︽ᠡᠵᠡᠨ᠎ᠡ︾ ᠵᠢᠭᠤᠯᠴᠢᠯᠠᠯ ᠤᠨ ᠲᠤᠰᠬᠠᠶ ᠭᠠᠯᠳᠦ ᠲᠡᠷᠭᠡ ᠶᠢ ᠨᠡᠪᠳᠡᠷᠡᠬᠦᠯᠬᠦ ᠶᠣᠰᠣᠯᠠᠯ ᠬᠥᠬᠡᠬᠤᠲᠠ ᠳᠤ ᠶᠠᠪᠤᠭᠳᠠᠪᠠ  ᠪᠦ᠋ ᠰᠢᠶᠤᠤ ᠯᠢᠨ ᠣᠷᠣᠯᠴᠠᠵᠠᠢ
ᠨᠡᠶᠢᠲᠡᠯᠡᠭᠰᠡᠨ ᠴᠠᠭ᠄
2020/4/16
     4 ᠰᠠᠷ᠎ᠠ ᠶᠢᠨ 15᠎ ᠤ ᠡᠳᠦᠷ᠂ ᠠᠯᠠᠱᠠ ᠠᠶᠢᠮᠠᠭ ᠤᠨ ᠵᠠᠬᠢᠷᠭ᠎ᠠ ᠪᠣᠯᠤᠨ ᠳᠤᠮᠳᠠᠳᠤ ᠤᠯᠤᠰ ᠤᠨ ᠲᠡᠮᠦᠷ ᠵᠠᠮ ᠤᠨ ᠬᠥᠬᠡᠬᠤᠲᠠ ᠲᠣᠪᠴᠢᠶᠠᠨ ᠤ ᠪᠦᠯᠦᠭᠯᠡᠯ ᠤᠨ ᠬᠢᠵᠠᠭᠠᠷᠲᠤ ᠺᠣᠮᠫᠠᠨᠢ ᠶᠢᠨ ᠬᠢᠨ ᠬᠥᠬᠡᠬᠤᠲᠠ ᠳᠤ ︽ᠡᠵᠡᠨ᠎ᠡ︾ ᠵᠢᠭᠤᠯᠴᠢᠯᠠᠯ ᠤᠨ ᠲᠤᠰᠬᠠᠢ ᠭᠠᠯᠳᠦ ᠲᠡᠷᠭᠡ ᠶᠢ ᠨᠡᠪᠳᠡᠷᠡᠬᠦᠯᠬᠦ ᠶᠣᠰᠣᠯᠠᠯ ᠢ ᠬᠠᠮᠳᠤᠷᠠᠨ ᠡᠷᠬᠢᠯᠡᠪᠡ᠃      ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ ᠤ ᠲᠡᠷᠢᠭᠦᠯᠡᠭᠴᠢ ᠪᠦ᠋ ᠰᠢᠶᠤᠤ ᠯᠢᠨ ᠠᠵᠢᠯᠯᠠᠭ᠎ᠠ ᠳᠤ ᠣᠷᠣᠯᠴᠠᠭᠰᠠᠨ ᠪᠥᠭᠡᠳ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠥᠬᠦᠶ ᠰᠠᠯᠠᠭ᠎ᠠ ᠮᠥᠴᠢᠷ ᠪᠣᠯᠤᠨ ᠠᠶᠢᠮᠠᠭ ᠬᠤᠲᠠ ᠶᠢᠨ ᠬᠠᠷᠢᠭᠤᠴᠠᠯᠭᠠᠲᠠᠨ ᠨᠥᠬᠦᠳ ᠲᠠᠢ ᠬᠠᠮᠲᠤ ᠪᠠᠷ ︽ᠡᠵᠡᠨ᠎ᠡ︾ ᠵᠢᠭᠤᠯᠴᠢᠯᠠᠯ ᠤᠨ ᠲᠤᠰᠬᠠᠶ ᠭᠠᠯᠳᠦ ᠲᠡᠷᠭᠡ ᠶᠢ ᠨᠡᠪᠳᠡᠷᠡᠬᠦᠯᠪᠡ᠃ ᠡᠬᠢᠯᠡᠯᠲᠡ ᠶᠢᠨ ᠶᠣᠰᠣᠯᠠᠯ ᠳᠡᠭᠡᠷ᠎ᠡ᠂ ᠠᠯᠠᠱᠠ ᠠᠶᠢᠮᠠᠭ ᠤᠨ ᠵᠠᠬᠢᠷᠭ᠎ᠠ ᠪᠣᠯᠤᠨ ᠳᠤᠮᠳᠠᠳᠤ ᠤᠯᠤᠰ ᠤᠨ ᠲᠡᠮᠦᠷ ᠵᠠᠮ ᠤᠨ ᠬᠥᠬᠡᠬᠤᠲᠠ ᠲᠣᠪᠴᠢᠶᠠᠨ ᠤ ᠪᠦᠯᠦᠭᠯᠡᠯ ᠤᠨ ᠬᠢᠵᠠᠭᠠᠷᠲᠤ ᠺᠣᠮᠫᠠᠨᠢ ᠶᠢᠨ ᠬᠢᠨ ᠵᠢᠭᠤᠯᠴᠢᠯᠠᠯ ᠤᠨ ᠪᠠᠶᠢᠯᠳᠤᠬᠤ ᠪᠣᠳᠣᠯᠭ᠎ᠠ ᠶᠢᠨ ᠬᠠᠮᠲᠤᠷᠠᠯᠴᠠᠭᠠᠨ ᠤ ᠵᠥᠪᠯᠡᠯᠴᠡᠭᠡᠷ ᠲᠤᠬᠢᠷᠠᠯᠴᠠᠵᠤ᠂ ᠠᠯᠠᠱᠠ ᠠᠶᠢᠮᠠᠭ ᠤᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠎ ᠤᠨ ᠲᠣᠪᠴᠢᠶ᠎ᠠ ᠪᠣᠯᠤᠨ ᠬᠥᠬᠡᠬᠤᠲᠠ ᠶᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠬᠢᠨ ᠰᠣᠶᠣᠯ ᠤᠨ ᠵᠢᠭᠤᠯᠴᠢᠯᠠᠯ ᠤᠨ ᠬᠠᠮᠲᠤᠷᠠᠯᠴᠠᠭᠠᠨ ᠤ ᠵᠥᠪᠯᠡᠯᠴᠡᠭᠡᠷ ᠲᠤᠬᠢᠷᠠᠯᠴᠠᠵᠤ᠂ ᠪᠦ᠋ ᠰᠢᠶᠤᠤ ᠯᠢᠨ ᠭᠠᠷ ᠤᠨ ᠥᠰᠥᠭ ᠵᠢᠷᠤᠬᠤ ᠶᠢ ᠭᠡᠷᠡᠴᠢᠯᠡᠪᠡ᠃      ︽ᠡᠵᠡᠨ᠎ᠡ︾ ᠵᠢᠭᠤᠯᠴᠢᠯᠠᠯ ᠤᠨ ᠲᠤᠰᠬᠠᠶ ᠭᠠᠯᠳᠦ ᠲᠡᠷᠭᠡ ᠶᠢ ᠨᠡᠪᠲᠡᠷᠡᠭᠦᠯᠬᠦ ᠶᠢᠨ ᠵᠣᠷᠢᠯᠭ᠎ᠠ ᠨᠢ ᠡᠵᠡᠨ᠎ᠡ ᠎ ᠶᠢᠨ ᠥᠪᠡᠷᠮᠢᠴᠡ ᠰᠣᠶᠣᠯ ᠵᠢᠭᠤᠯᠴᠢᠯᠠᠯ ᠤᠨ ᠡᠬᠢ ᠪᠠᠶᠠᠯᠢᠭ ᠲᠤ ᠲᠦᠰᠢᠭᠯᠡᠨ᠂ ᠠᠯᠠᠱᠠ ᠠᠶᠢᠮᠠᠭ ᠤᠨ ᠤᠨᠴᠠᠯᠢᠭᠳᠤ ᠵᠢᠭᠤᠯᠴᠢᠯᠠᠯ ᠤᠨ ᠰᠣᠶᠣᠯ ᠪᠠ ᠵᠢᠭᠤᠯᠴᠢᠯᠠᠯ ᠤᠨ ᠲᠥᠷᠥᠯ ᠲᠡᠮᠳᠡᠭᠲᠦ ᠶᠢ ᠲᠥᠪᠯᠡᠷᠡᠭᠦᠯᠦᠨ ᠳᠡᠯᠭᠡᠨ ᠦᠵᠡᠭᠦᠯᠬᠦ ᠪᠠ ᠥᠷᠭᠡᠨ ᠢᠶᠠᠷ ᠤᠬᠠᠭᠤᠯᠬᠤ ᠶᠢᠨ ᠲᠥᠯᠥᠭᠡ ᠶᠤᠮ᠂ ᠡᠨᠡ ᠪᠣᠯ ᠠᠯᠠᠱᠠ ᠠᠶᠢᠮᠠᠭ ᠤᠨ ︽ᠲᠡᠮᠦᠷ ᠵᠠᠮ + ᠵᠢᠭᠤᠯᠴᠢᠯᠠᠯ︾᠎ ᠤᠨ ᠵᠠᠭᠪᠤᠷ ᠢᠶᠠᠷ ᠰᠣᠶᠣᠯ ᠵᠢᠭᠤᠯᠴᠢᠯᠠᠯ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠰᠢᠨ᠎ᠡ ᠠᠷᠭ᠎ᠠ ᠬᠡᠮᠵᠢᠶ᠎ᠡ᠂ ᠤᠯᠤᠰ ᠪᠠ ᠥᠪᠡᠷᠲᠡᠭᠡᠨ ᠵᠠᠰᠠᠬᠤ ᠣᠷᠣᠨ ᠤ ᠠᠵᠢᠯ ᠢᠶᠠᠨ ᠰᠡᠷᠭᠦᠭᠡᠵᠤ ᠤᠢᠢᠯᠡᠳᠪᠤᠷᠢᠯᠡᠯ ᠢᠶᠠᠨ ᠰᠡᠷᠬᠦᠬᠡᠬᠦ ᠤᠷᠢᠶᠠᠯᠠᠭ᠎ᠠ ᠶᠢ ᠴᠤᠤᠷᠢᠶᠠᠲᠤᠨ ᠳᠠᠭᠠᠵᠤ᠂ ᠵᠢᠭᠤᠯᠴᠢᠯᠠᠯ ᠤᠨ ᠬᠡᠷᠡᠭᠯᠡᠭᠡ ᠳᠤ ᠰᠡᠳᠡᠯᠲᠡ ᠥᠭᠬᠦ᠂ ᠠᠵᠤ ᠠᠬᠤᠶ ᠶᠢᠨ ᠨᠡᠮᠡᠭᠳᠡᠯ ᠢ ᠳᠠᠶᠢᠴᠢᠯᠠᠬᠤ ᠬᠦᠴᠦᠲᠡᠶ ᠠᠷᠭ᠎ᠠ ᠬᠡᠮᠵᠢᠶ᠎ᠡ ᠪᠤᠯᠤᠨ᠎ᠠ᠃      ︽ᠡᠵᠡᠨ᠎ᠡ︾ ᠵᠢᠭᠤᠯᠴᠢᠯᠠᠯ ᠤᠨ ᠲᠤᠰᠬᠠᠶ ᠭᠠᠯᠳᠦ ᠲᠡᠷᠭᠡ 4 ᠰᠠᠷ᠎ᠠ ᠶᠢᠨ 30᠎ ᠤ ᠡᠳᠦᠷ ᠠᠴᠠ ᠡᠬᠢᠯᠡᠨ ᠠᠶᠠᠯᠠᠵᠦ᠂ ᠬᠥᠬᠡᠬᠤᠲᠠ ᠪᠠᠷ ᠵᠢᠭᠤᠯᠴᠢᠯᠠᠭᠴᠢᠳ ᠤᠨ ᠲᠥᠪᠯᠡᠷᠡᠭᠦᠯᠦᠨ ᠲᠠᠷᠬᠠᠭᠠᠬᠤ ᠲᠥᠪ ᠪᠣᠯᠭᠠᠵᠤ᠂ ᠦᠳᠡᠰᠢ ᠭᠠᠷᠴᠤ ᠥᠷᠯᠥᠭᠡ ᠬᠦᠷᠬᠦ ᠪᠠᠷ ᠠᠵᠢᠯᠯᠠᠭᠠᠨ ᠤ ᠵᠠᠭᠪᠤᠷ ᠪᠣᠯᠭᠠᠵᠤ᠂ ᠬᠥᠬᠡᠬᠤᠲᠠ ᠠᠴᠠ ᠡᠵᠡᠨ᠎ᠡ ᠬᠦᠷᠲᠡᠯ᠎ᠡ ᠵᠢᠭᠤᠯᠴᠢᠯᠠᠬᠤ ᠪᠠᠷ ᠭᠤᠤᠯ ᠱᠤᠭᠤᠮ ᠪᠣᠯᠭᠠᠵᠤ᠂ ᠵᠢᠭᠤᠯᠴᠢᠯᠠᠭᠴᠢᠳ ᠢ ᠵᠣᠬᠢᠶᠠᠨ ᠪᠠᠶᠢᠭᠤᠯᠵᠤ ᠡᠵᠡᠨ᠎ᠡ ᠶᠢᠨ ᠦᠵᠡᠰᠬᠦᠯᠡᠩᠲᠦ ᠰᠠᠶᠢᠬᠠᠨ ᠥᠩᠭᠡ ᠦᠵᠡᠮᠵᠢ ᠶᠢ ᠲᠣᠭᠤᠷᠢᠨ ᠦᠵᠡᠵᠦ᠂ ᠰᠣᠶᠣᠯ ᠢᠷᠭᠡᠨᠰᠢᠯ ᠲᠡᠤᠬᠡ ᠰᠣᠶᠣᠯ ᠢ ᠪᠡᠶᠡᠴᠢᠯᠡᠨ ᠣᠶᠢᠯᠠᠭᠠᠵᠤ᠂ ᠰᠠᠨᠰᠠᠷ ᠤᠨ ᠠᠶᠠᠯᠠᠯ ᠤᠨ ᠵᠣᠷᠢᠭ ᠰᠠᠨᠠᠭ᠎ᠠ ᠶᠢ ᠣᠶᠢᠯᠠᠭᠠᠭᠤᠯᠬᠤ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号