ᠦᠪᠡᠷᠳᠡᠭᠡᠨ ᠵᠠᠰᠬᠠᠤ ᠤᠷᠤᠨ ᠤ ᠵᠠᠰᠠᠭ ᠤᠨ ᠤᠷᠳᠤᠨ ᠤ ᠬᠢᠨᠠᠨ ᠪᠤᠳᠤᠬᠤ ᠪᠠᠷ ᠦᠭᠡᠷᠡᠴᠢᠯᠡᠯᠳᠠ ᠶᠢ ᠠᠬᠢᠭᠤᠯᠬᠤ ᠠᠵᠢᠯ ᠤᠨ ᠲᠧᠯᠸᠢᠰ ᠤᠳᠠᠰᠤ ᠬᠤᠷᠠᠯ ᠬᠤᠷᠠᠯᠳᠤᠪᠠ ᠵᠠᠩ ᠱᠤᠤ ᠴᠦᠨ ᠶᠠᠷᠢᠶ᠎ᠡ ᠲᠠᠯᠪᠢᠵᠠᠢ
ᠨᠡᠶᠢᠲᠡᠯᠡᠭᠰᠡᠨ ᠴᠠᠭ᠄
2020/8/6
     8 ᠰᠠᠷ᠎ᠡ ᠶᠢᠨ 4᠎ ᠤ ᠡᠳᠦᠷ᠂ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠬᠢᠨᠠᠨ ᠪᠤᠳᠤᠬᠤ ᠪᠠᠷ ᠦᠭᠡᠷᠡᠴᠢᠯᠡᠯᠳᠠ ᠶᠢ ᠠᠬᠢᠭᠤᠯᠬᠤ ᠠᠵᠢᠯ ᠤᠨ ᠲᠧᠯᠸᠢᠰ ᠤᠳᠠᠰᠤ ᠬᠤᠷᠠᠯ ᠬᠤᠷᠠᠯᠳᠤᠭᠤᠯᠵᠤ᠂ ᠡᠯ᠎ᠡ ᠭᠠᠵᠠᠷ ᠡᠯ᠎ᠡ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠢᠨᠡᠨ ᠪᠤᠳᠤᠬᠤ ᠪᠠᠷ ᠲᠠᠮᠵᠢᠨ ᠢᠯᠡᠷᠡᠬᠦᠯᠦᠭᠰᠡᠨ ᠠᠰᠠᠭᠤᠳᠠᠯ ᠢ ᠵᠠᠷᠯᠡᠨ ᠮᠡᠳᠡᠭᠳᠡᠵᠤ᠂ ᠬᠢᠨᠡᠨ ᠪᠤᠳᠤᠬᠤ ᠴᠡᠭᠴᠡᠯᠡᠨ ᠰᠠᠶᠢᠵᠢᠷᠠᠭᠤᠯᠬᠤ ᠠᠵᠢᠯ ᠢ ᠲᠤᠬᠢᠷᠠᠭᠤᠯᠤᠨ ᠪᠠᠶᠢᠷᠢᠯᠠᠭᠤᠯᠪᠠ᠃      ᠦᠪᠡᠷᠳᠡᠭᠡᠨ ᠵᠠᠰᠬᠠᠤ ᠤᠷᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠭᠡᠰᠢᠬᠦᠨ᠂ ᠨᠠᠷᠢᠨ ᠪᠢᠴᠢᠭ ᠤᠨ ᠲᠠᠷᠤᠭ᠎ᠠ᠂ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠨᠠᠮ ᠤᠨ ᠤᠳᠤᠷᠢᠳᠬᠤ ᠲᠤᠭᠤᠢᠢᠯᠠᠩ ᠤᠨ ᠲᠡᠳ᠋ ᠱᠦᠵᠢ ᠵᠠᠩ ᠱᠤᠤ ᠴᠦᠨ ᠬᠤᠷᠠᠯ ᠳᠤ ᠤᠷᠤᠯᠴᠠᠬᠰᠡᠨ ᠪᠦᠭᠡᠳ ᠶᠠᠷᠢᠶ᠎ᠡ ᠲᠠᠯᠪᠢᠵᠠᠢ᠃      ᠵᠠᠩ ᠱᠤᠤ ᠴᠦᠨ᠂ ᠬᠢᠨᠠᠨ ᠪᠤᠳᠤᠬᠤ ᠪᠤᠯ ᠨᠠᠮ ᠪᠤᠯᠤᠨ ᠤᠯᠤᠰ ᠤᠨ ᠬᠢᠨᠡᠯᠳᠠ ᠲᠠᠯᠪᠢᠬᠤ ᠰᠢᠰᠲ᠋ᠧᠮ ᠤᠨ ᠴᠢᠬᠤᠯᠠ ᠪᠦᠷᠢᠯᠳᠦᠬᠦᠨ ᠭᠡᠰᠡᠭ ᠪᠤᠯᠤᠨ᠎ᠡ᠂ ᠡᠯ᠎ᠡ ᠭᠠᠵᠠᠷ ᠡᠯ᠎ᠡ ᠰᠠᠯᠠᠭ᠎ᠠ ᠮᠦᠴᠢᠷ ᠤᠨ ᠬᠢᠨ ᠤᠯᠤᠰ ᠲᠦᠷᠦ ᠶᠢᠨ ᠵᠤᠬᠰᠤᠴᠠ ᠪᠠᠨ ᠲᠡᠭᠡᠭᠰᠢᠯᠡᠬᠦᠯᠵᠤ᠂ ᠬᠢᠨᠡᠨ ᠪᠤᠳᠤᠬᠤ ᠴᠡᠭᠴᠡᠯᠡᠨ ᠰᠠᠶᠢᠵᠢᠷᠠᠭᠤᠯᠬᠤ ᠠᠵᠢᠯ ᠤᠨ ᠲᠦᠪ ᠴᠢᠩᠭ᠎ᠠ ᠴᠢᠨᠠᠷ ᠪᠤᠯᠤᠨ ᠵᠠᠶᠢᠯᠠᠰᠢ ᠦᠭᠡᠢ ᠴᠢᠨᠠᠷ ᠢ ᠬᠦᠢᠴᠡᠳ ᠲᠠᠨᠢᠵᠤ᠂ ᠬᠢᠨᠡᠨ ᠪᠤᠳᠤᠬᠤ ᠴᠡᠭᠴᠡᠯᠡᠨ ᠰᠠᠶᠢᠵᠢᠷᠠᠭᠤᠯᠬᠤ ᠠᠵᠢᠯ ᠤᠨ ᠤᠯᠤᠰ ᠲᠦᠷᠦ ᠶᠢᠨ ᠬᠠᠷᠢᠭᠤᠴᠠᠯᠭ᠎ᠠ ᠶᠢ ᠤᠬᠠᠮᠰᠠᠷ  ᠠᠴᠠ ᠪᠠᠨ ᠡᠬᠦᠷᠭᠡᠯᠡᠬᠦ ᠭᠡᠷᠡᠭᠳᠠᠢ ᠭᠡᠵᠤ ᠵᠢᠭᠠᠵᠤ ᠭᠠᠷᠭᠠᠪᠠ᠃      ᠵᠠᠩ ᠱᠤᠤ ᠴᠦᠨ᠂ ᠡᠯ᠎ᠠ ᠭᠠᠵᠠᠷ ᠤᠷᠤᠨ ᠡᠯ᠎ᠠ ᠰᠠᠯᠠᠭ᠎ᠠ ᠮᠦᠴᠢᠷ ᠤᠨ ᠬᠢᠨ ᠭᠤᠤᠯᠳᠠᠯᠭ᠎ᠠ ᠲᠠᠢ ᠬᠦᠴᠢᠷ ᠠᠰᠠᠭᠤᠳᠠᠯ ᠢ ᠦᠨᠡᠨ ᠬᠦ ᠠᠳᠬᠤᠨ ᠴᠢᠩᠭ᠎ᠠ ᠠᠳᠬᠤᠵᠤ᠂ ᠠᠰᠠᠭᠤᠳᠠᠯ ᠤᠨ ᠴᠡᠭᠴᠡᠯᠡᠨ ᠰᠠᠶᠢᠵᠢᠷᠠᠭᠤᠯᠤᠯᠳᠠ ᠨᠠᠶᠢᠳᠠᠪᠤᠷᠢᠵᠢᠭᠤᠯᠤᠯᠳᠠ ᠶᠢ ᠰᠠᠶᠢᠳᠤᠷ ᠠᠳᠬᠤᠬᠤ ᠭᠡᠷᠡᠭᠳᠠᠢ᠃ ᠨᠢᠬᠡ ᠳᠤ ᠠᠰᠠᠭᠤᠳᠠᠯ ᠢᠶᠠᠷ ᠤᠳᠤᠷᠢᠳᠤᠮᠵᠢ ᠪᠤᠯᠭᠠᠬᠤ ᠶᠢ ᠪᠠᠷᠢᠮᠳᠠᠯᠠᠬᠤ ᠭᠡᠷᠡᠭᠳᠠᠢ᠃ ᠬᠢᠨᠠᠨ ᠪᠤᠳᠤᠯᠳᠠ ᠳᠤ ᠪᠠᠶᠢᠴᠠᠭᠠᠨ ᠭᠠᠷᠭᠠᠬᠰᠠᠨ ᠠᠰᠠᠭᠤᠳᠠᠯ ᠪᠤᠯᠤᠨ ᠲᠤᠷᠠᠳᠤᠬᠰᠠᠨ ᠰᠠᠨᠠᠭᠤᠯᠭ᠎ᠠ ᠶᠢ ᠰᠠᠨᠠᠭᠠᠴᠢᠯᠠᠭ᠎ᠠ ᠠᠴᠠ ᠪᠠᠨ ᠬᠦᠯᠢᠶᠠᠨ ᠠᠪᠴᠤ᠂ ᠨᠠᠷᠢᠨ ᠬᠢᠨᠠᠮᠠᠭᠠᠢ ᠰᠤᠳᠤᠯᠵᠤ᠂ ᠠᠰᠠᠭᠤᠳᠠᠯ ᠤᠨ ᠤᠬ ᠦᠨᠳᠤᠰᠤ ᠶᠢ ᠡᠷᠢᠨ ᠪᠠᠶᠢᠴᠠᠭᠠᠵᠤ᠂ ᠠᠰᠠᠭᠤᠳᠠᠯ ᠳᠤ ᠴᠢᠭᠯᠡᠬᠦᠯᠤᠨ ᠠᠷᠭ᠎ᠠ ᠪᠤᠳᠤᠯᠭ᠎ᠠ ᠶᠢ ᠭᠡᠷᠡᠭᠵᠢᠬᠦᠯᠵᠤ ᠴᠡᠭᠴᠡᠯᠡᠨ ᠰᠠᠶᠢᠵᠢᠷᠠᠭᠤᠯᠬᠤ ᠭᠡᠷᠡᠭᠳᠠᠢ᠃ ᠬᠤᠶᠠᠷ ᠲᠤ ᠬᠠᠷᠠᠯᠳᠠ ᠪᠠᠷ ᠤᠳᠤᠷᠢᠳᠤᠮᠵᠢ ᠪᠤᠯᠭᠠᠬᠤ ᠶᠢ ᠪᠠᠷᠢᠮᠳᠠᠯᠠᠬᠤ ᠭᠡᠷᠡᠭᠳᠠᠢ᠃ ᠡᠬᠡ ᠲᠠᠩᠰᠠᠵᠢᠭᠤᠯᠬᠤ ᠬᠠᠮᠢᠶᠠᠷᠤᠯᠳᠠ ᠶᠢ ᠭᠡᠷᠡᠭᠵᠢᠬᠦᠯᠵᠤ᠂ ᠴᠢᠭᠯᠡᠬᠦᠯᠦᠯᠳᠤ ᠴᠢᠨᠠᠷᠳᠠᠢ᠂ ᠦᠷ᠎ᠠ ᠪᠦᠳᠤᠮᠵᠢᠳᠤ ᠴᠢᠨᠠᠷᠳᠠᠢ ᠪᠠ ᠭᠡᠷᠡᠭᠵᠢᠬᠦᠯᠵᠤ ᠪᠤᠯᠬᠤ ᠴᠢᠨᠠᠷᠳᠠᠢ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠠ ᠎ ᠶᠢ ᠠᠪᠬᠤ ᠭᠡᠷᠡᠭᠳᠠᠢ᠃ ᠭᠤᠷᠪᠠ ᠳᠤ ᠦᠷ᠎ᠠ ᠳ᠋ᠦᠩ ᠢᠶᠠᠷ ᠤᠳᠤᠷᠢᠳᠤᠮᠵᠢ ᠪᠤᠯᠭᠠᠬᠤ ᠶᠢ ᠪᠠᠷᠢᠮᠳᠠᠯᠠᠬᠤ ᠭᠡᠷᠡᠭᠳᠠᠢ᠃ ᠠᠰᠠᠭᠤᠳᠠᠯ ᠢ ᠴᠡᠭᠴᠡᠯᠡᠨ ᠰᠠᠶᠢᠵᠢᠷᠠᠭᠤᠯᠤᠬᠰᠠᠨ ᠦᠷ᠎ᠠ ᠪᠦᠳᠤᠮᠵᠢ ᠶᠢ ᠴᠡᠭᠴᠡᠯᠡᠨ ᠰᠠᠶᠢᠵᠢᠷᠠᠭᠤᠯᠬᠤ ᠠᠵᠢᠯ ᠤᠨ ᠠᠮᠵᠢᠯᠳᠠ ᠪᠦᠳᠤᠮᠵᠢ ᠶᠢ ᠦᠨᠡᠯᠡᠬᠦ ᠦᠨᠳᠤᠰᠤᠨ ᠪᠠᠷᠢᠮᠵᠢᠶ᠎ᠠ ᠪᠤᠯᠭᠠᠵᠤ᠂ ᠴᠡᠭᠴᠡᠯᠡᠨ ᠰᠠᠶᠢᠵᠢᠷᠠᠭᠤᠯᠤᠬᠰᠠᠨ ᠠᠰᠠᠭᠤᠳᠠᠯ ᠳᠤ ᠨᠢᠬᠡᠳ ᠨᠢᠬᠡᠳ ᠢᠶᠠᠷ ᠦᠷ᠎ᠠ ᠪᠦᠳᠤᠮᠵᠢ ᠶᠢᠨ ᠬᠢᠨᠠᠨ ᠰᠢᠯᠭᠠᠯᠳᠠ ᠬᠢᠵᠤ᠂ ᠦᠷ᠎ᠠ ᠪᠦᠳᠤᠮᠵᠢ ᠶᠢᠨ ᠦᠨᠡᠯᠠᠯᠳᠠ ᠬᠢᠬᠦ ᠭᠡᠷᠡᠭᠳᠠᠢ ᠬᠡᠵᠤ ᠴᠢᠬᠤᠯᠠᠴᠢᠯᠠᠪᠠ᠃      ᠵᠠᠩ ᠱᠤᠤ ᠴᠦᠨ᠂ ᠡᠯ᠎ᠠ ᠭᠠᠵᠠᠷ ᠤᠷᠤᠨ ᠡᠯ᠎ᠠ ᠰᠠᠯᠠᠭ᠎ᠠ ᠮᠦᠴᠢᠷ ᠤᠨ ᠬᠢᠨ ︽ᠲᠦᠷᠪᠡᠨ ᠤᠬᠠᠮᠰᠠᠷ︾᠎ ᠢᠶᠠᠨ ᠴᠢᠩᠭᠠᠳᠬᠠᠵᠤ᠂ ︽ᠲᠦᠷᠪᠡᠨ ᠢᠳᠡᠬᠡᠯ︾᠎ ᠢᠶᠠᠨ ᠪᠠᠳᠤᠳᠬᠠᠵᠤ᠂ ︽ᠬᠤᠶᠠᠷ ᠢ ᠬᠠᠮᠠᠭᠠᠯᠠᠬᠤ︾᠎ ᠶᠢ ᠪᠡᠶᠡᠯᠡᠬᠦᠯᠵᠤ᠂ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠳᠠ ᠪᠠᠨ ᠴᠢᠩᠭᠠᠳᠬᠠᠵᠤ᠂ ᠰᠠᠨᠠᠭᠠᠴᠢᠯᠠᠭ᠎ᠠ ᠠᠴᠠ ᠪᠠᠨ ᠡᠬᠦᠷᠬᠡᠯᠡᠨ ᠬᠦᠢᠴᠡᠳᠬᠡᠵᠤ᠂ ᠵᠤᠬᠢᠴᠠᠭᠤᠯᠤᠨ ᠬᠠᠮᠵᠢᠯᠴᠠᠬᠤ ᠶᠢ ᠴᠢᠬᠤᠯᠠᠴᠢᠯᠠᠵᠤ᠂ ᠲᠡᠭᠡᠳᠦ ᠲᠤᠤᠷᠠᠳᠦ ᠱᠠᠳᠤ ᠬᠤᠯᠪᠤᠭᠠᠯᠠᠨ ᠬᠦᠳᠡᠯᠤᠯᠴᠡᠬᠦ ᠲᠡᠭᠡᠷ᠎ᠠ ᠬᠦᠴᠤ ᠪᠠᠨ ᠲᠠᠯᠪᠢᠵᠤ᠂ ᠬᠢᠨᠠᠨ ᠪᠤᠳᠤᠯᠳᠠ ᠪᠠᠷ ᠴᠡᠭᠴᠡᠯᠡᠨ ᠰᠠᠶᠢᠵᠢᠷᠠᠭᠤᠯᠬᠤ ᠠᠮᠵᠢᠯᠳᠠ ᠪᠦᠳᠤᠮᠵᠢ ᠶᠢ ᠦᠨᠡᠨ ᠬᠦ ᠲᠡᠭᠡᠭᠰᠢᠯᠡᠬᠦᠯᠵᠤ᠂ ᠨᠠᠮ ᠤᠨ ᠲᠦᠪ ᠬᠤᠷᠢᠶ᠎ᠠ᠂ ᠲᠦᠷᠤ ᠶᠢᠨ ᠶᠠᠪᠤᠳᠠᠯ ᠤᠨ ᠬᠤᠷᠢᠶᠠᠨ ᠤ ᠴᠢᠬᠤᠯᠠ ᠰᠢᠢᠳᠪᠤᠷᠢᠳᠤ ᠪᠤᠳᠤᠯᠭ᠎ᠠ ᠪᠠᠶᠢᠷᠢᠯᠠᠭᠤᠯᠤᠯᠳᠠ ᠪᠤᠯᠤᠨ ᠦᠪᠡᠷᠳᠡᠬᠡᠨ ᠵᠠᠰᠠᠬᠤ ᠤᠷᠤᠨ ᠤ ᠨᠠᠮ ᠎ ᠤᠨ ᠬᠤᠷᠢᠶ᠎ᠠ᠂ ᠵᠠᠰᠠᠬ ᠤᠨ ᠤᠷᠳᠤᠨ ᠤ ᠠᠵᠢᠯ ᠤᠨ ᠱᠠᠭᠠᠷᠳᠠᠯᠭ᠎ᠠ ᠶᠢ ᠪᠤᠳᠠᠳᠠᠢ ᠨᠠᠷᠢᠯᠢᠬ ᠨᠠᠶᠢᠳᠠᠪᠤᠷᠢᠵᠢᠭᠤᠯᠬᠤ ᠭᠡᠷᠡᠭᠳᠠᠢ ᠬᠡᠵᠤ ᠱᠠᠭᠠᠷᠳᠠᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号