ᠸᠠᠩ ᠯᠢ ᠰᠢᠶᠠ ᠬᠥᠯᠥᠨ ᠪᠤᠶᠢᠷ ᠲᠤ ᠭᠦᠨᠵᠡᠭᠡᠶᠢᠷᠡᠨ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠪᠡᠯᠡᠳᠬᠡᠯ ᠠᠵᠢᠯ ᠢ ᠱᠠᠯᠠᠪᠳᠠᠭᠤᠯᠤᠨ ᠵᠢᠯᠤᠭᠤᠳᠴᠤ ᠲᠣᠬᠢᠷᠠᠭᠤᠯᠪᠠ
ᠨᠡᠶᠢᠲᠡᠯᠡᠭᠰᠡᠨ ᠴᠠᠭ᠄
2023/12/7


      12 ᠰᠠᠷ᠎ᠠ ᠶᠢᠨ 5᠎ ᠠᠴᠠ 6᠎ ᠤ ᠡᠳᠦᠷ ᠪᠤᠯᠲᠠᠯ᠎ᠠ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠳᠡᠳ᠋ ᠱᠦᠵᠢ ᠂ ᠥᠪᠡᠷᠲᠡᠭᠡᠨ ᠵᠠᠰᠠᠬᠤ ᠣᠷᠣᠨ ᠤ ᠲᠡᠷᠢᠭᠦᠯᠡᠭᠴᠢ ᠸᠠᠩ ᠯᠢ ᠰᠢᠶᠠ ᠬᠥᠯᠥᠨ ᠪᠤᠶᠢᠷ ᠲᠤ ᠭᠦᠨᠵᠡᠭᠡᠶᠢᠷᠡᠨ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠪᠡᠯᠡᠳᠬᠡᠯ ᠠᠵᠢᠯ ᠢ ᠱᠠᠯᠠᠪᠳᠠᠭᠤᠯᠤᠨ ᠵᠢᠯᠤᠭᠤᠳᠴᠤ ᠲᠣᠬᠢᠷᠠᠭᠤᠯᠪᠠ ᠃

1王莉霞深入呼伦贝尔督导调度“十四冬”筹备工作.jpg


      ᠬᠠᠶᠢᠯᠠᠷ ᠨᠢᠰᠬᠡᠯ ᠤᠨ ᠪᠠᠭᠤᠳᠠᠯ ᠳᠤ ᠂ ᠸᠠᠩ ᠯᠢ ᠰᠢᠶᠠ ᠤᠷᠤᠯᠳᠤᠭᠠᠨ ᠪᠠ ᠬᠤᠷᠠᠯ ᠤᠨ ᠲᠡᠮᠳᠡᠭ ᠢᠯᠡᠷᠬᠡᠶᠢᠯᠡᠯ ᠢᠯᠡ ᠲᠣᠳᠣᠷᠬᠠᠢ ᠪᠢᠰᠢ ᠂ ᠤᠬᠠᠭᠤᠯᠭ᠎ᠠ ᠶᠢᠨ ᠠᠭᠤᠷ ᠠᠮᠢᠰᠬᠤᠯ ᠥᠳᠬᠡᠨ ᠵᠤᠵᠠᠭᠠᠨ ᠪᠢᠰᠢ ᠵᠡᠷᠭᠡ ᠠᠰᠠᠭᠤᠳᠠᠯ ᠢ ᠲᠤᠬᠠᠢ ᠶᠢᠨ ᠲᠠᠯᠠᠪᠠᠢ ᠳᠤ ᠵᠢᠭᠠᠨ ᠭᠠᠷᠭᠠᠵᠤ ᠂ ᠵᠣᠴᠢᠳ ᠤᠨ ᠲᠠᠯ᠎ᠠ ᠠᠴᠠ ᠪᠣᠳᠣᠯᠬᠢᠯᠠᠵᠤ ᠂ ᠨᠢᠰᠬᠡᠯ ᠠᠴᠠ ᠪᠠᠭᠤᠮᠠᠭᠴᠠ ᠤᠷᠤᠯᠳᠤᠭᠠᠨ ᠡᠷᠭᠢᠯᠡᠭᠦ ᠭᠡᠵᠦ ᠪᠠᠶᠢᠭ᠎ᠠ ᠥᠳᠬᠡᠨ ᠵᠤᠵᠠᠭᠠᠨ ᠠᠭᠤᠷ ᠠᠮᠢᠰᠬᠤᠯ ᠪᠠ ᠢᠯᠡ ᠲᠣᠳᠣ ᠣᠷᠣᠨ ᠪᠦᠰᠡ ᠶᠢᠨ ᠣᠨᠴᠠᠯᠢᠭ ᠢ ᠤᠯᠠᠨ ᠳᠤ ᠮᠡᠳᠡᠷᠡᠭᠦᠯᠬᠦ ᠭᠡᠷᠡᠭᠲᠡᠢ ︔ᠠᠶᠠᠨᠴᠢᠳ ᠤᠨ ᠥᠨᠳᠥᠷ ᠨᠢᠭᠲᠠᠴᠠ ᠲᠠᠢ ᠶᠡᠭᠡ ᠤᠷᠤᠰᠬᠠᠯ ᠭᠠᠷᠴᠤ ᠮᠡᠳᠡᠬᠦ ᠪᠠᠶᠢᠳᠠᠯ ᠳᠤ ᠬᠠᠨᠳᠤᠭᠤᠯᠤᠨ ᠂ ᠭᠥᠯᠢᠶᠡᠨ ᠠᠪᠬᠤ ᠲᠥᠰᠥᠯ ᠢᠶᠠᠨ ᠨᠠᠷᠢᠯᠢᠭᠵᠢᠭᠤᠯᠵᠤ ᠂ ᠪᠦᠭᠦ ᠶᠠᠪᠤᠴᠠ ᠶᠢᠨ ᠰᠣᠷᠢᠯᠲᠠ ᠶᠢ ᠳᠠᠭᠢᠨ ᠳᠠᠪᠲᠠᠨ ᠬᠢᠵᠦ ᠂ ᠠᠮᠤᠷ ᠲᠦᠪᠰᠢᠨ ᠤᠷᠤᠭᠰᠢᠲᠠᠢ ᠪᠠᠶᠢᠬᠤ ᠶᠢ ᠦᠨᠡᠨ ᠬᠦ ᠪᠠᠲᠤᠯᠠᠬᠤ ᠬᠡᠷᠡᠭᠲᠡᠢ ᠭᠡᠵᠦ ᠱᠠᠭᠠᠷᠳᠠᠪᠠ ᠃


2王莉霞深入呼伦贝尔督导调度“十四冬”筹备工作.jpg


      ᠺᠠᠢ ᠵᠢᠩ ᠵᠢᠶᠠ ᠬᠤᠸᠠ᠂ ᠪᠠᠢ ᠹᠦ᠋ ᠶᠤᠸᠠᠢ ᠂ ᠲᠢᠶᠠᠨ ᠵᠢᠶᠣᠣ ᠵᠡᠷᠭᠡ ᠭᠤᠷᠪᠠᠨ ᠲᠣᠭᠲᠠᠭᠰᠠᠨ ᠴᠡᠭ ᠤᠨ ᠭᠥᠯᠢᠶᠡᠨ ᠠᠪᠬᠤ ᠪᠠᠭᠤᠳᠠᠯ ᠳᠤ ᠂ ᠸᠠᠩ ᠯᠢ ᠰᠢᠶᠠ ᠦᠢᠯᠡᠴᠢᠯᠡᠭᠡᠨ ᠤ ᠪᠠᠲᠤᠯᠠᠭ᠎ᠠ ᠶᠢᠨ ᠠᠵᠢᠯ ᠢ ᠨᠠᠷᠢᠨ ᠬᠢᠨᠠᠮᠠᠭᠠᠢ ᠪᠠᠶᠢᠴᠠᠭᠠᠵᠤ ᠂ ᠲᠥᠰᠥᠯ ᠂ ᠪᠠᠷᠢᠮᠵᠢᠶ᠎ᠠ ᠪᠠ ᠱᠠᠭᠠᠷᠳᠠᠯᠭ᠎ᠠ ᠶᠢ ᠨᠢᠭᠡᠳᠬᠡᠬᠦ ᠬᠡᠷᠡᠭᠲᠡᠢ ᠭᠡᠵᠦ ᠱᠠᠭᠠᠷᠳᠠᠵᠤ᠂ ᠬᠥᠯᠥᠨ ᠪᠤᠶᠢᠷ ᠬᠤᠲᠠ ᠶᠢᠨ ᠭᠤᠣᠯ ᠬᠠᠷᠢᠭᠤᠴᠠᠯᠭᠠᠲᠠᠨ ᠨᠥᠬᠦᠳ ᠢ ᠪᠡᠶ᠎ᠡ ᠪᠠᠷ ᠢᠶᠠᠨ ᠣᠷᠣᠯᠴᠠᠵᠤ ᠂ ᠡᠮᠦᠨ᠎ᠡ ᠹᠷᠣᠨᠲ ᠲᠤ ᠭᠦᠨᠵᠡᠭᠡᠶᠢᠷᠡᠨ ᠂ ᠨᠠᠷᠢᠨ ᠵᠦᠢᠯᠡᠰ ᠢ ᠨᠢᠭᠲᠠ ᠠᠩᠬᠠᠷᠴᠤ ᠂ ᠨᠢᠭᠲᠠ ᠠᠴᠠ ᠨᠢᠭᠲᠠ ᠪᠠᠶᠢᠵᠤ ᠠᠵᠢᠯ ᠢᠶᠠᠨ ᠰᠠᠶᠢᠲᠤᠷ ᠠᠳᠬᠤᠬᠤ ᠬᠡᠷᠡᠭᠲᠡᠢ ᠭᠡᠵᠦ ᠰᠠᠨᠠᠭᠤᠯᠪᠠ ᠃



      ᠸᠠᠩ ᠯᠢ ᠰᠢᠶᠠ ᠮᠥᠰᠥᠨ ᠳᠡᠭᠡᠷᠡᠬᠢ ᠲᠠᠮᠢᠷ ᠤᠨ ᠬᠥᠳᠡᠯᠭᠡᠭᠡᠨ ᠤ ᠲᠥᠪ ᠪᠣᠯᠣᠨ ᠴᠠᠰᠤ ᠮᠥᠰᠥᠨ ᠤ ᠲᠠᠮᠢᠷ ᠤᠨ ᠬᠥᠳᠡᠯᠭᠡᠭᠡᠨ ᠤ ᠰᠤᠷᠭᠠᠭᠤᠯᠢ ᠳᠤ ᠬᠦᠷᠴᠦ ᠂ ᠡᠭᠢᠯᠡᠯᠲᠡ ᠶᠢᠨ ᠶᠣᠰᠣᠯᠠᠯ ᠤᠨ ᠪᠡᠯᠡᠳᠬᠡᠯ ᠠᠵᠢᠯ ᠂ ᠵᠢᠯᠤᠭᠤᠳᠬᠤ ᠰᠢᠰᠲ᠋ᠧᠮ ᠤᠨ ᠠᠵᠢᠯᠯᠠᠭᠠᠨ ᠪᠣᠯᠣᠨ ᠠᠷᠤ ᠲᠠᠯ᠎ᠠ ᠶᠢᠨ ᠦᠢᠯᠡᠴᠢᠯᠡᠭᠡᠨ ᠤ ᠪᠠᠲᠤᠯᠠᠭ᠎ᠠ ᠶᠢᠨ ᠠᠵᠢᠯ ᠢ ᠲᠤᠬᠠᠢ ᠶᠢᠨ ᠭᠠᠵᠠᠷ ᠲᠤᠨᠢ ᠪᠠᠶᠢᠴᠠᠭᠠᠨ ᠦᠵᠡᠵᠦ ᠂ ᠪᠣᠳᠠᠲᠤ ᠪᠠᠶᠢᠯᠳᠤᠭᠠᠨᠴᠢᠯᠠᠬᠰᠠᠠ ᠰᠣᠷᠢᠯᠲᠠ ᠬᠢᠵᠦ ᠂ ᠨᠠᠷᠢᠨ ᠵᠦᠢᠯᠡᠰ ᠲᠤ ᠬᠦᠴᠦ ᠣᠷᠣᠭᠤᠯᠵᠤ ᠂ ᠵᠢᠯᠤᠭᠤᠳᠬᠤ ᠲᠥᠪ ᠢ ᠡᠷᠲᠡᠬᠡᠨ ᠠᠰᠢᠭᠯᠠᠯᠲᠠ ᠳᠤ ᠣᠷᠣᠭᠤᠯᠵᠤ ᠂ ᠠᠵᠢᠯᠯᠠᠭᠠᠨ ᠤ ᠳᠤᠮᠳᠠ ᠠᠰᠠᠭᠤᠳᠠᠯ ᠢ ᠢᠯᠡᠷᠡᠭᠦᠯᠵᠦ ᠂ ᠲᠣᠬᠢᠷᠠᠭᠤᠯᠤᠨ ᠰᠢᠯᠢᠳᠡᠭᠵᠢᠭᠦᠯᠬᠦ ᠬᠡᠷᠡᠭᠲᠡᠢ ᠭᠡᠵᠦ ᠴᠢᠬᠤᠯᠠᠴᠢᠯᠠᠪᠠ ᠃


5王莉霞深入呼伦贝尔督导调度“十四冬”筹备工作022.jpg

 


      ᠪᠡᠯᠡᠳᠬᠡᠯ ᠠᠵᠢᠯ ᠤᠨ ᠪᠠᠶᠢᠳᠠᠯ ᠤᠨ ᠬᠠᠷᠢᠭᠤ ᠮᠡᠳᠡᠭᠦᠯᠦᠯᠲᠡ ᠶᠢ ᠰᠣᠨᠣᠰᠤᠭᠰᠠᠨ ᠤ ᠳᠠᠷᠠᠭ᠎ᠠ ᠸᠠᠩ ᠯᠢ ᠰᠢᠶᠠ ᠂ ᠤᠯᠤᠰ ᠤᠨ ᠶᠡᠭᠡ ᠤᠷᠤᠯᠳᠤᠭᠠᠨ ᠢ ᠡᠷᠭᠢᠯᠡᠭᠦ ᠳᠤ ᠤᠯᠤᠰ ᠤᠨ ᠶᠡᠭᠡ ᠤᠷᠤᠯᠳᠤᠭᠠᠨ ᠢ ᠡᠷᠭᠢᠯᠡᠭᠦ ᠶᠠᠩᠵᠤ ᠲᠠᠢ ᠪᠠᠶᠢᠬᠤ ᠬᠡᠷᠡᠭᠲᠡᠢ ᠂ ᠡᠯ᠎ᠡ ᠤᠷᠤᠯᠳᠤᠭᠠᠨ ᠤ ᠲᠣᠭᠤᠷᠢᠭ ᠂ ᠡᠯ᠎ᠡ ᠠᠵᠢᠯ ᠤᠨ ᠬᠡᠯᠲᠡᠰ ᠵᠣᠭᠰᠣᠴᠠ ᠪᠠᠨ ᠤᠯᠠᠮ ᠳᠡᠭᠡᠭᠰᠢᠯᠡᠭᠦᠯᠵᠦ ᠂ ᠳᠠᠶᠢᠯᠠᠯᠳᠤᠭᠠᠨ ᠤ ᠪᠠᠶᠢᠳᠠᠯ ᠳᠤ ᠣᠷᠣᠵᠤ ᠂ ᠦᠨᠳᠦᠰᠦᠨ ᠱᠠᠲᠤᠨ ᠳᠤ ᠭᠦᠨᠵᠡᠭᠡᠶᠢᠷᠡᠨ ᠠᠵᠢᠯᠯᠠᠵᠤ ᠂ ᠡᠯ᠎ᠡ ᠵᠦᠢᠯ ᠤᠨ ᠪᠠᠶᠢᠷᠢᠯᠠᠭᠤᠯᠤᠯᠲᠠ ᠲᠣᠬᠢᠷᠠᠭᠤᠯᠤᠯᠲᠠ ᠶᠢᠨ ᠪᠦᠷᠢᠯᠳᠦᠵᠦ ᠢᠵᠢ ᠪᠦᠷᠢᠳᠦᠭᠦ ᠶᠢ ᠠᠬᠢᠭᠤᠯᠬᠤ ᠬᠡᠷᠡᠭᠲᠡᠢ ᠃ ᠴᠠᠭ ᠵᠠᠩᠭᠢᠯᠠᠭ᠎ᠠ ᠶᠢᠨ ᠴᠡᠭ ᠢ ᠰᠠᠶᠢᠲᠤᠷ ᠠᠩᠬᠠᠷᠴᠤ ᠂ ᠠᠵᠢᠯ ᠤᠨ ᠬᠤᠭᠤᠴᠠᠭ᠎ᠠ ᠶᠢ ᠲᠣᠩᠭᠤᠷᠠᠭᠤᠯᠤᠨ ᠵᠢᠭᠰᠠᠭᠠᠵᠤ ᠂ ᠬᠡᠯᠡᠭᠰᠡᠨ ᠳᠡᠭᠡᠨ ᠬᠦᠷᠬᠦ ᠬᠡᠷᠡᠭᠲᠡᠢ ᠃ ᠨᠠᠷᠢᠨ ᠵᠦᠢᠯᠡᠰ ᠢ ᠰᠠᠶᠢᠵᠢᠷᠠᠭᠤᠯᠬᠤ ᠶᠢ ᠰᠠᠶᠢᠲᠤᠷ ᠠᠳᠬᠤᠵᠤ ᠂ ᠢᠳᠡᠭᠡᠨ ᠤᠮᠳᠠᠭᠠᠨ ᠂ ᠠᠮᠤᠷ ᠲᠦᠪᠰᠢᠨ ᠤ ᠪᠠᠶᠢᠴᠠᠭᠠᠯᠲᠠ ᠂ ᠤᠬᠠᠭᠤᠯᠭ᠎ᠠ ᠂ ᠭᠥᠯᠢᠶᠡᠨ ᠠᠪᠬᠤ ᠵᠡᠷᠭᠡ ᠭᠤᠭᠴᠤᠭ᠎ᠠ ᠶᠢ ᠴᠥᠮ ᠨᠠᠷᠢᠯᠢᠭ ᠂ ᠣᠨᠣᠴᠠᠲᠠᠢ ᠂ ᠣᠨᠣᠪᠴᠢᠲᠠᠶ ᠠᠳᠬᠤᠬᠤ ᠬᠡᠷᠡᠭᠲᠡᠢ ᠃ ᠠᠮᠤᠷ ᠲᠦᠪᠰᠢᠨ ᠤ ᠬᠤᠷᠢᠭ᠎ᠠ ᠱᠤᠭᠤᠮ ᠢ ᠰᠠᠶᠢᠲᠤᠷ ᠰᠠᠬᠢᠵᠤ ᠂ ᠵᠠᠮ ᠬᠠᠷᠢᠯᠴᠠᠭ᠎ᠠ ᠂ ᠢᠳᠡᠭᠡᠨ ᠤᠮᠳᠠᠭᠠᠨ ᠡᠮ ᠤᠨ ᠵᠦᠢᠯ ᠂ ᠲᠠᠯᠠᠪᠤᠷ ᠣᠷᠳᠣᠨ ᠂ ᠭᠠᠯ ᠰᠡᠷᠭᠡᠶᠢᠯᠡᠵᠦ ᠭᠠᠯ ᠤᠨᠲᠠᠷᠠᠭᠠᠬᠤ ᠵᠡᠷᠭᠡ ᠭᠤᠭᠴᠤᠭ᠎ᠠ ᠶᠢᠨ ᠠᠶᠤᠯ ᠲᠦᠭᠰᠢᠭᠦᠷᠢ ᠭᠡᠮ ᠰᠣᠭᠤᠭ ᠢ ᠦᠨᠡᠨ ᠬᠦ ᠵᠢᠭᠰᠠᠭᠠᠨ ᠪᠠᠶᠢᠴᠠᠭᠠᠵᠤ ᠦᠨᠡᠨ ᠬᠦ ᠴᠡᠭᠴᠡᠯᠡᠨ ᠵᠠᠰᠠᠵᠤ ᠂ ᠠᠰᠠᠭᠤᠳᠠᠯ ᠢ ᠪᠦᠭᠦᠨ ᠢ ᠲᠤᠶᠢᠯᠪᠤᠷᠢᠲᠠᠢ ᠪᠠᠶᠢᠴᠠᠭᠠᠵᠤ ᠂ ᠲᠤᠶᠢᠯᠪᠤᠷᠢᠲᠠᠢ ᠴᠡᠭᠴᠡᠯᠡᠨ ᠵᠠᠰᠠᠬᠤ ᠶᠢ ᠪᠠᠲᠤᠯᠠᠬᠤ ᠬᠡᠷᠡᠭᠲᠡᠢ ᠃ ᠡᠯ᠎ᠡ ᠲᠠᠯ᠎ᠠ ᠶᠢᠨ ᠬᠠᠷᠢᠭᠤᠴᠠᠯᠭ᠎ᠠ ᠶᠢ ᠪᠣᠳᠠᠲᠠᠶᠢᠵᠢᠭᠤᠯᠵᠤ ᠂ ᠭᠠᠷᠠᠭ ᠢᠶᠠᠷ ᠠᠰᠠᠭᠤᠳᠠᠯ ᠢ ᠡᠮᠬᠢᠯᠡᠵᠦ ᠂ ᠬᠥᠮᠥᠨ ᠳᠤ ᠭᠦᠷᠲᠡᠯ᠎ᠡ ᠨᠠᠶᠢᠳᠠᠪᠤᠷᠢᠵᠢᠭᠤᠯᠵᠤ ᠂ ᠦᠳᠲᠡᠷ ᠲᠦᠷᠭᠡᠨ ᠰᠢᠢᠳᠪᠦᠷᠢᠯᠡᠬᠦ ᠬᠡᠷᠡᠭᠲᠡᠢ ᠂ ᠬᠠᠷᠢᠭᠤᠴᠠᠯᠭ᠎ᠠ ᠶᠢ ᠱᠠᠲᠤ ᠱᠠᠲᠤ ᠪᠠᠷ ᠰᠢᠯᠵᠢᠭᠦᠯᠦᠨ ᠳᠠᠭᠠᠭᠠᠴᠢᠯᠠᠭᠤᠯᠵᠤ ᠂ ᠲᠤᠰᠢᠶᠠᠭᠠᠳ ᠥᠭᠪᠡᠯ ᠳᠠᠭᠤᠰᠬᠠᠴᠢᠬᠠᠵᠤ ᠪᠤᠯᠬᠤ ᠦᠭᠡᠢ ᠂ ᠬᠥᠯᠥᠨ ᠪᠤᠶᠢᠷ ᠬᠤᠲᠠ ᠶᠢᠨ ᠬᠢᠨ ᠪᠦᠭᠦ ᠲᠠᠯ᠎ᠠ ᠪᠠᠷ ᠦᠨᠳᠦᠰᠦᠨ ᠵᠦᠢᠯ ᠢ ᠪᠠᠲᠤᠯᠠᠵᠤ ᠂ ᠲᠣᠪᠴᠢ ᠠᠪᠰᠠᠷᠬᠠᠨ ᠂ ᠠᠮᠤᠷ ᠲᠦᠪᠰᠢᠨ ᠂ ᠭᠤᠶᠢᠳᠠ ᠰᠠᠶᠢᠬᠠᠨ ᠂ ᠠᠷᠢᠭᠤᠨ ᠴᠢᠬᠡᠴᠢ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠦᠪᠡᠳᠡᠭᠰᠢ ᠴᠤᠭᠯᠠᠭᠠᠨ ᠡᠷᠭᠢᠯᠡᠭᠦ ᠶᠢ ᠦᠨᠡᠨ ᠬᠦ ᠪᠠᠲᠤᠯᠠᠬᠤ ᠬᠡᠷᠡᠭᠲᠡᠢ ᠭᠡᠵᠦ ᠴᠢᠬᠤᠯᠠᠴᠢᠯᠠᠪᠠ ᠃

 

ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ