠢ ᠪᠤᠳᠠᠳᠠᠢ ᠨᠠᠶᠢᠳᠠᠪᠤᠷᠢᠵᠢᠭᠤᠯᠬᠤ ᠶᠢ ᠦᠨᠡᠨ ᠬᠦ ᠪᠡᠶᠡᠯᠡᠬᠦᠯᠵᠤ᠂ ︽ᠪᠦᠷᠬᠦᠭ ᠡᠳᠦᠷ︾᠎ ᠢ ︽ᠲᠤᠩᠭᠠᠯᠠᠭ ᠡᠳᠦᠷ︾ ᠪᠤᠯᠭᠠᠬᠤ ᠪᠠᠷ ᠴᠢᠷᠮᠠᠶᠢᠵᠤ᠂ ᠪᠦᠬᠦ ᠵᠢᠯ ᠤᠨ ᠡᠯ᠎ᠡ ᠵᠦᠢᠯ ᠤᠨ ᠬᠠᠷᠠᠯᠳᠠ ᠡᠬᠦᠷᠭᠡ ᠶᠢ ᠪᠠᠶᠠᠯᠡᠬᠦᠯᠬᠦ ᠶᠢ ᠦᠨᠡᠨ ᠬᠦ ᠪᠠᠳᠤᠯᠠᠬᠤ ᠭᠡᠷᠡᠭᠳᠠᠢ ᠭᠡᠵᠤ ᠱᠠᠭᠠᠷᠳᠠᠪᠠ᠃      ᠬᠤᠷᠠᠯ ᠠᠴᠠ ᠪᠦᠬᠦ ᠤᠷᠤᠨ ᠤ ᠠᠭᠠᠷ ᠮᠠᠨᠳᠠᠯ ᠤᠨ ᠪᠤᠬᠢᠷᠳᠤᠯ ᠢ ᠰᠡᠷᠭᠡᠶᠢᠯᠡᠨ ᠵᠠᠰᠠᠬᠤ ᠠᠵᠢᠯ ᠤᠨ ᠬᠤᠯᠪᠤᠬᠳᠠᠯ ᠪᠦᠬᠦᠢ ᠪᠠᠶᠢᠳᠠᠯ ᠢ ᠵᠠᠷᠯᠡᠨ ᠮᠠᠳᠡᠭᠳᠡᠵᠤ᠂ ᠬᠤᠯᠪᠤᠬᠳᠠᠯ ᠪᠦᠬᠦᠢ ᠠᠶᠢᠮᠠᠭ ᠬᠤᠳᠠ ᠶᠢᠨ ᠵᠠᠰᠠᠭ ᠤᠨ ᠤᠷᠳᠤᠨ ᠤᠷᠤᠰᠢᠵᠤ ᠪᠠᠶᠢᠭ᠎ᠠ ᠠᠰᠠᠭᠤᠳᠠᠯ ᠪᠠ ᠲᠠᠷᠠᠭᠠᠴᠢ ᠶᠢᠨ ᠠᠯᠬᠤᠮ ᠤᠨ ᠠᠷᠭ᠎ᠠ ᠬᠡᠮᠵᠢᠶ᠎ᠡ ᠶᠢᠨ ᠲᠤᠭᠤᠷᠢᠨ ᠳᠤ ᠦᠭᠡ ᠬᠡᠯᠡᠪᠠ᠂ ᠬᠤᠷᠠᠯ ᠠᠴᠠ ᠪᠡᠰᠡ ᠬᠦᠨᠳᠤ ᠪᠤᠬᠢᠷᠳᠤᠯ ᠲᠠᠢ ᠴᠠᠭ ᠠᠭᠤᠷ ᠢ ᠤᠷᠢᠳᠴᠢᠯᠡᠨ ᠰᠡᠷᠡᠮᠵᠢᠯᠡᠬᠦᠯᠬᠦ ᠵᠢᠴᠢ ᠪᠠᠴᠢᠮ ᠪᠠᠶᠢᠳᠠᠯ ᠢ ᠠᠷᠭᠠᠴᠠᠭᠠᠬᠤ ᠠᠷᠭ᠎ᠠ ᠬᠡᠮᠵᠢᠶ᠎ᠡ ᠶᠢᠨ ᠵᠢᠩᠬᠢᠨᠢ ᠪᠠᠶᠢᠯᠳᠤᠭᠠᠨ ᠤ ᠰᠤᠷᠢᠯᠳᠠ ᠶᠢ ᠵᠤᠬᠢᠶᠠᠨ ᠪᠠᠶᠢᠭᠤᠯᠵᠤ ᠥᠷᠨᠢᠭᠦᠯᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号