| | | G65 ᠪᠣᠭᠤᠲᠤ ᠠᠴᠠ ᠮᠣᠣᠮᠢᠩ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ ᠪᠤᠭᠤᠲᠤ ᠠᠴᠠ | ᠳ᠋ᠦᠩᠱᠧᠩ ᠬᠥᠷᠬᠦ ᠬᠡᠰᠡᠭ ᠤᠨ ᠥᠭᠡᠷᠡᠴᠢᠯᠡᠵᠦ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠭᠤᠤᠯ ᠵᠠᠮ ᠢ ᠪᠥᠬᠦ | ᠱᠤᠭᠤᠮ ᠢᠶᠠᠷ ᠨᠡᠪᠲᠡᠷᠡᠭᠦᠯᠪᠡ | | 11 ᠳ᠋ᠦ᠋ᠭᠡᠷ ᠰᠠᠷ᠎ᠠ ᠶᠢᠨ 15 ᠤ ᠡᠳᠦᠷ ᠤᠨ ᠦᠳᠡ ᠶᠢᠨ ᠡᠮᠦᠨᠡᠬᠢ 11 ᠴᠠᠭ ᠲᠤ᠂ G65 | ᠪᠣᠭᠤᠲᠤ ᠠᠴᠠ ᠮᠣᠣᠮᠢᠩ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ ᠪᠤᠭᠤᠲᠤ ᠠᠴᠠ ᠳ᠋ᠦᠩᠱᠧᠩ ᠬᠥᠷᠬᠦ | ᠬᠡᠰᠡᠭ ᠤᠨ ᠥᠭᠡᠷᠡᠴᠢᠯᠡᠵᠦ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠭᠤᠤᠯ ᠱᠤᠭᠤᠮ ᠢ ᠨᠡᠪᠲᠡᠷᠡᠭᠦᠯᠵᠦ | ᠲᠤᠷᠰᠢᠨ ᠠᠵᠢᠯᠯᠠᠭᠤᠯᠬᠤ ᠶᠣᠰᠣᠯᠠᠯ ᠳ᠋ᠦᠩᠱᠧᠩ ᠤᠨ ᠬᠤᠶᠢᠲᠤ ᠭᠠᠷᠴᠠ ᠳᠤ ᠶᠠᠪᠤᠭᠳᠠᠪᠠ᠃ | ᠬᠤᠶᠠᠷ ᠵᠢᠯ ᠭᠠᠷᠤᠢ ᠶᠢᠨ ᠪᠦᠲᠦᠭᠡᠨ ᠪᠠᠶᠢᠭᠤᠯᠤᠯᠲᠠ ᠪᠠᠷ ᠳᠠᠮᠵᠢᠨ ᠤᠤᠯ ᠤᠨ ᠬᠤᠣᠰ ᠴᠢᠭᠯᠡᠯᠲᠦ ᠳᠥᠷᠪᠡᠨ | ᠲᠡᠷᠭᠡᠨ ᠵᠠᠮ ᠢ ᠬᠤᠣᠰ ᠴᠢᠭᠯᠡᠯᠲᠦ ᠨᠠᠢᠮᠠᠨ ᠲᠡᠷᠭᠡᠨ ᠵᠠᠮ ᠪᠣᠯᠭᠠᠨ ᠥᠭᠡᠷᠡᠴᠢᠯᠡᠵᠦ᠂ ᠣᠳᠣ ᠵᠠᠮ ᠥᠷᠭᠡᠨ ᠬᠠᠷᠠᠴᠠ | ᠰᠠᠷᠠᠭᠤᠯ ᠪᠣᠯᠵᠤ᠂ ᠡᠶᠢᠮᠦᠷᠬᠦᠦ ᠵᠠᠮ ᠢᠶᠠᠷ ᠲᠡᠷᠭᠡ ᠵᠢᠯᠣᠭᠤᠳᠬᠤ ᠳᠤ ᠦᠨᠡᠬᠡᠷ ᠲᠠᠭᠠᠲᠠᠶ ᠪᠣᠯᠭᠠᠵᠠᠢ︕ | ᠥᠨᠥᠳᠥᠷ᠂ ᠥᠪᠥᠷ ᠮᠣᠩᠭᠤᠯ ᠤᠨ ᠭᠤᠣᠯᠳᠠᠯᠭ᠎ᠠ ᠲᠠᠢ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢᠨ | ᠲᠥᠷᠥᠯ ᠵᠦᠢᠯ ᠪᠣᠯᠬᠤ G65 ᠪᠣᠭᠤᠲᠤ ᠠᠴᠠ ᠮᠣᠣᠮᠢᠩ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ | ᠪᠤᠭᠤᠲᠤ ᠠᠴᠠ ᠳ᠋ᠦᠩᠱᠧᠩ ᠬᠦᠷᠬᠦ ᠬᠡᠰᠡᠭ ᠢ ᠥᠭᠡᠷᠡᠴᠢᠯᠡᠵᠦ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠭᠤᠣᠯ | ᠱᠤᠭᠤᠮ ᠤᠨ ᠪᠠᠷᠠᠭᠤᠨ ᠲᠠᠯ᠎ᠠ ᠶᠢᠨ ᠬᠠᠭᠠᠰ ᠬᠡᠰᠡᠭ ᠨᠢ ᠪᠠᠷᠢᠯᠭ᠎ᠠ ᠳᠠᠭᠤᠰᠴᠤ᠂ ᠡᠨᠡ ᠨᠢ ᠳᠥᠷᠪᠡ ᠶᠢ | ᠦᠭᠡᠷᠡᠴᠢᠯᠡᠵᠦ ᠨᠠᠢᠮᠠ ᠪᠣᠯᠭᠠᠬᠤ ᠢᠨᠵᠧᠨᠧᠷᠢᠩ ᠤᠨ ᠭᠤᠤᠯ ᠱᠤᠭᠤᠮ ᠤᠨ 77 ᠺᠢᠯᠣᠮᠧᠲᠷ ᠪᠦᠬᠦ ᠱᠤᠭᠤᠮ ᠤᠨ | ᠠᠵᠢᠯ ᠳᠠᠭᠤᠰᠤᠭᠰᠠᠨ ᠢ ᠬᠠᠷᠠᠭᠤᠯᠵᠤ ᠪᠠᠶᠢᠨ᠎ᠠ᠃ | ᠢᠨᠵᠧᠨᠧᠷᠢᠩ ᠤᠨ ᠲᠠᠨᠢᠯᠴᠠᠭᠤᠯᠭ᠎ᠠ | ᠪᠣᠭᠤᠲᠤ ᠠᠴᠠ ᠮᠣᠣᠮᠢᠩ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ ᠪᠤᠭᠤᠲᠤ ᠠᠴᠠ ᠳ᠋ᠦᠩᠱᠧᠩ | ᠬᠦᠷᠬᠦ ᠬᠡᠰᠡᠭ ᠤᠨ ᠳᠥᠷᠪᠡ ᠶᠢ ᠦᠭᠡᠷᠡᠴᠢᠯᠡᠵᠦ ᠨᠠᠢᠮᠠ ᠪᠣᠯᠭᠠᠬᠤ ᠢᠨᠵᠧᠨᠧᠷᠢᠩ ᠨᠢ 2018 ᠣᠨ ᠤ 7 ᠳ᠋ᠤᠭᠠᠷ | ᠰᠠᠷ᠎ᠠ ᠶᠢᠨ 26 ᠤ ᠡᠳᠦᠷ ᠠᠵᠢᠯ ᠡᠬᠢᠯᠡᠭᠦᠯᠵᠦ᠂ ᠭᠤᠣᠯ ᠱᠤᠭᠤᠮ ᠱᠠᠭᠵᠠᠮᠤᠨᠢ ᠶᠢᠨ ᠰᠦᠮ᠎ᠡ ᠠᠴᠠ ᠳ᠋ᠦᠩᠱᠧᠩ | ᠬᠥᠷᠬᠦ ᠬᠡᠰᠡᠭ ᠪᠠ ᠪᠣᠭᠤᠲᠤ ᠶᠢᠨ ᠪᠠᠷᠠᠭᠤᠨ ᠬᠡᠰᠡᠭ ᠲᠠᠢ ᠵᠠᠯᠭᠠᠬᠤ ᠬᠤᠶᠠᠷ ᠬᠡᠰᠡᠭ ᠢᠶᠠᠷ ᠪᠦᠷᠢᠯᠳᠦᠵᠡᠢ᠂ ᠲᠦᠷᠦᠯ | ᠵᠦᠢᠯ ᠤᠨ ᠲᠦᠢᠮᠣ ᠲᠥᠰᠦᠪ ᠤᠨ ᠶᠡᠷᠦᠩᠬᠡᠶ ᠪᠡᠯᠡ ᠣᠷᠣᠭᠤᠯᠤᠯᠲᠠ 81.29 ᠳ᠋ᠥᠩᠰᠢᠭᠤᠷ ᠲᠥᠭᠦᠷᠢᠭ ᠪᠠᠶᠢᠵᠤ᠂ | ᠶᠡᠷᠦᠩᠬᠡᠢ ᠪᠦᠲᠦᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠬᠤᠭᠤᠴᠠᠭ᠎ᠠ ᠨᠢ 4 ᠵᠢᠯ ᠪᠣᠯᠣᠨ᠎ᠠ᠃ ᠲᠦᠷᠦᠯ ᠵᠦᠢᠯ ᠨᠢ | ᠪᠦᠲᠦᠭᠡᠨ ᠪᠠᠶᠢᠭᠤᠯᠬᠤ ᠶᠢᠨ ᠳᠠᠭᠠᠤ ᠲᠡᠷᠭᠡ ᠨᠡᠪᠲᠡᠷᠡᠭᠦᠯᠬᠦ ᠨᠥᠬᠦᠴᠡᠯ ᠳᠣᠣᠷ᠎ᠠ ᠥᠭᠡᠷᠡᠴᠢᠯᠡᠵᠦ ᠥᠷᠭᠡᠳᠬᠡᠨ | ᠪᠠᠶᠢᠭᠤᠯᠪᠠ᠂ ᠡᠨᠡ ᠤᠳᠠᠭᠠᠨ ᠤ ᠲᠡᠷᠭᠡ ᠨᠡᠪᠲᠡᠷᠡᠭᠰᠡᠨ ᠬᠡᠰᠡᠭ ᠨᠢ ᠭᠤᠤᠯ ᠱᠤᠭᠤᠮ ᠤᠨ ᠪᠠᠷᠠᠭᠤᠨ ᠲᠠᠯ᠎ᠠ ᠪᠣᠯᠣᠨ᠎ᠠ᠂ | ᠭᠤᠤᠯ ᠱᠤᠭᠤᠮ ᠤᠨ ᠵᠡᠭᠦᠨ ᠲᠠᠯ᠎ᠠ ᠨᠢ 2019 ᠣᠨ ᠤ 10 ᠳ᠋ᠤᠭᠠᠷ ᠰᠠᠷ᠎ᠠ ᠶᠢᠨ 12 ᠤᠨ ᠡᠳᠦᠷ ᠨᠢᠭᠡᠨᠲᠡ | ᠲᠡᠷᠭᠡ ᠨᠡᠪᠲᠡᠷᠡᠭᠰᠡᠨ ᠪᠠᠶᠢᠨ᠎ᠠ᠃ | ᠭᠤᠣᠯ ᠱᠤᠭᠤᠮ ᠤᠨ ᠥᠭᠡᠷᠡᠴᠢᠯᠡᠵᠦ ᠥᠷᠭᠡᠳᠬᠡᠨ ᠪᠠᠶᠢᠭᠤᠯᠤᠭᠰᠠᠨ ᠪᠦᠬᠦ ᠤᠷᠲᠤ ᠨᠢ 77 ᠺᠢᠯᠣᠮᠧᠲᠷ᠂ | ᠬᠤᠣᠰ ᠴᠢᠭᠯᠡᠯᠲᠦ ᠨᠠᠢᠮᠠᠨ ᠲᠡᠷᠭᠡᠨ ᠵᠠᠮ ᠤᠨ ᠪᠠᠷᠢᠮᠵᠢᠶ᠎ᠠ ᠪᠠᠷ ᠪᠦᠲᠦᠭᠡᠨ ᠪᠠᠶᠢᠭᠤᠯᠵᠤ᠂ ᠵᠢᠷᠤᠵᠤ ᠲᠥᠯᠥᠪᠯᠡᠭᠰᠡᠨ | ᠴᠠᠭ ᠤᠨ ᠬᠤᠷᠳᠤᠴᠠ ᠨᠢ 100km᠂ ᠵᠠᠮ ᠤᠨ ᠰᠠᠭᠤᠷᠢ ᠶᠢᠨ ᠥᠷᠭᠡᠨ ᠨᠢ 41 ᠮᠧᠲᠷ ᠪᠠᠶᠢᠵᠤ᠂ ᠪᠠᠷᠤᠭᠰᠢᠨ | ᠪᠧᠲ᠋ᠤᠨ ᠵᠠᠮ ᠤᠨ ᠭᠠᠳᠠᠷᠭᠤ ᠳᠡᠪᠢᠰᠴᠡᠢ᠃ ᠭᠤᠣᠯ ᠱᠤᠭᠤᠮ ᠨᠢ ᠪᠣᠭᠤᠲᠤ ᠠᠴᠠ ᠮᠣᠣᠮᠢᠩ ᠬᠦᠷᠬᠦ ᠳᠡᠭᠡᠳᠦ | ᠬᠤᠷᠳᠤ ᠶᠢᠨ ᠵᠠᠰᠠᠮᠠᠯ ᠵᠠᠮ ᠤᠨ ᠭᠤᠸᠠᠨ ᠨᠢᠶᠠᠨ ᠹᠠᠩ ᠤᠨ ᠰᠣᠯᠢᠪᠴᠠᠭᠠ ᠵᠥᠷᠯᠢᠭ ᠬᠦᠭᠦᠷᠭᠡ ︵ᠡᠬᠢᠯᠡᠯᠲᠡ ᠶᠢᠨ | ᠪᠠᠭᠠᠨ᠎ᠠ ᠶᠢᠨ ᠨᠣᠮᠧᠷ K62+958︶ ᠠᠴᠠ ᠡᠬᠢᠯᠡᠨ᠂ ᠠᠰᠠᠷ ᠤᠨ ᠬᠤᠭᠤᠯᠠᠢ᠂ ᠸᠠᠨ ᠯᠢ ᠪᠠᠯᠭᠠᠰᠤ᠂ | ᠳ᠋ᠦᠩᠱᠧᠩ ᠶᠢᠨ ᠬᠤᠶᠢᠲᠤ ᠪᠠᠷ ᠳᠠᠮᠵᠢᠨ᠂ ᠲᠡᠭᠦᠰᠬᠡᠯ ᠨᠢ ᠳ᠋ᠦᠩᠱᠧᠩ ᠤᠨ ᠭᠡᠳᠡᠷᠭᠡ ᠶᠢᠨ ᠰᠣᠯᠢᠪᠴᠠᠭᠠ ᠵᠥᠷᠯᠢᠭ | ᠬᠦᠭᠦᠷᠭᠡ ᠬᠦᠷᠦᠭᠡᠳ ᠷᠥᠩ ᠴᠧᠩ ᠠᠴᠠ ᠦᠬᠠᠢ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠲᠠᠢ ᠵᠠᠯᠭᠠᠳᠠᠭ᠃ | ᠭᠤᠣᠯ ᠱᠤᠭᠤᠮ ᠨᠢ ᠲᠥᠯᠥᠪᠯᠡᠭᠰᠡᠨ ᠪᠠᠷᠢᠯᠭ᠎ᠠ ᠶᠢᠨ ᠬᠤᠭᠤᠴᠠᠭ᠎ᠠ ᠠᠴᠠ ᠪᠠᠨ ᠬᠠᠭᠠᠰ ᠵᠢᠯ ᠤᠷᠢᠳᠴᠢᠯᠠᠨ | ᠨᠡᠪᠲᠡᠷᠡᠪᠡ᠃ | ᠪᠣᠭᠤᠲᠤ ᠶᠢᠨ ᠪᠠᠷᠠᠭᠤᠨ ᠳᠠᠬᠢ ᠵᠠᠯᠭᠠᠬᠤ ᠱᠤᠭᠤᠮ ᠤᠨ ᠪᠦᠬᠦ ᠤᠷᠲᠤ ᠨᠢ 61.1 ᠺᠢᠯᠣᠮᠧᠲᠷ᠂ ᠰᠢᠨ᠎ᠡ ᠪᠠᠷ | ᠪᠦᠲᠦᠭᠡᠨ ᠪᠠᠶᠢᠭᠤᠯᠤᠭᠰᠠᠨ ᠨᠢ 46.5 ᠺᠢᠯᠣᠮᠧᠲᠷ ᠪᠠᠶᠢᠵᠤ᠂ ᠬᠠᠲᠤᠨ ᠭᠤᠣᠯ ᠢ ᠳᠠᠭᠠᠭᠰᠠᠨ ᠵᠠᠰᠠᠮᠠᠯ ᠵᠠᠮ ᠢ 14. | 6 ᠺᠢᠯᠣᠮᠧᠲᠷ ᠠᠰᠢᠭᠯᠠᠨ᠂ ᠰᠢᠨ᠎ᠡ ᠪᠠᠷ ᠪᠦᠲᠦᠭᠡᠨ ᠪᠠᠶᠢᠭᠤᠯᠤᠭᠰᠠᠨ ᠬᠡᠰᠡᠭ ᠲᠤ ᠬᠤᠣᠰ ᠴᠢᠭᠯᠡᠯᠲᠦ ᠳᠥᠷᠪᠡᠨ | ᠲᠡᠷᠭᠡᠨ ᠵᠠᠮ ᠤᠨ ᠵᠠᠰᠠᠮᠠᠯ ᠵᠠᠮ ᠤᠨ ᠪᠠᠷᠢᠮᠵᠢᠶ᠎ᠠ ᠪᠠᠷ ᠪᠠᠶᠢᠭᠤᠯᠵᠤ᠂ ᠵᠢᠷᠤᠵᠤ ᠲᠥᠯᠥᠪᠯᠡᠭᠰᠡᠨ ᠴᠠᠭ ᠤᠨ ᠬᠤᠷᠳᠤᠴᠠ | ᠨᠢ 100km ᠪᠠᠶᠢᠵᠤ᠂ ᠵᠠᠮ ᠤᠨ ᠰᠠᠭᠤᠷᠢ ᠶᠢᠨ ᠥᠷᠭᠡᠨ ᠨᠢ 26 ᠮᠧᠲᠷ ᠪᠣᠯᠣᠨ᠎ᠠ᠃ ᠡᠭᠦᠨ ᠳᠤ 4.3 | ᠺᠢᠯᠣᠮᠧᠲᠷ ᠤᠷᠲᠤ ᠬᠠᠲᠤᠨ ᠭᠤᠣᠯ ᠤᠨ ᠣᠨᠴᠠ ᠶᠡᠭᠡ ᠬᠦᠭᠦᠷᠭᠡ ᠶᠢ ᠰᠢᠨ᠎ᠡ ᠪᠠᠷ ᠪᠠᠶᠢᠭᠤᠯᠵᠤ᠂ ᠭᠤᠣᠯ | ᠬᠥᠭᠦᠷᠭᠡ ᠶᠢᠨ ᠤᠷᠲᠤ ᠨᠢ 1.52 ᠺᠢᠯᠣᠮᠧᠲᠷ ᠪᠠᠶᠢᠵᠤ᠂ ᠤᠯᠤᠰ ᠤᠨ ᠳᠣᠲᠣᠭᠠᠳᠤ ᠶᠢᠨ ᠠᠳᠠᠯᠢ ᠪᠦᠲᠦᠴᠡ ᠲᠠᠢ | ᠬᠠᠮᠤᠭ ᠤᠨ ᠤᠷᠲᠤ ᠥᠷᠭᠦᠯᠵᠢᠯᠡᠭᠰᠡᠨ ᠨᠢᠷᠤᠭᠤᠲᠤ ᠬᠦᠭᠦᠷᠭᠡ ᠪᠣᠯᠣᠨ᠎ᠠ᠃ | ᠪᠦᠬᠦ ᠱᠤᠭᠤᠮ ᠳᠤ 7 ᠬᠡᠰᠡᠭ ᠰᠣᠯᠢᠪᠴᠠᠭᠠ ᠵᠦᠷᠯᠢᠭ ᠬᠦᠭᠦᠷᠭᠡ ᠪᠦᠲᠦᠭᠡᠨ ᠪᠠᠶᠢᠭᠤᠯᠪᠠ᠄ ᠭᠤᠸᠠᠨ ᠨᠢᠶᠠᠨ | ᠹᠠᠩ ᠤᠨ ᠰᠣᠯᠢᠪᠴᠠᠭᠠ ᠵᠥᠷᠯᠢᠭ ᠬᠦᠭᠦᠷᠭᠡ᠂ ᠱᠠᠭᠵᠠᠮᠤᠨᠢ ᠶᠢᠨ ᠰᠦᠮ᠎ᠡ ᠶᠢᠨ ᠡᠮᠦᠨᠡᠬᠢ ᠰᠣᠯᠢᠪᠴᠠᠭᠠ ᠵᠥᠷᠯᠢᠭ | ᠬᠦᠭᠦᠷᠭᠡ᠂ ᠪᠦᠷᠢᠶ᠎ᠡ ᠮᠠᠩᠬ᠎ᠠ ᠶᠢᠨ ᠰᠣᠯᠢᠪᠴᠠᠭᠠ ᠵᠥᠷᠯᠢᠭ ᠬᠦᠭᠦᠷᠭᠡ᠂ ᠸᠠᠨ ᠯᠢ ᠪᠠᠯᠭᠠᠰᠤ ᠶᠢᠨ ᠰᠣᠯᠢᠪᠴᠠᠭᠠ | ᠵᠥᠷᠯᠢᠭ ᠬᠦᠭᠦᠷᠭᠡ᠂ ᠳ᠋ᠦᠩᠱᠧᠩ ᠤᠨ ᠬᠤᠶᠢᠲᠤ ᠰᠣᠯᠢᠪᠴᠠᠭᠠ ᠵᠥᠷᠯᠢᠭ ᠬᠦᠭᠦᠷᠭᠡ᠂ ᠳ᠋ᠦᠩᠱᠧᠩ ᠤᠨ ᠪᠠᠷᠠᠭᠤᠨ | ᠲᠠᠯ᠎ᠠ ᠶᠢᠨ ᠰᠣᠯᠢᠪᠴᠠᠭᠠ ᠵᠥᠷᠯᠢᠭ ᠬᠦᠭᠦᠷᠭᠡ᠂ ᠭᠡᠳᠡᠷᠭᠡ ᠶᠢᠨ ᠰᠣᠯᠢᠪᠴᠠᠭᠠ ᠵᠥᠷᠯᠢᠭ ᠬᠦᠭᠦᠷᠭᠡ᠃ | ᠠᠶᠠᠯᠠᠨ ᠶᠠᠪᠤᠬᠤ ᠠᠷᠭ᠎ᠠ | ᠬᠤᠷᠳᠤᠴᠠ ᠶᠢ 100km/ ᠴᠠᠭ ᠢᠶᠠᠷ ᠬᠢᠵᠠᠭᠠᠷᠯᠠᠨ᠎ᠠ | ᠬᠤᠷᠳᠤᠴᠠ ᠬᠡᠮᠵᠢᠬᠦ ᠴᠡᠭ 3 ᠪᠠᠶᠢᠨ᠎ᠠ | 47 ᠺᠢᠯᠣᠮᠧᠲᠷ ᠤᠨ ᠬᠡᠰᠡᠭ ᠲᠤ ᠭᠱᠠᠨ ᠵᠠᠭᠤᠷ᠎ᠠ ᠶᠢᠨ ᠬᠤᠷᠳᠤᠴᠠ ᠶᠢ ᠬᠡᠮᠵᠢᠨ᠎ᠡ | 70 ᠠᠴᠠ85 ᠺᠢᠯᠣᠮᠧᠲᠷ ᠤᠨ ᠬᠡᠰᠡᠭ ᠲᠤ ᠣᠷᠣᠨ ᠪᠠᠶᠢᠷᠢ ᠶᠢᠨ ᠵᠠᠢ ᠶᠢᠨ ᠬᠤᠷᠳᠤᠴᠠ ᠶᠢ ᠬᠡᠮᠵᠢᠨ᠎ᠡ | ᠤᠷᠲᠤᠳᠬᠠᠯ ᠱᠤᠭᠤᠮ S418 ᠺᠢᠯᠣᠮᠧᠲᠷ ᠤᠨ ᠬᠡᠰᠡᠭ ᠲᠤ ᠭᠱᠠᠨ ᠵᠠᠭᠤᠷ᠎ᠠ ᠶᠢᠨ ᠬᠤᠷᠳᠤᠴᠠ ᠶᠢ | ᠬᠡᠮᠵᠢᠨ᠎ᠡ | ᠴᠢᠬᠤᠯᠠ ᠶᠡᠭᠡ ᠠᠴᠢ ᠬᠤᠯᠪᠣᠭᠳᠠᠯ | G65 ᠪᠣᠭᠤᠲᠤ ᠠᠴᠠ ᠮᠣᠣᠮᠢᠩ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ ᠪᠤᠭᠤᠲᠤ ᠠᠴᠠ | ᠳ᠋ᠦᠩᠱᠧᠩ ᠬᠥᠷᠬᠦ ᠬᠡᠰᠡᠭ ᠤᠨ ᠥᠭᠡᠷᠡᠴᠢᠯᠡᠵᠦ ᠥᠷᠭᠡᠳᠬᠡᠨ ᠪᠠᠶᠢᠭᠤᠯᠬᠤ ᠢᠨᠵᠧᠨᠧᠷᠢᠩ ᠪᠣᠯ ᠮᠠᠨ ᠤ ᠣᠷᠣᠨ ᠤ | ᠪᠡᠭᠡᠵᠢᠩ ᠠᠴᠠ ᠲᠥᠪᠡᠳ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ ᠬᠦᠬᠡᠬᠤᠲᠠ ᠠᠴᠠ ᠪᠣᠭᠤᠲᠤ ᠬᠦᠷᠬᠦ | ᠬᠡᠰᠡᠭ ᠤᠨ ᠥᠭᠡᠷᠡᠴᠢᠯᠡᠵᠦ ᠥᠷᠭᠡᠳᠬᠡᠨ ᠪᠠᠶᠢᠭᠤᠯᠤᠭᠰᠠᠨ ᠤ ᠳᠠᠷᠠᠭᠠᠬᠢ ᠬᠤᠶᠠᠳᠤᠭᠠᠷ ᠨᠠᠢᠮᠠᠨ ᠲᠡᠷᠭᠡᠨ ᠵᠠᠮ ᠤᠨ | ᠳᠡᠭᠡᠳᠦ ᠬᠤᠷᠳᠤ ᠶᠢᠨ ᠵᠠᠰᠠᠮᠠᠯ ᠵᠠᠮ ᠪᠣᠯᠣᠨ᠎ᠠ᠂ ᠲᠥᠷᠥᠯ ᠵᠦᠢᠯ ᠢ ᠪᠦᠬᠦᠨ ᠢ ᠪᠦᠲᠦᠭᠡᠨ ᠪᠠᠶᠢᠭᠤᠯᠵᠤ | ᠳᠠᠭᠤᠰᠤᠭᠰᠠᠨ ᠤ ᠳᠠᠷᠠᠭ᠎ᠠ ᠬᠦᠬᠡᠬᠤᠲᠠ ᠪᠣᠭᠤᠲᠤ ᠣᠷᠳᠣᠰ ᠭᠤᠷᠪᠠᠨ ᠬᠤᠲᠠ ᠶᠢᠨ ᠬᠤᠭᠤᠷᠤᠨᠳᠤᠬᠢ ᠪᠦᠬᠦ | ᠱᠤᠭᠤᠮ ᠤᠨ ᠨᠠᠢᠮᠠᠨ ᠲᠡᠷᠭᠡᠨ ᠵᠠᠮ ᠢᠶᠠᠷ ᠨᠡᠪᠲᠡᠷᠡᠬᠦ ᠵᠠᠮ ᠤᠨ ᠲᠣᠣᠷ ᠤᠨ ᠪᠠᠶᠢᠷᠢᠯᠠᠭᠤᠯᠤᠯᠲᠠ ᠶᠢ ᠪᠡᠶᠡᠯᠡᠭᠦᠯᠦᠨ᠎ᠡ᠃ | ᠲᠤᠰ ᠵᠠᠮ ᠤᠨ ᠪᠦᠲᠦᠭᠡᠨ ᠪᠠᠶᠢᠭᠤᠯᠤᠯᠲᠠ ᠳᠠᠭᠤᠰᠴᠤ ᠲᠡᠷᠭᠡ ᠨᠡᠪᠲᠡᠷᠡᠬᠦ ᠨᠢ ᠥᠪᠥᠷ ᠮᠣᠩᠭᠤᠯ ᠤᠨ ᠵᠠᠮ ᠤᠨ | ᠲᠣᠣᠷ ᠤᠨ ᠪᠠᠶᠢᠷᠢᠯᠠᠭᠤᠯᠤᠯᠲᠠ ᠶᠢ ᠤᠯᠠᠮ ᠲᠡᠭᠦᠯᠳᠡᠷᠵᠢᠭᠦᠯᠵᠦ᠂ ᠳᠡᠭᠡᠳᠦ ᠬᠤᠷᠳᠤ ᠶᠢᠨ ᠵᠠᠰᠠᠮᠠᠯ ᠵᠠᠮ ᠤᠨ | ᠬᠠᠩᠭᠠᠯᠭ᠎ᠠ ᠶᠢᠨ ᠴᠢᠳᠠᠪᠤᠷᠢ ᠶᠢ ᠳᠡᠭᠡᠭᠰᠢᠯᠡᠭᠦᠯᠦᠨ᠂ ᠬᠦᠬᠡᠬᠤᠲᠠ ᠪᠣᠭᠤᠲᠤ ᠣᠷᠳᠣᠰ ᠲᠡᠮᠡᠭᠡᠲᠦ ᠶᠢᠨ ᠠᠵᠤ | ᠠᠬᠤᠢ ᠶᠢᠨ ᠣᠷᠣᠨ ᠪᠠ ︽ᠬᠦᠬᠡᠬᠤᠲᠠ ᠪᠣᠭᠤᠲᠤ ᠣᠷᠳᠣᠰ ᠬᠤᠲᠠ ᠶᠢᠨ ᠪᠥᠭᠡᠮᠨᠡᠷᠡᠯ︾ ᠤᠨ ᠬᠥᠭᠵᠢᠯᠲᠡ ᠶᠢ | ᠠᠬᠢᠭᠤᠯᠵᠤ᠂ ᠥᠪᠥᠷ ᠮᠣᠩᠭᠤᠯ ᠤᠨ ᠡᠬᠢ ᠪᠠᠶᠠᠯᠢᠭ ᠤᠨ ᠨᠡᠬᠡᠬᠡᠯᠲᠡ ᠪᠠ ᠠᠵᠤ ᠠᠬᠤᠢ ᠨᠡᠶᠢᠭᠡᠮ ᠤᠨ | ᠬᠥᠭᠵᠢᠯᠲᠡ ᠶᠢ ᠠᠬᠢᠭᠤᠯᠬᠤ ᠳᠤ ᠲᠦᠢᠯ ᠤᠨ ᠴᠢᠬᠤᠯᠠ ᠠᠴᠢ ᠬᠤᠯᠪᠣᠭᠳᠠᠯ ᠲᠠᠢ ᠶᠤᠮ᠃ | G65 ᠪᠣᠭᠤᠲᠤ ᠠᠴᠠ ᠮᠣᠣᠮᠢᠩ ᠬᠦᠷᠬᠦ ᠳᠡᠭᠡᠳᠦ ᠬᠤᠷᠳᠤ ᠶᠢᠨ ᠵᠠᠰᠠᠮᠠᠯ ᠵᠠᠮ ᠤᠨ ᠪᠦᠬᠦ ᠤᠷᠲᠤ ᠨᠢ | 3130 ᠺᠢᠯᠣᠮᠧᠲᠷ ᠪᠠᠶᠢᠵᠤ᠂ ᠤᠯᠤᠰ ᠤᠨ ᠳᠡᠭᠡᠳᠦ ᠬᠤᠷᠳᠤ ᠶᠢᠨ ᠵᠠᠰᠠᠮᠠᠯ ᠵᠠᠮ ᠤᠨ ᠲᠣᠣᠷ ᠤᠨ ᠳᠣᠯᠣᠳᠤᠭᠠᠷ | ᠭᠤᠯᠳᠤ ᠱᠤᠭᠤᠮ ᠮᠦᠨ᠂ ᠮᠠᠨ ᠤ ᠤᠯᠤᠰ ᠤᠨ ᠤᠮᠠᠷᠠᠲᠤ ᠬᠡᠰᠡᠭ᠂ ᠪᠠᠷᠠᠭᠤᠨ ᠬᠤᠶᠢᠲᠤ ᠬᠡᠰᠡᠭ᠂ ᠪᠠᠷᠠᠭᠤᠨ | ᠡᠮᠦᠨ᠎ᠡ ᠬᠡᠰᠡᠭ ᠢ ᠭᠤᠯᠳᠤ ᠪᠠᠷ ᠬᠤᠯᠪᠣᠭᠰᠠᠨ ᠶᠡᠭᠡ ᠨᠡᠪᠲᠡᠷᠡᠯ ᠵᠠᠮ ᠪᠣᠯᠣᠨ᠎ᠠ᠂ ᠪᠣᠭᠤᠲᠤ ᠠᠴᠠ ᠡᠬᠢᠯᠡᠨ᠂ ᠰᠢ ᠠᠨ᠂ | ᠠᠨ ᠺᠠᠩ᠂ ᠴᠦᠩᠴᠢᠩ᠂ ᠵᠢᠢ ᠱᠸᠦ᠂ ᠬᠤᠸᠠᠢ ᠬᠤᠸᠠ᠂ ᠭᠦᠢᠯᠢᠨ᠂ ᠡᠦ ᠵᠸᠥ ᠵᠡᠷᠭᠡ ᠭᠤᠣᠯ ᠪᠣᠯᠬᠤ | ᠬᠤᠲᠠ ᠪᠠᠷ ᠳᠠᠮᠵᠢᠵᠤ᠂ ᠲᠡᠭᠦᠰᠬᠡᠯ ᠨᠢ ᠭᠤᠸᠠᠩᠳᠦ᠋ᠩ ᠤᠨ ᠮᠣᠣᠮᠢᠩ ᠬᠦᠷᠳᠡᠭ᠃ |