ᠰᠢ ᠶᠢᠨ ᠫᠢᠩ ︽ᠨᠢᠭᠡ ᠪᠦᠰᠡ ᠨᠢᠭᠡ ᠵᠠᠮ︾᠎ ᠤᠨ ᠤᠯᠠᠨ ᠤᠯᠤᠰ ᠤᠨ ᠬᠠᠮᠳᠤᠷᠠᠯᠴᠠᠭᠠᠨ ᠤ ᠳᠡᠭᠡᠳᠤ ᠲᠡᠰ ᠤᠨ ᠸᠢᠳᠢᠣ᠋ ᠬᠤᠷᠠᠯ ᠳᠤ ᠪᠢᠴᠢᠭ ᠤᠨ ᠬᠡᠯᠪᠡᠷᠢ ᠪᠠᠷ ᠦᠭᠡ ᠬᠡᠯᠡᠪᠡ
ᠨᠡᠶᠢᠲᠡᠯᠡᠭᠰᠡᠨ ᠴᠠᠭ᠄
2020-06-19
     ︽ᠨᠢᠭᠡ ᠪᠦᠰᠡ ᠨᠢᠭᠡ ᠵᠠᠮ︾᠎ ᠤᠨ ᠤᠯᠠᠨ ᠤᠯᠤᠰ ᠤᠨ ᠬᠠᠮᠳᠤᠷᠠᠯᠴᠠᠭᠠᠨ ᠤ ᠳᠡᠭᠡᠳᠤ ᠲᠡᠰ ᠤᠨ ᠸᠢᠳᠢᠣ᠋ ᠬᠤᠷᠠᠯ 18᠎ ᠤ ᠡᠳᠦᠷ ᠪᠡᠭᠡᠵᠢᠩ ᠳᠤ ᠠᠮᠵᠢᠯᠳᠠ ᠲᠠᠢ ᠬᠤᠷᠠᠯᠳᠤᠵᠠᠢ᠃ ᠤᠯᠤᠰ ᠤᠨ ᠲᠡᠷᠢᠭᠦᠯᠡᠭᠴᠢ ᠰᠢ ᠶᠢᠨ ᠫᠢᠩ ᠬᠤᠷᠠᠯ ᠳᠤ ᠪᠢᠴᠢᠭ ᠤᠨ ᠬᠡᠯᠪᠡᠷᠢ ᠪᠠᠷ ᠦᠭᠡ ᠬᠡᠯᠡᠪᠡ᠃      ᠰᠢ ᠶᠢᠨ ᠫᠢᠩ᠂ ᠡᠨᠡ ᠤᠳᠠᠭ᠎ᠠ ᠶᠢᠨ ᠭᠡᠨᠡᠳᠳᠡ ᠪᠠᠷ ᠳᠠᠭᠠᠷᠢᠨ ᠢᠷᠡᠭᠰᠡᠨ ᠬᠢᠵᠢᠭ ᠤᠨ ᠪᠠᠶᠢᠳᠠᠯ ᠨᠢ ᠡᠯ᠎ᠠ ᠤᠯᠤᠰ ᠤᠨ ᠠᠷᠠᠳ ᠲᠦᠮᠡᠨ ᠤ ᠠᠮᠢ ᠨᠠᠰᠤ ᠪᠤᠯᠤᠨ ᠪᠡᠶ᠎ᠠ ᠮᠠᠬᠠᠪᠤᠳ ᠤᠨ ᠡᠷᠡᠭᠦᠯ ᠮᠡᠨᠳᠦ ᠳᠤ ᠬᠦᠨᠳᠤ ᠨᠤᠴᠢᠳᠠᠢ ᠰᠦᠷᠳᠡᠭᠦᠯᠦᠯ ᠪᠤᠯᠵᠤ᠂ ᠳᠡᠯᠡᠬᠡᠢ ᠶᠢᠨ ᠠᠵᠤ ᠠᠬᠤᠢ ᠳᠤ ᠬᠦᠨᠳᠤ ᠨᠤᠴᠢᠳᠠᠢ ᠳᠠᠭᠠᠷᠢᠯᠳᠠ ᠤᠴᠠᠷᠠᠭᠤᠯᠵᠤ᠂ ᠵᠠᠷᠢᠮ ᠤᠯᠤᠰ ᠤᠨᠴᠠᠭᠠᠢᠢᠯᠠᠨ ᠬᠦᠭᠵᠢᠵᠤ ᠪᠠᠶᠢᠭ᠎ᠠ ᠤᠯᠤᠰ ᠤᠨ ᠠᠵᠤ ᠠᠬᠤᠢ ᠨᠡᠶᠢᠭᠡᠮ ᠬᠦᠨᠳᠦ ᠨᠤᠴᠢᠳᠠᠢ ᠬᠦᠴᠢᠷᠳᠡᠯ ᠳᠤ ᠲᠤᠯᠭᠠᠷᠠᠵᠠᠢ᠃ ᠬᠢᠵᠢᠭ ᠤᠨ ᠪᠠᠶᠢᠳᠠᠯ ᠢ ᠠᠷᠭᠠᠴᠠᠭᠠᠬᠤ ᠶᠢᠨ ᠲᠦᠯᠦᠭᠡ᠂ ᠡᠯ᠎ᠠ ᠤᠯᠤᠰ ᠤᠨ ᠬᠢᠨ ᠲᠤᠰ ᠤᠯᠤᠰ ᠤᠨ ᠪᠠᠶᠢᠳᠠᠯ ᠳᠠᠭᠠᠨ ᠰᠠᠭᠤᠷᠢᠯᠠᠨ᠂ ᠰᠡᠷᠭᠡᠶᠢᠯᠡᠨ ᠡᠵᠡᠮᠳᠡᠬᠦ ᠴᠢᠩᠭ᠎ᠠ ᠠᠷᠭ᠎ᠠ ᠬᠡᠮᠵᠢᠶ᠎ᠠ ᠠᠪᠴᠦ᠂ ᠢᠳᠡᠪᠬᠢᠳᠠᠢ ᠦᠷ᠎ᠠ ᠪᠦᠲᠦᠮᠵᠢ ᠤᠯᠪᠠ᠃ ᠮᠠᠰᠢ ᠤᠯᠠᠨ ᠤᠯᠤᠰ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠰᠠᠶᠢᠳᠤᠷ ᠬᠢᠬᠦ ᠶᠢᠨ ᠬᠠᠮᠳᠤ ᠠᠵᠤ ᠠᠬᠤᠢ ᠨᠡᠶᠢᠭᠡᠮ ᠤᠨ ᠬᠦᠭᠵᠢᠯᠳᠡ ᠪᠠᠨ ᠴᠢᠷᠮᠠᠶᠢᠨ ᠰᠡᠷᠭᠦᠭᠡᠵᠤ ᠪᠠᠶᠢᠨ᠎ᠠ᠃ ᠳᠤᠮᠳᠠᠳᠤ ᠤᠯᠤᠰ ᠠᠷᠠᠳ ᠲᠦᠮᠡᠨ ᠢ ᠳᠡᠭᠡᠳᠦᠯᠡᠬᠦ᠂ ᠠᠮᠢ ᠨᠠᠰᠤ ᠶᠢ ᠳᠡᠭᠡᠳᠦᠯᠡᠬᠦ ᠶᠢ ᠪᠠᠷᠢᠮᠳᠠᠯᠠᠵᠤ᠂ ᠪᠦᠬᠦ ᠳᠡᠯᠡᠬᠡᠢ ᠪᠠᠷ ᠢᠶᠠᠨ ᠬᠢᠵᠢᠭ ᠤᠨ ᠪᠠᠶᠢᠳᠠᠯ ᠢ ᠡᠷᠳᠡᠬᠡᠨ ᠢᠯᠠᠨ ᠳᠠᠪᠠᠭ᠋ᠤ᠂ ᠳᠡᠯᠡᠬᠡᠢ ᠶᠢᠨ ᠠᠵᠤ ᠠᠬᠤᠢ ᠶᠢᠨ ᠰᠡᠷᠭᠦᠯᠳᠡ ᠶᠢ ᠠᠬᠢᠭᠤᠯᠬᠤ ᠳᠤ ᠳᠤᠷᠠᠳᠠᠶ᠎ᠠ ᠬᠤᠪᠢ ᠨᠡᠮᠡᠷᠢ ᠦᠵᠡᠭᠦᠯᠦᠨ᠎ᠠ ᠭᠡᠵᠤ ᠵᠢᠭᠠᠵᠤ ᠭᠠᠷᠭᠠᠪᠠ᠃      ᠰᠢ ᠶᠢᠨ ᠫᠢᠩ᠂ ᠬᠢᠵᠢᠭ ᠤᠨ ᠪᠠᠶᠢᠳᠠᠯ ᠨᠢ ᠪᠢᠳᠡᠨ ᠳᠤ ᠠᠯᠢ ᠤᠯᠠᠨ ᠬᠦᠨ ᠰᠡᠩᠬᠡᠷᠡᠬᠦᠯᠤᠯ ᠦᠭᠴᠠᠢ᠃ ᠡᠯ᠎ᠠ ᠤᠯᠤᠰ ᠤᠨ ᠬᠤᠪᠢ ᠵᠠᠶᠠᠭ᠎ᠠ ᠨᠢᠬᠳᠠ ᠬᠤᠯᠪᠤᠯᠳᠤᠵᠤ ᠪᠠᠶᠢᠨ᠎ᠠ᠂ ᠬᠦᠮᠤᠨ ᠲᠦᠷᠤᠯᠬᠢᠳᠠᠨ ᠪᠤᠯ ᠬᠠᠳᠠᠭᠤ ᠪᠡᠷᠬᠡᠰᠢᠶᠡᠯ ᠢ ᠬᠠᠮᠳᠤ ᠪᠠᠷ ᠲᠤᠭᠤᠯᠬᠤ ᠬᠤᠪᠢ ᠵᠠᠶᠠᠭᠠᠨ ᠤ ᠬᠠᠮᠳᠤ ᠶᠢᠨ ᠴᠤᠬᠴᠠ ᠮᠦᠨ᠃ ᠬᠢᠵᠢᠭ ᠤᠨ ᠪᠠᠶᠢᠳᠠᠯ ᠢ ᠠᠷᠭᠠᠴᠠᠭᠠᠬᠰᠠᠨ ᠴᠤ ᠲᠡᠷᠡ᠂ ᠠᠵᠤ ᠠᠬᠤᠢ ᠪᠠᠨ ᠰᠡᠷᠬᠦᠭᠡᠭᠰᠡᠨ ᠴᠤ ᠲᠡᠷᠡ᠂ ᠴᠦᠮ ᠪᠦᠯᠬᠦᠮᠳᠠᠨ ᠬᠠᠮᠳᠤᠷᠠᠯᠴᠠᠬᠤ ᠵᠠᠮ ᠢᠶᠠᠷ ᠵᠠᠮᠨᠠᠵᠤ᠂ ᠴᠦᠮ ᠤᠯᠠᠨ ᠲᠠᠯᠠᠳᠤ ᠦᠵᠡᠯ ᠢ ᠪᠠᠷᠢᠮᠳᠠᠯᠠᠬᠤ ᠭᠡᠷᠡᠭᠳᠠᠢ᠃ ᠬᠠᠷᠢᠯᠴᠠᠨ ᠬᠤᠯᠪᠤᠯᠳᠤᠵᠤ ᠬᠠᠷᠢᠯᠴᠠᠨ ᠨᠡᠪᠳᠡᠷᠡᠯᠴᠡᠬᠦ ᠶᠢ ᠠᠬᠢᠭᠤᠯᠵᠤ᠂ ᠨᠡᠬᠡᠬᠡᠯᠳᠠᠳᠠᠢ ᠪᠠᠭᠳᠠᠭᠠᠮᠵᠢᠳᠠᠢ ᠪᠠᠶᠢᠬᠤ ᠶᠢ ᠪᠠᠷᠢᠮᠳᠠᠯᠠᠬᠤ ᠪᠤᠯ ᠪᠦᠬᠦ ᠪᠦᠮᠪᠦᠷᠴᠡᠭ ᠤᠨ ᠴᠢᠨᠠᠷᠳᠠᠢ ᠬᠢᠮᠤᠷᠠᠯ ᠢ ᠠᠷᠭᠠᠴᠠᠭᠠᠬᠤ ᠪᠠ ᠠᠯᠤᠰ ᠬᠡᠳᠤ ᠶᠢᠨ ᠬᠦᠭᠵᠢᠯᠳᠠ ᠶᠢ ᠪᠡᠶᠡᠯᠡᠬᠦᠯᠬᠦ ᠶᠢᠨ ᠵᠠᠶᠢᠯᠠᠰᠢ ᠦᠬᠡᠢ ᠵᠠᠮ ᠮᠦᠨ᠂ ︽ᠨᠢᠬᠡ ᠪᠦᠰᠠ ᠨᠢᠬᠡ ᠵᠠᠮ︾᠎ ᠢ ᠬᠠᠮᠳᠤ ᠪᠠᠷ ᠪᠦᠳᠤᠬᠡᠨ ᠪᠠᠶᠢᠭᠤᠯᠬᠤ ᠤᠯᠠᠨ ᠤᠯᠤᠰ ᠤᠨ ᠬᠠᠮᠳᠤᠷᠠᠯᠴᠠᠭ᠎ᠠ ᠨᠢ ᠴᠢᠬᠤᠯᠠ ᠤᠢᠢᠯᠡᠳᠤᠯ ᠢᠶᠠᠨ ᠪᠠᠳᠠᠷᠠᠭᠤᠯᠵᠦ ᠪᠤᠯᠤᠨ᠎ᠠ ᠬᠡᠵᠤ ᠵᠢᠭᠠᠵᠤ ᠭᠠᠷᠭᠠᠪᠠ᠃      ᠰᠢ ᠶᠢᠨ ᠫᠢᠩ᠂ ᠳᠤᠮᠳᠠᠳᠤ ᠤᠯᠤᠰ ᠢᠮᠠᠬᠳᠠ ᠡᠩᠬᠡ ᠲᠠᠶᠢᠪᠤᠩ ᠬᠦᠭᠵᠢᠯᠳᠠ ᠶᠢ ᠪᠠᠷᠢᠮᠳᠠᠯᠠᠵᠤ ᠬᠠᠷᠢᠯᠴᠠᠨ ᠠᠰᠢᠬᠳᠠᠢ ᠬᠠᠮᠳᠤ ᠪᠠᠷ ᠠᠰᠢᠬ ᠬᠦᠷᠳᠡᠬᠦ ᠶᠢ ᠪᠠᠷᠢᠮᠳᠠᠯᠠᠨ᠎ᠠ᠃ ᠪᠢᠳᠠ ᠲᠤᠷᠠᠳᠠᠶ᠎ᠠ ᠬᠠᠮᠳᠤᠷᠠᠯᠴᠠᠭ᠎ᠠ ᠶᠢᠨ ᠬᠠᠨᠢᠳᠠᠨ ᠲᠠᠢ ᠪᠠᠨ ᠬᠠᠮᠳᠤ ᠪᠠᠷ ︽ᠨᠢᠬᠡ ᠪᠦᠰᠠ ᠨᠢᠬᠡ ᠵᠠᠮ︾᠎ ᠢ ᠪᠦᠯᠬᠦᠮᠳᠡᠨ ᠨᠢᠭᠳᠠᠷᠠᠵᠤ ᠦᠷᠢᠰᠤᠯᠳᠤᠬᠡᠨ ᠢ ᠠᠷᠭᠠᠴᠠᠭᠠᠬᠤ ᠬᠠᠮᠳᠤᠷᠠᠯᠴᠠᠭᠠᠨ ᠤ ᠵᠠᠮ᠂ ᠠᠷᠠᠳ ᠲᠦᠮᠡᠨ ᠤ ᠡᠷᠡᠬᠦᠯ ᠮᠡᠨᠳᠤ ᠠᠮᠤᠷ ᠲᠦᠪᠰᠢᠨ ᠢ ᠬᠠᠮᠠᠭᠠᠯᠠᠬᠤ ᠡᠷᠡᠬᠦᠯ ᠡᠩᠬᠡ ᠶᠢᠨ ᠵᠠᠮ᠂ ᠠᠵᠤ ᠠᠬᠤᠢ ᠨᠡᠶᠢᠬᠡᠮ ᠤᠨ ᠰᠡᠷᠬᠦᠬᠡᠯᠳᠡ ᠶᠢ ᠠᠬᠢᠭᠤᠯᠬᠤ ᠰᠡᠷᠬᠦᠬᠡᠯᠳᠠ ᠶᠢᠨ ᠵᠠᠮ᠂ ᠬᠦᠭᠵᠢᠯᠳᠠ ᠶᠢᠨ ᠲᠠᠯᠳᠠ ᠬᠦᠴᠤᠨ ᠢ ᠲᠠᠶᠢᠴᠢᠯᠠᠬᠤ ᠨᠡᠮᠡᠭᠳᠡᠯ ᠤᠨ ᠵᠠᠮ ᠪᠤᠯᠭᠠᠨ ᠪᠦᠳᠦᠬᠡᠨ ᠪᠠᠶᠢᠭᠤᠯᠤᠨ᠎ᠠ᠃ ︽ᠨᠢᠬᠡ ᠪᠦᠰᠠ ᠨᠢᠬᠡ ᠵᠠᠮ︾᠎ ᠢ ᠴᠢᠨᠠᠷ ᠰᠠᠶᠢᠳᠠᠢ ᠪᠦᠳᠤᠬᠡᠨ ᠪᠠᠶᠢᠭᠤᠯᠬᠤ ᠪᠠᠷ ᠲᠠᠮᠵᠢᠨ ᠬᠦᠮᠤᠨ ᠲᠦᠷᠤᠯᠬᠢᠳᠠᠨ ᠤ ᠬᠤᠪᠢ ᠵᠠᠶᠠᠭᠠᠨ ᠤ ᠬᠠᠮᠳᠤ ᠶᠢᠨ ᠴᠤᠬᠴᠠ ᠶᠢ ᠭᠠᠷ ᠬᠤᠯᠪᠤᠨ ᠪᠠᠶᠢᠭᠤᠯᠤᠶ᠎ᠠ ᠬᠡᠵᠤ ᠴᠢᠬᠤᠯᠠᠴᠢᠯᠠᠪᠠ᠃      ᠲᠤᠰ ᠤᠳᠠᠭ᠎ᠠ ᠶᠢᠨ ᠬᠤᠷᠠᠯ ᠢ ᠳᠤᠮᠳᠠᠳᠤ ᠤᠯᠤᠰ ᠤᠨ ᠭᠠᠳᠠᠭᠠᠳᠤ ᠶᠠᠪᠤᠳᠠᠯ ᠤᠨ ᠶᠠᠮᠤᠨ᠂ ᠬᠦᠭᠵᠢᠬᠦᠯᠦᠯᠳᠡ ᠪᠠ ᠦᠬᠡᠷᠡᠴᠢᠯᠠᠯᠳᠠ ᠶᠢᠨ ᠵᠦᠪᠯᠡᠯ᠂ ᠬᠤᠳᠠᠯᠳᠤᠭᠠᠨ ᠤ ᠶᠠᠪᠤᠳᠠᠯ ᠤᠨ ᠶᠠᠮᠤᠨ᠂ ᠡᠷᠡᠬᠦᠯ ᠬᠠᠮᠠᠭᠠᠯᠠᠯ ᠡᠷᠡᠬᠦᠯ ᠮᠡᠨᠳᠤ ᠶᠢᠨ ᠵᠦᠪᠯᠡᠯ ᠬᠠᠮᠳᠤ ᠪᠠᠷ ᠡᠷᠬᠢᠯᠠᠵᠤ᠂ ︽︿ᠨᠢᠬᠡ ᠪᠦᠰᠠ ᠨᠢᠬᠡ ᠵᠠᠮ﹀᠎ ᠤᠨ ᠤᠯᠠᠨ ᠤᠯᠤᠰ ᠤᠨ ᠬᠠᠮᠳᠤᠷᠠᠯᠴᠠᠭ᠎ᠠ ᠶᠢ ᠴᠢᠩᠭᠠᠳᠬᠠᠵᠤ᠂ ᠭᠠᠷ ᠬᠤᠯᠪᠤᠨ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠲᠠᠢ ᠲᠡᠮᠡᠴᠡᠶ᠎ᠠ︾ ᠬᠡᠬᠦ ᠭᠤᠤᠯ ᠰᠡᠳᠤᠪ ᠢᠶᠠᠷ ᠶᠠᠪᠤᠭᠳᠠᠵᠤ᠂ 25 ᠤᠯᠤᠰ ᠤᠨ ᠭᠠᠳᠠᠭᠠᠳᠤ ᠶᠠᠪᠤᠳᠠᠯ ᠤᠨ ᠶᠠᠮᠤᠨ ᠤ ᠰᠠᠶᠢᠳ ᠪᠤᠶᠤ ᠰᠠᠶᠢᠳ ᠤᠨ ᠲᠡᠰ ᠤᠨ ᠠᠯᠪᠠᠨ ᠲᠤᠰᠢᠶᠠᠯᠳᠠᠨ ᠵᠢᠴᠢ ᠲᠡᠯᠡᠬᠡᠢ ᠶᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠶᠠᠷᠤᠩᠬᠡᠢ ᠠᠵᠢᠯᠯᠠᠬᠴᠢ ᠲᠠᠨᠳᠧᠰᠠᠢ᠂ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠲᠡᠳ᠋ ᠨᠠᠷᠢᠨ ᠪᠢᠴᠢᠭ ᠤᠨ ᠲᠠᠷᠤᠭ᠎ᠠ ᠪᠦᠬᠡᠳ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠨᠡᠬᠡᠬᠡᠨ ᠬᠦᠭᠵᠢᠬᠦᠯᠬᠦ ᠲᠦᠯᠤᠪᠯᠡᠭᠡ ᠶᠢᠨ ᠵᠠᠬᠢᠷᠭᠠᠨ ᠤ ᠲᠠᠷᠤᠭ᠎ᠠ ᠱᠧᠲ᠋ᠠᠶᠢᠨᠠ ᠬᠤᠷᠠᠯ ᠳᠤ ᠤᠷᠤᠯᠴᠠᠪᠠ᠂ ᠬᠤᠷᠠᠯ ᠠᠴᠠ ᠬᠠᠮᠳᠤᠷᠠᠬᠰᠠᠨ ᠢᠯᠡᠷᠬᠡᠶᠢᠯᠠᠯᠳᠠ ᠨᠡᠶᠢᠳᠠᠯᠠᠵᠠᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号