| | | 2 ᠰᠠᠷ᠎ᠠ ᠶᠢᠨ 11 ᠤ ᠥᠳᠡ ᠶᠢᠨ ᠡᠮᠥᠨ᠎ᠠ᠂ ᠥᠪᠡᠷᠳᠡᠭᠡᠨ ᠵᠠᠰᠠᠬᠤ ᠤᠷᠤᠨ ᠤ ᠰᠢᠨ᠎ᠠ ᠲᠢᠳᠢᠮᠯᠢᠭ | ᠠᠭᠤᠰᠬᠢᠨ ᠥᠷᠪᠢᠰᠥᠯ ᠤᠨ ᠭᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠥᠭᠤᠳᠬᠤ ᠭᠠᠵᠠᠷ | ᠰᠤᠨᠢᠨ ᠮᠡᠳᠡᠭᠡ ᠨᠡᠶᠢᠳᠡᠯᠡᠬᠦ ᠬᠤᠷᠠᠯ ᠬᠢᠪᠠ᠃ ᠬᠤᠷᠠᠯ ᠲᠡᠭᠡᠷ᠎ᠠ᠂ ᠥᠪᠡᠷᠲᠡᠭᠡᠨ ᠵᠠᠰᠠᠬᠤ ᠣᠷᠣᠨ ᠤ ᠬᠢᠵᠢᠭ ᠢ | ᠰᠡᠷᠭᠡᠶᠢᠯᠡᠨ ᠡᠵᠡᠮᠳᠡᠬᠦ ᠶᠡᠷᠦᠩᠬᠡᠶ ᠲᠥᠪ ᠤᠨ ᠡᠷᠬᠢᠯᠡᠭᠴᠢ ᠸᠠᠩ ᠸᠧᠨ ᠷᠦᠢ᠂ ᠥᠪᠡᠷᠲᠡᠭᠡᠨ ᠵᠠᠰᠠᠬᠤ ᠣᠷᠣᠨ ᠤ | ᠠᠷᠠᠳ ᠤᠨ ᠡᠮᠨᠡᠯᠭᠡ ᠶᠢᠨ ᠬᠤᠷᠢᠶ᠎ᠠ ᠶᠢᠨ ᠳᠠᠷᠤᠭ᠎ᠠ ᠰᠦᠨ ᠳ᠋ᠧ ᠵᠢᠶᠦ᠋ᠨ ᠮᠠᠨ ᠤ ᠤᠷᠤᠨ ᠤ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠠᠵᠢᠯ ᠤᠨ ᠡᠮ ᠡᠮᠨᠡᠯᠭᠡ ᠶᠢᠨ ᠠᠪᠤᠷᠠᠨ ᠵᠠᠰᠠᠬᠤ ᠠᠵᠢᠯ ᠤᠨ ᠲᠤᠬᠠᠢ ᠰᠤᠷᠪᠤᠯᠵᠢᠯᠠᠬᠴᠢ ᠶᠢᠨ | ᠠᠰᠠᠭᠤᠯᠳᠠ ᠶᠢ ᠬᠠᠷᠢᠭᠤᠯᠪᠠ᠃ | ᠰᠤᠷᠪᠤᠯᠵᠢᠯᠠᠬᠴᠢ᠄ ᠮᠠᠨ ᠤ ᠣᠷᠣᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ | ᠪᠠᠶᠢᠳᠠᠯ ᠤᠨ ᠲᠤᠬᠠᠶ ᠲᠠ ᠲᠠᠨᠢᠯᠴᠠᠭᠤᠯᠤᠭᠠᠳ ᠥᠭᠭᠦᠨ᠎ᠠ ᠤᠤ︖ | ᠸᠠᠩ ᠸᠧᠨ ᠷᠦᠢ᠄ ᠮᠠᠨ ᠤ ᠣᠷᠣᠨ 1 ᠰᠠᠷ᠎ᠠ ᠶᠢᠨ 24 ᠤ ᠡᠳᠦᠷ ᠠᠩᠬᠠᠨ ᠤ ᠰᠢᠨ᠎ᠡ ᠲᠢᠲᠢᠮᠯᠢᠭ | ᠠᠭᠤᠰᠬᠢᠨ ᠦᠷᠪᠢᠰᠦᠯ ᠤᠨ ᠡᠪᠡᠳᠴᠢᠨ ᠤ ᠵᠢᠱᠢᠶ᠎ᠡ ᠶᠢ ᠣᠨᠣᠰᠢᠯᠠᠭᠰᠠᠨ ᠠᠴᠠ ᠨᠠᠭᠠᠰᠢ᠂ ᠳᠠᠷᠠᠭ᠎ᠠ ᠪᠠᠷ ᠡᠳᠦᠷ | ᠪᠦᠷᠢ ᠰᠢᠨ᠎ᠡ ᠪᠠᠷ ᠨᠡᠮᠡᠭᠳᠡᠭᠰᠡᠨ ᠡᠪᠡᠳᠴᠢᠨ ᠤ ᠵᠢᠱᠢᠶ᠎ᠡ ᠶᠢᠨ ᠮᠡᠳᠡᠭᠦᠯᠦᠯᠲᠡ ᠲᠠᠢ᠃ | 2 ᠰᠠᠷ᠎ᠠ ᠶᠢᠨ 11 ᠤ ᠡᠳᠦᠷ ᠤᠨ 9 ᠴᠠᠭ ᠪᠣᠯᠲᠠᠯ᠎ᠠ᠂ ᠪᠥᠬᠦ ᠣᠷᠣᠨ ᠳᠤ ᠨᠡᠶᠢᠲᠡ 58 ᠣᠨᠣᠰᠢᠯᠠᠭᠰᠠᠨ | ᠡᠪᠡᠳᠴᠢᠨ ᠤ ᠵᠢᠱᠢᠶ᠎ᠡ ᠶᠢ ᠮᠡᠳᠡᠭᠦᠯᠵᠦ᠂ 11 ᠰᠡᠵᠢᠭᠯᠡᠯᠲᠡᠶ ᠡᠪᠡᠳᠴᠢᠨ ᠤ ᠵᠢᠱᠢᠶ᠎ᠠ ᠶᠢ ᠮᠡᠳᠡᠭᠦᠯᠪᠡ︔ ᠪᠥᠬᠦ | ᠣᠷᠣᠨ ᠤ 11 ᠠᠶᠢᠮᠠᠭ ᠬᠤᠲᠠ ︵ᠠᠯᠠᠱᠠ ᠠᠶᠢᠮᠠᠭ ᠠᠴᠠ ᠭᠠᠳᠠᠨ᠎ᠠ︶᠂ 30 ᠬᠤᠰᠢᠭᠤᠨ ︵ᠰᠢᠶᠠᠨ᠂ | ᠲᠣᠭᠤᠷᠢᠭ︶ ᠳᠤ ᠲᠠᠷᠬᠠᠵᠤ ᠪᠣᠶ᠃ ᠮᠡᠳᠡᠭᠦᠯᠦᠭᠰᠡᠨ ᠡᠪᠡᠳᠴᠢᠨ ᠤ ᠵᠢᠱᠢᠶ᠎ᠡ ᠶᠢᠨ ᠳᠤᠮᠳᠠ ᠬᠠᠯᠳᠠᠪᠤᠷᠢᠯᠠᠨ | ᠡᠭᠦᠰᠥᠭᠰᠡᠨ ᠡᠪᠡᠳᠴᠢᠨ ᠤ ᠵᠢᠱᠢᠶ᠎ᠡ ᠨᠡᠶᠢᠲᠡ 27 ᠪᠠᠶᠢᠵᠤ᠂ ᠬᠠᠯᠳᠠᠪᠤᠷᠢᠯᠠᠨ ᠡᠭᠦᠰᠥᠭᠰᠡᠨ ᠡᠪᠡᠳᠴᠢᠨ ᠤ ᠵᠢᠱᠢᠶ᠎ᠡ | ᠢᠯᠡᠷᠡᠭᠰᠡᠨ ᠵᠢᠴᠢ ᠨᠡᠮᠡᠭᠳᠡᠭᠰᠡᠨ ᠨᠢ ᠭᠤᠤᠯᠳᠠᠭᠤ ᠭᠡᠷ ᠪᠦᠯᠢ ᠶᠢᠨ ᠬᠥᠮᠥᠰ ᠴᠤᠬᠯᠠᠷᠠᠨ ᠬᠠᠯᠳᠠᠪᠤᠷᠢᠯᠠᠬᠰᠠᠨ ᠴᠢᠨᠠᠷᠳᠠᠢ | ᠬᠢᠵᠢᠭ ᠤᠨ ᠪᠠᠶᠢᠳᠠᠯ ᠲᠠᠢ ᠬᠤᠯᠪᠣᠭ᠎ᠠ ᠲᠠᠢ ᠪᠠᠶᠢᠵᠤ᠂ ᠥᠪᠡᠷᠲᠡᠭᠡᠨ ᠵᠠᠰᠠᠬᠤ ᠣᠷᠣᠨ ᠭᠡᠷ ᠪᠦᠯᠢ ᠶᠢᠨ ᠬᠥᠮᠥᠰ | ᠴᠤᠬᠯᠠᠷᠠᠨ ᠬᠠᠯᠳᠠᠪᠤᠷᠢᠯᠠᠬᠰᠠᠨ ᠴᠢᠨᠠᠷᠲᠠᠶ ᠬᠢᠵᠢᠭ ᠤᠨ ᠪᠠᠶᠢᠳᠠᠯ ᠢ ᠨᠡᠶᠢᠲᠡ 7 ᠤᠳᠠᠭ᠎ᠠ ᠮᠡᠳᠡᠭᠦᠯᠵᠦ᠂ ᠠᠶᠢᠮᠠᠭ | ᠬᠤᠲᠠ ᠳᠤ ᠬᠥᠬᠡᠬᠤᠲᠠ᠂ ᠪᠤᠭᠤᠲᠤ᠂ ᠤᠯᠠᠭᠠᠨᠬᠠᠳᠠ᠂ ᠲᠦᠩᠯᠢᠶᠣᠤ᠂ ᠣᠷᠳᠣᠰ᠂ ᠬᠥᠯᠥᠨ ᠪᠦᠢᠷ ᠪᠠ ᠪᠠᠶᠠᠨᠨᠠᠭᠤᠷ | ᠵᠡᠷᠭᠡ ᠭᠠᠵᠠᠷ ᠤᠷᠤᠨ ᠳᠤ ᠬᠤᠯᠪᠣᠭᠳᠠᠵᠠᠶ᠃ | ᠰᠤᠷᠪᠤᠯᠵᠢᠯᠠᠬᠴᠢ᠄ ︽ᠭᠡᠷ ᠪᠦᠯᠢ ᠶᠢᠨ ᠬᠥᠮᠥᠰ ᠴᠤᠬᠯᠠᠷᠠᠨ ᠬᠠᠯᠳᠠᠪᠤᠷᠢᠯᠠᠬᠰᠠᠨ ᠴᠢᠨᠠᠷᠲᠠᠶ ᠬᠢᠵᠢᠭ ᠤᠨ | ᠪᠠᠶᠢᠳᠠᠯ︾ ᠤᠨ ᠲᠤᠬᠠᠢ ᠨᠡᠶᠢᠲᠡᠯᠢᠭ ᠬᠡᠷᠡᠭ ᠤᠨ ᠵᠢᠱᠢᠶ᠎ᠡ ᠶᠢ ᠶᠡᠷᠢᠭᠠᠳ ᠥᠭᠭᠦᠨ᠎ᠠ ᠤᠤ︖ | ᠸᠠᠩ ᠸᠧᠨ ᠷᠥᠢ᠄ ᠬᠡᠷᠡᠭ ᠤᠨ ᠵᠢᠱᠢᠶ᠎ᠡ ᠨᠢᠬᠡ᠄ 2020 ᠣᠨ ᠤ 1 ᠰᠠᠷ᠎ᠠ ᠶᠢᠨ 19 ᠤ ᠡᠳᠦᠷ ᠯᠢ | ᠣᠪᠣᠭᠲᠤ ᠦᠬᠠᠨ ᠠᠴᠠ ᠪᠤᠭᠤᠲᠤ ᠬᠤᠲᠠ ᠶᠢᠨ ᠲᠦᠮᠡᠳ ᠪᠠᠷᠠᠭᠤᠨ ᠬᠤᠰᠢᠭᠤᠨ ᠳᠤ ᠰᠠᠭᠤᠭ᠎ᠠ ᠠᠪᠤ ᠡᠵᠢ ᠶᠢᠨ | ᠢᠶᠠᠨ ᠬᠡᠷ ᠲᠤ ᠬᠠᠷᠢᠵᠤ ᠢᠷᠡᠨ᠂ ᠠᠪᠤ ᠡᠵᠢ ᠲᠠᠢ ᠪᠠᠨ ᠬᠠᠮᠲᠤ ᠰᠠᠭᠤᠯᠴᠠᠵᠥ᠂ ᠬᠡᠷ ᠪᠦᠯᠢ ᠶᠢᠨ ᠲᠤᠰᠠᠭᠠᠷᠯᠠᠵᠤ | ᠰᠡᠷᠭᠡᠶᠢᠯᠡᠨ ᠡᠵᠡᠮᠳᠡᠬᠦ ᠪᠦᠲᠦᠮᠵᠢᠲᠡᠶ ᠠᠷᠭ᠎ᠠ ᠠᠪᠤᠭᠰᠠᠨ ᠥᠬᠡᠶ᠃ 2 ᠰᠠᠷ᠎ᠠ ᠶᠢᠨ 1 ᠤ ᠡᠳᠦᠷ ᠯᠢ ᠣᠪᠣᠭᠲᠤ | ᠪᠣᠯᠤᠨ ᠲᠡᠭᠦᠨ ᠤ ᠡᠵᠢ ᠹᠦ᠋ ᠣᠪᠣᠭᠲᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠡᠪᠡᠳᠴᠢᠲᠡᠨ ᠢᠶᠠᠷ | ᠣᠨᠣᠰᠢᠯᠠᠭᠳᠠᠵᠤ᠂ 2 ᠰᠠᠷ᠎ᠠ ᠶᠢᠨ 2 ᠤᠨ ᠡᠳᠦᠷ ᠯᠢ ᠣᠪᠣᠭᠲᠤ ᠶᠢᠨ ᠠᠪᠤ ᠨᠢ ᠴᠤ ᠣᠨᠣᠰᠢᠯᠠᠭᠳᠠᠪᠠ᠃ ᠳ᠋ᠦ᠋ | ᠣᠪᠣᠭᠲᠤ ᠶᠢᠨ ᠭᠡᠷ ᠨᠢ ᠯᠢ ᠣᠪᠣᠭᠲᠤ ᠶᠢᠨ ᠠᠪᠤ ᠡᠵᠢ ᠶᠢᠨ ᠠᠰᠠᠷ ᠤᠨ ᠳᠡᠭᠡᠷ᠎ᠡ ᠲᠠᠪᠬᠤᠷᠯᠢᠬ ᠲᠤ ᠪᠠᠶᠢᠳᠠᠬ᠃ ᠳ᠋ᠦ᠋ | ᠣᠪᠣᠭᠲᠤ ᠵᠢᠴᠢ ᠲᠡᠭᠦᠨ ᠤ ᠭᠡᠷ ᠤᠨ ᠬᠥᠮᠦᠰ ᠨᠢ ᠦᠷᠭᠦᠯᠵᠢ ᠯᠢ ᠣᠪᠣᠭᠲᠤ ᠶᠢᠨ ᠠᠪᠤ ᠡᠵᠢ ᠶᠢᠨ ᠭᠡᠷ ᠤᠨ | ᠡᠬᠦᠳᠠ ᠪᠠᠷ ᠥᠩᠭᠡᠷᠡᠳᠡᠭ ᠮᠥᠷᠲᠡᠭᠡᠨ ᠯᠢ ᠣᠪᠣᠭᠲᠤ ᠶᠢᠨ ᠠᠪᠤ ᠨᠢ ᠵᠠᠷᠢᠮ ᠳᠠᠭᠠᠨ ᠡᠭᠦᠳᠡ ᠪᠠᠨ ᠬᠠᠭᠠᠬᠰᠠᠨ ᠦᠭᠡᠢ | ᠪᠠᠶᠢᠳᠠᠯ ᠳᠤ ᠡᠬᠦᠳᠠ ᠪᠠᠷ ᠨᠢ ᠣᠶᠢᠷᠠᠬᠠᠨ ᠵᠠᠶ ᠪᠠᠷ ᠥᠡᠭᠭᠡᠷᠡᠳᠡᠭ᠃ ᠰᠡᠭᠦᠯᠡᠷ ᠨᠢ ᠳ᠋ᠦ᠋ ᠣᠪᠣᠭᠲᠤ ᠶᠢᠨ ᠭᠡᠷ ᠪᠦᠯᠢ | ᠶᠢᠨ ᠬᠥᠮᠥᠰ ᠬᠠᠮᠲᠤ ᠬᠤᠭᠤᠯᠠᠯᠠᠪᠡ᠃ ᠬᠤᠭᠤᠯᠠᠨ ᠤ ᠳᠠᠷᠠᠭ᠎ᠠ ᠳ᠋ᠦ᠋ ᠣᠪᠣᠭᠲᠤ᠂ ᠳ᠋ᠦ᠋ ᠣᠪᠣᠭᠲᠤ ᠶᠢᠨ ᠶᠡᠭᠡ ᠪᠡᠷᠢ᠂ | ᠳ᠋ᠦ᠋ ᠣᠪᠣᠭᠲᠤ ᠶᠢᠨ ᠬᠤᠶᠠᠳᠤᠭᠠᠷ ᠪᠡᠷᠢ᠂ ᠳ᠋ᠦ᠋ ᠣᠪᠣᠭᠲᠤ ᠶᠢᠨ ᠬᠤᠶᠠᠳᠤᠭᠠᠷ ᠣᠮᠪᠣᠯᠣ ᠥᠬᠢᠨ᠂ ᠳ᠋ᠦ᠋ ᠣᠪᠣᠭᠲᠤ | ᠶᠢᠨ ᠬᠤᠶᠠᠳᠤᠭᠠᠷ ᠣᠮᠪᠣᠯᠣ ᠥᠬᠢᠨ ᠤ ᠡᠷ᠎ᠡ ᠨᠦᠬᠦᠷ᠂ ᠳ᠋ᠦ᠋ ᠣᠪᠣᠭᠲᠤ ᠶᠢᠨ ᠵᠢᠭᠡ ᠣᠮᠪᠣᠯᠣ ᠥᠬᠢᠨ ᠨᠢ | ᠵᠠᠯᠭᠠᠭ᠎ᠠ ᠪᠠᠷ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠡᠪᠡᠳᠴᠢᠲᠡᠨ ᠢᠶᠠᠷ ᠣᠨᠣᠰᠢᠯᠠᠬᠳᠠᠪᠠ᠃ | ᠬᠡᠷᠡᠭ ᠤᠨ ᠵᠢᠱᠢᠶ᠎ᠡ ᠬᠤᠶᠠᠷ᠄ 2020 ᠣᠨ ᠤ 1 ᠰᠠᠷ᠎ᠠ ᠶᠢᠨ 19 ᠤ ᠡᠳᠦᠷ ᠰᠦᠩ ᠣᠪᠣᠭᠲᠤ ᠡᠵᠢ | ᠪᠣᠯᠤᠨ ᠡᠬᠡᠨᠡᠷ ᠲᠠᠢ ᠪᠠᠨ ᠬᠠᠮᠲᠤ ᠲᠡᠷᠭᠡ ᠵᠢᠯᠣᠭᠤᠳᠴᠤ᠂ ᠦᠬᠠᠨ ᠠᠴᠠ ᠣᠷᠳᠣᠰ ᠬᠤᠳᠠ ᠶᠢᠨ ᠳᠠᠯᠠᠳ | ᠬᠤᠰᠢᠭᠤᠨ ᠳᠤ ᠪᠤᠴᠠᠬᠤ ᠪᠠᠷ ᠵᠠᠮ ᠬᠥᠬᠡᠬᠡᠵᠥ᠂ 20 ᠤ ᠡᠳᠦᠷ ᠭᠡᠷ ᠲᠡᠭᠡᠨ ᠬᠦᠷᠴᠦ᠂ ᠠᠪᠤ ᠲᠠᠢ ᠪᠠᠨ ᠬᠠᠮᠲᠤ | ᠰᠠᠭᠤᠯᠴᠠᠪᠠ᠃ ᠰᠥᠡᠭ ᠤᠪᠤᠬᠳᠤ ᠭᠡᠷ ᠲᠡᠭᠡᠨ ᠰᠠᠭᠤᠵᠤ ᠲᠤᠰᠠᠭᠠᠷᠯᠠᠨ ᠰᠡᠷᠭᠡᠶᠢᠯᠡᠨ ᠡᠵᠡᠮᠳᠡᠬᠦ ᠪᠦᠲᠦᠮᠵᠢᠲᠡᠶ | ᠠᠷᠭ᠎ᠠ ᠬᠡᠮᠵᠢᠶ᠎ᠡ ᠠᠪᠤᠭᠰᠠᠨ ᠦᠭᠡᠢ᠃ 1 ᠰᠠᠷ᠎ᠠ ᠶᠢᠨ 29 ᠤ ᠡᠳᠦᠷ ᠰᠦᠩ ᠣᠪᠣᠭᠲᠤ ᠶᠢ ᠰᠢᠨ᠎ᠡ ᠲᠢᠲᠢᠮᠯᠢᠭ | ᠠᠭᠤᠰᠬᠢᠨ ᠦᠷᠪᠢᠰᠦᠯ ᠤᠨ ᠡᠪᠡᠳᠴᠢᠲᠡᠠ ᠢᠶᠠᠷ ᠣᠨᠣᠰᠢᠯᠠᠪᠠ᠃ 1 ᠰᠠᠷ᠎ᠠ ᠶᠢᠨ 31 ᠤ ᠡᠳᠦᠷ ᠲᠡᠬᠦᠨ ᠤ ᠡᠵᠢ | ᠪᠤᠯᠤᠨ ᠡᠬᠡᠨᠡᠷ ᠨᠢ ᠮᠦᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠡᠪᠡᠳᠴᠢᠲᠡᠨ ᠢᠶᠠᠷ ᠣᠨᠣᠰᠢᠯᠠᠭᠳᠠᠵᠤ᠂ | 2 ᠰᠠᠷ᠎ᠠ ᠶᠢᠨ 2 ᠤᠨ ᠡᠳᠦᠷ ᠡᠴᠢᠭᠡ ᠨᠢ ᠪᠠᠰᠠ ᠣᠨᠣᠰᠢᠯᠠᠭᠳᠠᠪᠠ᠃ ᠰᠦᠩ ᠣᠪᠣᠭᠲᠤ ᠶᠢᠨ ᠭᠡᠷ ᠤᠨ | ᠬᠥᠮᠦᠰ ᠨᠢ ᠭᠡᠷ ᠤᠨ ᠡᠭᠦᠳᠡ ᠪᠠᠨ ᠬᠠᠭᠠᠬᠤ ᠦᠭᠡᠢ ︵ᠨᠡᠭᠡᠭᠡᠬᠦ ᠪᠤᠶᠤ ᠵᠠᠪᠰᠡᠷᠯᠡᠬᠤ︶ ᠵᠠᠩᠰᠢᠯ ᠲᠠᠢ ᠪᠥᠭᠡᠳ ᠠᠰᠠᠷ | ᠤᠨ ᠭᠤᠳᠤᠮᠵᠢ ᠳᠤ ᠠᠮᠢᠳᠤᠷᠠᠯ ᠤᠨ ᠬᠤᠭ ᠨᠣᠪᠰᠢ ᠪᠠᠨ ᠣᠪᠣᠭᠠᠯᠠᠬᠤ᠂ ᠲᠠᠮᠠᠬᠢ ᠲᠠᠲᠠᠬᠤ ᠳᠠᠳᠬᠠᠯ ᠲᠠᠢ | ᠪᠠᠶᠢᠳᠠᠬ᠃ | ᠪᠠᠶ ᠣᠪᠣᠭᠲᠤ ᠪᠣᠯ ᠰᠦᠩ ᠣᠪᠣᠭᠲᠤ ᠶᠢᠨ ᠠᠰᠠᠷ ᠤᠨ ᠳᠡᠭᠡᠷ᠎ᠡ ᠲᠠᠪᠬᠤᠷᠯᠢᠬ ᠲᠤ ᠰᠠᠭᠤᠭ᠎ᠠ ᠡᠷᠦᠬᠡ᠃ ᠪᠠᠢ | ᠤᠪᠤᠬᠳᠤ ᠲᠡᠭᠡᠭᠰᠢ ᠲᠤᠷᠤᠬᠰᠢ ᠶᠠᠪᠤᠬᠤ ᠳᠠᠭᠠᠨ ᠠᠰᠠᠷ ᠤᠨ ᠱᠠᠲᠤ ᠶᠢ ᠲᠦᠰᠢᠬᠦ ᠪᠠ ᠭᠠᠷ ᠢᠶᠠᠨ ᠤᠬᠢᠶᠠᠬᠤ ᠦᠭᠡᠶ | ᠳᠠᠳᠬᠠᠯ ᠲᠠᠢ ᠪᠠᠶᠢᠳᠠᠬ᠃ ᠪᠠᠰᠠ ᠰᠦᠩ ᠣᠪᠣᠭᠲᠤ ᠲᠠᠢ ᠠᠰᠠᠷ ᠤᠨ ᠭᠤᠳᠤᠮᠵᠢ ᠳᠤ ᠶᠠᠷᠢᠯᠴᠠᠵᠤ ᠥᠩᠭᠡᠷᠡᠭᠰᠡᠨ | ᠪᠥᠭᠡᠳ ᠣᠯᠠᠨ ᠤᠳᠠᠭ᠎ᠠ ᠰᠦᠩ ᠣᠪᠣᠭᠲᠤ ᠶᠢᠨ ᠭᠡᠷ ᠲᠤ ᠤᠴᠢᠪᠠ᠃ 2 ᠰᠠᠷ᠎ᠠ ᠶᠢᠨ 1 ᠤ ᠡᠳᠦᠷ ᠪᠠᠢ | ᠤᠪᠤᠬᠳᠤ ᠶᠢ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠭᠰᠡᠨ ᠭᠡᠵᠦ ᠣᠨᠣᠰᠢᠯᠠᠵᠤ᠂ ᠳᠠᠷᠠᠭ᠎ᠠ ᠨᠢ ᠪᠠᠶ | ᠣᠪᠣᠭᠲᠤ ᠶᠢᠨ ᠡᠬᠡᠨᠡᠷ᠂ ᠵᠢᠭᠡ ᠥᠬᠢᠨ᠂ ᠬᠠᠳᠠᠮ ᠡᠵᠢ ᠵᠢᠴᠢ ᠪᠡᠷᠭᠡᠨ ᠨᠢ ᠵᠠᠯᠭᠠᠭ᠎ᠠ ᠪᠠᠷ ᠰᠢᠨ᠎ᠡ ᠲᠢᠲᠢᠮᠯᠢᠭ | ᠠᠭᠤᠰᠬᠢᠨ ᠦᠷᠪᠢᠰᠦᠯ ᠤᠨ ᠡᠪᠡᠳᠴᠢᠲᠡᠨ ᠢᠶᠠᠷ ᠣᠨᠣᠰᠢᠯᠠᠭᠳᠠᠵᠠᠶ᠃ | ᠰᠤᠷᠪᠤᠯᠵᠢᠯᠠᠬᠴᠢ ᠄ ᠭᠡᠷ ᠪᠦᠯᠢ ᠶᠢᠨ ᠬᠥᠮᠥᠰ ᠴᠤᠬᠯᠠᠷᠠᠨ ᠬᠠᠯᠳᠠᠪᠤᠷᠢᠯᠠᠬᠤ ᠴᠢᠨᠠᠷᠳᠠᠢ ᠬᠢᠵᠢᠭ ᠤᠨ | ᠪᠠᠶᠢᠳᠠᠯ ᠨᠢ ᠭᠡᠷ ᠪᠦᠯᠢ ᠶᠢᠨ ᠬᠢᠨ ᠪᠣᠯᠤᠨ ᠪᠦᠬᠦ ᠨᠡᠶᠢᠭᠡᠮ ᠳᠤ ᠮᠠᠰᠢ ᠶᠡᠭᠡ ᠬᠤᠤᠷ ᠬᠥᠨᠥᠭᠡᠯ ᠤᠴᠠᠷᠠᠭᠤᠯᠤᠭᠰᠠᠨ | ᠪᠠᠶᠢᠨ᠎ᠠ᠃ ᠲᠠ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢ ᠬᠡᠷᠬᠢᠨ ᠰᠡᠷᠭᠡᠶᠢᠯᠡᠬᠦ ᠲᠤᠬᠠᠶ ᠶᠠᠷᠢᠭᠠᠳ ᠥᠭᠭᠦᠨ᠎ᠠ | ᠤᠤ︖ | ᠰᠦᠨ ᠳ᠋ᠧ ᠵᠢᠶᠦ᠋ᠨ᠄ ᠪᠢᠳᠡ ᠨᠢᠭᠡᠨᠲᠡ ᠪᠢᠴᠢᠭ ᠮᠠᠲ᠋ᠧᠷᠢᠶᠠᠯ ᠪᠠᠭᠤᠯᠭᠠᠵᠤ᠂ ᠦᠬᠠᠨ ᠪᠤᠶᠤ ᠡᠪᠡᠳᠴᠢᠨ ᠤ | ᠵᠢᠱᠢᠶ᠎ᠡ ᠲᠠᠢ ᠨᠡᠶᠢᠭᠡᠮ ᠲᠣᠭᠤᠷᠢᠭ ᠲᠤ ᠰᠠᠭᠤᠭᠰᠠᠨ ᠥᠡᠭᠭᠡᠷᠡᠯᠳᠠ ᠶᠢ ᠮᠡᠳᠡᠭᠦᠯᠬᠦ ᠪᠤᠶᠤ ᠮᠨᠨ ᠤ ᠤᠷᠤᠨ ᠳᠤ ᠬᠦᠷᠴᠦ | ᠢᠷᠡᠭᠰᠡᠨ ᠬᠥᠮᠦᠰ ᠢ ᠲᠥᠪᠯᠡᠷᠡᠭᠦᠯᠦᠨ ᠲᠤᠰᠠᠭᠠᠷᠯᠠᠵᠤ ᠠᠨᠠᠭᠠᠬᠤ ᠤᠬᠠᠭᠠᠨ ᠤ ᠠᠵᠢᠭᠯᠠᠯᠲᠠ ᠬᠢᠬᠦ ᠬᠡᠷᠡᠭᠲᠡᠶ ᠭᠡᠵᠦ | ᠱᠠᠭᠠᠷᠳᠠᠪᠠ᠃ ᠣᠯᠠᠨ ᠲᠦᠮᠡᠨ ᠳᠤ ᠠᠪᠴᠤ ᠬᠡᠯᠡᠪᠡᠯ᠂ ᠣᠯᠠᠨ ᠢᠶᠠᠷ ᠢᠶᠠᠨ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ | ᠠᠷᠭ᠎ᠠ ᠬᠡᠮᠵᠢᠶ᠎ᠡ ᠳᠤ ᠢᠳᠡᠪᠬᠢᠲᠡᠶ ᠬᠠᠮᠵᠢᠯᠴᠠᠬᠤ ᠬᠡᠷᠡᠭᠲᠡᠶ ᠭᠡᠵᠦ ᠪᠢᠳᠡ ᠰᠠᠨᠠᠭᠤᠯᠵᠤ ᠪᠠᠶᠢᠨ᠎ᠠ᠃ ᠦᠬᠠᠨ ᠵᠡᠷᠭᠡ | ᠬᠢᠵᠢᠭ ᠤᠨ ᠪᠠᠶᠢᠳᠠᠯ ᠣᠯᠠᠨ ᠭᠠᠷᠤᠬᠰᠠᠨ ᠭᠤᠤᠯᠳᠠᠯᠭ᠎ᠠ ᠲᠠᠢ ᠭᠠᠵᠠᠷ ᠣᠷᠣᠨ ᠠᠴᠠ ᠮᠠᠨ ᠤ ᠣᠷᠣᠨ ᠳᠤ ᠪᠤᠴᠠᠵᠤ | ᠢᠷᠡᠭᠰᠡᠨ ᠬᠥᠮᠦᠰ ᠡᠩ ᠲᠡᠷᠢᠭᠦᠨ ᠳᠤ ᠨᠡᠶᠢᠭᠡᠮ ᠲᠣᠭᠤᠷᠢᠭ ᠪᠤᠶᠤ ᠲᠤᠬᠠᠶ ᠶᠢᠨ ᠭᠠᠵᠠᠷ ᠤᠨ ᠡᠷᠡᠭᠦᠯ ᠬᠠᠮᠠᠭᠠᠯᠠᠯ ᠤᠨ | ᠰᠠᠯᠠᠭ᠎ᠠ ᠮᠥᠴᠢᠷ ᠲᠤ ᠰᠠᠨᠠᠭᠠᠴᠢᠯᠠᠭ᠎ᠠ ᠠᠴᠠ ᠪᠠᠨ ᠮᠡᠳᠡᠭᠦᠯᠵᠦ᠂ ᠳᠠᠷᠠᠭ᠎ᠠ ᠨᠢ ᠲᠥᠪᠯᠡᠷᠡᠭᠦᠯᠦᠨ ᠲᠤᠰᠠᠭᠠᠷᠯᠠᠵᠤ | ᠠᠨᠠᠭᠠᠬᠤ ᠤᠬᠠᠭᠠᠨ ᠤ ᠠᠵᠢᠭᠯᠠᠯᠲᠠ ᠬᠢᠬᠦ 14 ᠡᠳᠦᠷ ᠤᠨ ᠱᠠᠭᠠᠷᠳᠠᠯᠭ᠎ᠠ ᠳᠤ ᠢᠳᠡᠪᠬᠢᠲᠡᠶ ᠬᠠᠮᠵᠢᠯᠴᠠᠵᠤ᠂ | ᠲᠤᠰᠠᠭᠠᠷᠯᠠᠬᠤ ᠬᠤᠭᠤᠴᠠᠭᠠᠨ ᠳᠤ ᠭᠠᠳᠠᠭᠰᠢ ᠭᠠᠷᠴᠤ ᠪᠣᠯᠬᠤ ᠥᠬᠡᠶ︔ ᠪᠤᠰᠤᠳ ᠭᠠᠵᠠᠷ ᠣᠷᠣᠨ ᠠᠴᠠ ᠪᠤᠴᠠᠵᠤ | ᠢᠷᠡᠭᠰᠡᠨ ᠪᠤᠶᠤ ᠮᠠᠨ ᠤ ᠣᠷᠣᠨ ᠳᠤ ᠢᠷᠡᠭᠰᠡᠨ ᠬᠥᠮᠦᠰ ᠴᠦ ᠰᠠᠨᠠᠭᠠᠴᠢᠯᠠᠭ᠎ᠠ ᠠᠴᠠ ᠪᠠᠨ ᠮᠡᠳᠡᠭᠦᠯᠵᠦ᠂ ᠭᠡᠷ ᠲᠡᠭᠡᠨ | ᠠᠳᠠᠭ ᠲᠠᠭᠠᠨ 14 ᠡᠳᠦᠷ ᠲᠤᠰᠠᠭᠠᠷᠯᠠᠨ ᠠᠵᠢᠭᠯᠠᠬᠤ ᠬᠡᠷᠡᠭᠲᠡᠶ︔ ᠣᠨᠴᠠᠭᠠᠶ ᠭᠤᠶᠤᠴᠢᠯᠠᠯ ᠦᠭᠡᠢ ᠪᠠᠷ ᠭᠠᠳᠠᠭᠰᠢ | ᠭᠠᠷᠴᠤ ᠪᠣᠯᠬᠤ ᠦᠭᠡᠢ︔ ᠭᠠᠳᠠᠭᠰᠢ ᠭᠠᠷᠬᠤ ᠳᠠᠭᠠᠨ ᠵᠠᠪᠠᠯ ᠠᠮᠠᠪᠴᠢ ᠵᠡᠬᠦᠵᠥ᠂ ᠣᠯᠠᠨ ᠨᠡᠶᠢᠲᠡ ᠶᠢᠨ ᠪᠡᠯᠡᠳᠬᠡᠮᠵᠢ | ᠲᠥᠬᠦᠬᠡᠷᠤᠮᠵᠢ ᠲᠠᠢ ᠳᠤᠲᠠᠭᠤ ᠥᠢᠷᠡᠳᠴᠤ᠂ ᠭᠠᠵᠠᠷ ᠪᠣᠯᠭᠠᠨ ᠳᠤ ᠨᠤᠯᠮᠤᠵᠥ ᠪᠣᠯᠬᠤ ᠦᠭᠡᠢ︔ ᠤᠷᠤᠨ | ᠰᠠᠭᠤᠴᠠ ᠪᠠᠨ ᠰᠠᠶᠢᠲᠤᠷ ᠠᠷᠢᠭᠤᠳᠬᠠᠵᠤ᠂ ᠰᠠᠯᠬᠢ ᠵᠢᠪᠠᠷ ᠨᠡᠪᠲᠡᠷᠡᠬᠦᠯᠬᠦ ᠬᠡᠷᠡᠭᠲᠡᠢ︔ ᠠᠷᠢᠭᠤᠨ ᠴᠡᠪᠡᠷ ᠢ | ᠡᠷᠬᠢᠮᠯᠡᠵᠦ᠂ ᠭᠠᠷ ᠢᠶᠠᠨ ᠦᠷᠭᠦᠯᠵᠢ ᠤᠬᠢᠶᠠᠵᠤ᠂ ᠴᠤᠭᠯᠠᠭᠠᠨ ᠬᠢᠬᠦ ᠦᠭᠡᠢ᠂ ᠬᠠᠮᠲᠤ ᠬᠤᠭᠤᠯᠠᠯᠠᠬᠤ ᠦᠭᠡᠢ | ᠪᠠᠶᠢᠬᠤ ᠬᠡᠷᠡᠭᠲᠡᠶ︔ ᠬᠤᠪᠢ ᠬᠥᠮᠦᠨ ᠤ ᠬᠠᠮᠠᠭᠠᠯᠠᠯᠲᠠ ᠪᠠᠨ ᠰᠠᠶᠢᠲᠤᠷ ᠬᠢᠵᠦ᠂ ᠭᠡᠷ ᠲᠡᠭᠡᠨ ᠰᠠᠭᠤᠵᠤ | ᠲᠤᠰᠠᠭᠠᠷᠯᠠᠬᠤ ᠬᠥᠮᠦᠰ ᠠᠯᠢ ᠴᠢᠳᠠᠬᠤ ᠪᠠᠷ ᠭᠠᠭᠴᠠ ᠬᠥᠮᠦᠨ ᠤ ᠭᠠᠭᠴᠠ ᠥᠷᠥᠭᠡ ᠲᠠᠢ ᠪᠠᠶᠢᠵᠤ᠂ ᠭᠡᠷ ᠪᠦᠯᠢ ᠶᠢᠨ | ᠬᠥᠮᠦᠰ ᠲᠠᠢ ᠪᠠᠨ ᠬᠠᠮᠲᠤ ᠪᠠᠶᠢᠯᠴᠠᠬᠤ ᠴᠠᠭ ᠢᠶᠠᠨ ᠪᠠᠭᠠᠰᠬᠠᠬᠤ ᠭᠡᠷᠡᠭᠳᠠᠢ︔ ᠭᠡᠷ ᠪᠦᠯᠢ ᠶᠢᠨ ᠬᠤᠭ ᠨᠣᠪᠰᠢ ᠪᠠᠨ | ᠨᠢᠭᠲᠠ ᠴᠢᠩᠭ᠎ᠠ ᠪᠢᠳᠠᠬᠦᠮᠵᠢᠯᠠᠨ ᠰᠠᠪᠠᠯᠠᠵᠥ᠂ ᠳᠤᠷ᠎ᠠ ᠪᠠᠷ ᠢᠶᠠᠨ ᠬᠠᠶᠠᠬᠤ ᠦᠭᠡᠢ ᠪᠠᠶᠢᠬᠤ ᠶᠢ ᠪᠡᠶᠡᠯᠡᠭᠦᠯᠬᠦ ᠬᠡᠷᠡᠭᠲᠡᠶ︔ | ᠭᠠᠳᠠᠭᠰᠢ ᠭᠠᠷᠤᠭᠰᠠᠨ ᠪᠤᠶᠤ ᠬᠥᠮᠦᠨ ᠤᠯᠠᠨ ᠣᠴᠢᠭᠰᠠᠨ ᠭᠠᠵᠠᠷ ᠲᠤ ᠵᠠᠪᠠᠯ ᠠᠮᠠᠪᠴᠢ ᠵᠡᠭᠦᠵᠦ᠂ ᠬᠤᠪᠢ ᠬᠥᠮᠦᠨ | ᠤ ᠬᠠᠮᠠᠭᠠᠯᠠᠯᠲᠠ ᠶᠢ ᠰᠠᠶᠢᠲᠤᠷ ᠬᠢᠬᠦ ᠬᠡᠷᠡᠭᠲᠡᠢ︔ ᠠᠰᠠᠷ ᠤᠨ ᠭᠤᠳᠤᠮᠵᠢ ᠪᠠᠨ ᠠᠷᠢᠭᠤᠨ ᠴᠡᠪᠡᠷ ᠪᠠᠶᠢᠯᠭᠠᠵᠤ᠂ | ᠠᠷᠢᠭᠤᠳᠬᠠᠯ ᠬᠢᠬᠦ ᠶᠢ ᠴᠢᠩᠭᠠᠳᠬᠠᠬᠤ ᠬᠡᠷᠡᠭᠲᠡᠶ᠃ |