ᠰᠢᠨᠬᠤᠸᠠ ᠬᠤᠷᠢᠶ᠎ᠠ ᠶᠢᠨ ᠵᠢᠦᠴᠢᠤᠸᠠᠨ ᠤ 5 ᠰᠠᠷ᠎ᠠ ᠶᠢᠨ 30 ᠤ ᠴᠠᠬᠢᠯᠭᠠᠨ ᠮᠡᠳᠡᠭᠡ 5 ᠰᠠᠷ᠎ᠠ ᠶᠢᠨ 30 ᠤ 9 ᠴᠠᠭ 31 ᠮᠢᠨᠦ᠋ᠲ ᠲᠤ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠬᠥᠮᠥᠨ ᠰᠠᠭᠤᠯᠭᠠᠭᠰᠠᠨ ᠨᠢᠰᠬᠦ ᠣᠩᠭᠤᠴᠠ ᠶᠢ ᠠᠴᠢᠶᠠᠯᠠᠭᠰᠠᠨ ᠴᠠᠩ ᠵᠧᠩ ᠬᠤᠶᠠᠳᠤᠭᠠᠷ F ᠠᠯᠤᠰ ᠡᠵᠡᠮᠰᠢᠯᠲᠦ ᠠᠷᠪᠠᠨ ᠵᠢᠷᠭᠤᠳᠤᠭᠠᠷ ᠬᠥᠯᠭᠡ ᠲᠡᠶᠢᠷᠦᠯᠲᠦ ᠰᠤᠮᠤ ᠶᠢ ᠵᠢᠦᠴᠢᠤᠸᠠᠨ ᠤ ᠳᠠᠭᠠᠭᠤᠯᠢ ᠣᠳᠣ ᠬᠠᠷᠪᠤᠬᠤ ᠲᠥᠪ ᠠᠴᠠ ᠬᠠᠷᠪᠤᠪᠠ᠃ ᠪᠠᠷᠤᠭ 10 ᠮᠢᠨᠦ᠋ᠲ ᠤᠨ ᠳᠠᠷᠠᠭ᠎ᠠ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠬᠥᠮᠥᠨ ᠰᠠᠭᠤᠯᠭᠠᠭᠰᠠᠨ ᠨᠢᠰᠬᠦ ᠣᠩᠭᠤᠴᠠ ᠲᠡᠶᠢᠷᠦᠯᠲᠦ ᠰᠤᠮᠤ ᠠᠴᠠ ᠠᠮᠵᠢᠯᠲᠠ ᠲᠠᠢ ᠪᠠᠷ ᠰᠠᠯᠵᠤ᠂ ᠵᠢᠱᠢᠭᠰᠡᠨ ᠲᠣᠭᠤᠷᠢᠯᠲᠠ ᠶᠢᠨ ᠵᠠᠮ ᠳᠠᠭᠠᠨ ᠣᠷᠣᠵᠤ᠂ ᠰᠠᠨᠰᠠᠷᠴᠢᠨ ᠤ ᠳᠤᠭᠤᠶᠢᠯᠠᠩ ᠤᠨ ᠪᠠᠶᠢᠳᠠᠯ ᠮᠠᠰᠢ ᠰᠠᠶᠢᠨ ᠪᠠᠶᠢᠵᠤ᠂ ᠬᠠᠷᠪᠤᠯᠲᠠ ᠲᠡᠭᠦᠰ ᠠᠮᠵᠢᠯᠲᠠ ᠣᠯᠪᠠ᠃
ᠳᠤᠮᠳᠠᠳᠤ ᠤᠯᠤᠰ ᠤᠨ ᠬᠥᠮᠥᠨ ᠰᠠᠭᠤᠯᠭᠠᠭᠰᠠᠨ ᠰᠠᠨᠰᠠᠷ ᠤᠨ ᠠᠶᠠᠯᠠᠯ ᠤᠨ ᠢᠨᠵᠧᠨᠧᠷᠢᠩ ᠤᠨ ᠠᠯᠪᠠᠨ ᠭᠡᠷ ᠤᠨ ᠲᠠᠨᠢᠯᠴᠠᠭᠤᠯᠤᠭᠰᠠᠨ ᠢᠶᠠᠷ᠂ ᠨᠢᠰᠬᠦ ᠣᠩᠭᠤᠴᠠ ᠲᠣᠭᠤᠷᠢᠯᠲᠠ ᠶᠢᠨ ᠵᠠᠮ ᠳᠠᠭᠠᠨ ᠣᠷᠣᠭᠰᠠᠨ ᠤ ᠳᠠᠷᠠᠭ᠎ᠠ ᠤᠷᠢᠳᠴᠢᠯᠠᠨ ᠲᠣᠭᠲᠠᠭᠠᠭᠰᠠᠨ ᠳᠡᠰ ᠳᠠᠷᠠᠭᠠᠯᠠᠯ ᠶᠣᠰᠣᠭᠠᠷ ᠰᠠᠨᠰᠠᠷ ᠤᠨ ᠥᠷᠲᠡᠭᠡ ᠶᠢᠨ ᠨᠡᠶᠢᠯᠡᠮᠡᠯ ᠴᠣᠭᠴᠠ ᠲᠠᠢ ᠪᠡᠶ᠎ᠡ ᠪᠠᠨ ᠳᠠᠭᠠᠭᠠᠵᠤ ᠲᠦᠷᠭᠡᠨ ᠠᠭᠤᠯᠵᠠᠨ ᠵᠠᠯᠭᠠᠯᠳᠤᠵᠤ᠂ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠤᠨ ᠰᠠᠨᠰᠠᠷᠴᠢᠨ ᠤ ᠳᠤᠭᠤᠶᠢᠯᠠᠩ ᠨᠢ ᠬᠤᠪᠢᠯᠭᠠᠨ ᠣᠩᠭᠤᠴᠠ ᠠᠷᠪᠠᠨ ᠲᠠᠪᠤᠳᠤᠭᠠᠷ ᠤᠨ ᠰᠠᠨᠰᠠᠷᠴᠢᠨ ᠤ ᠳᠤᠭᠤᠶᠢᠯᠠᠩ ᠲᠠᠢ ᠲᠣᠭᠤᠷᠢᠯᠲᠠ ᠶᠢᠨ ᠵᠠᠮ ᠳᠤ ᠠᠵᠢᠯ ᠤᠨ ᠪᠠᠶᠢᠷᠢ ᠪᠠᠨ ᠰᠣᠯᠢᠯᠴᠠᠨ᠎ᠠ᠃ ᠰᠠᠨᠰᠠᠷ ᠤᠨ ᠥᠷᠲᠡᠭᠡ ᠳᠤ ᠠᠵᠢᠯᠯᠠᠵᠤ ᠠᠮᠢᠳᠤᠷᠠᠬᠤ ᠬᠤᠭᠤᠴᠠᠭᠠᠨ ᠳᠤ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠤᠨ ᠰᠠᠨᠰᠠᠷᠴᠢᠨ ᠤ ᠳᠤᠭᠤᠶᠢᠯᠠᠩ ᠨᠢ ᠥᠷᠥᠭᠡ ᠠᠴᠠ ᠭᠠᠷᠬᠤ ᠠᠵᠢᠯᠯᠠᠭ᠎ᠠ ᠥᠷᠨᠢᠭᠦᠯᠵᠦ᠂ ᠥᠷᠥᠭᠡ ᠶᠢᠨ ᠳᠣᠲᠣᠷ᠎ᠠ ᠭᠠᠳᠠᠨᠠᠬᠢ ᠲᠥᠬᠦᠭᠡᠷᠦᠮᠵᠢ ᠶᠢ ᠤᠭᠰᠠᠷᠠᠬᠤ᠂ ᠲᠣᠬᠢᠷᠠᠭᠤᠯᠤᠨ ᠲᠤᠷᠰᠢᠬᠤ᠂ ᠰᠡᠯᠪᠢᠨ ᠵᠠᠰᠠᠬᠤ ᠵᠡᠷᠭᠡ ᠡᠯ᠎ᠡ ᠵᠦᠢᠯ ᠤᠨ ᠡᠭᠦᠷᠭᠡ ᠶᠢ ᠪᠡᠶᠡᠯᠡᠭᠦᠯᠬᠦ ᠪᠣᠯᠣᠨ᠎ᠠ᠃
ᠡᠨᠡ ᠤᠳᠠᠭ᠎ᠠ ᠶᠢᠨ ᠡᠭᠦᠷᠭᠡ ᠪᠣᠯ ᠮᠠᠨ ᠤ ᠤᠯᠤᠰ ᠤᠨ ᠬᠥᠮᠥᠨ ᠰᠠᠭᠤᠯᠭᠠᠭᠰᠠᠨ ᠰᠠᠨᠰᠠᠷ ᠤᠨ ᠠᠶᠠᠯᠠᠯ ᠤᠨ ᠢᠨᠵᠧᠨᠧᠷᠢᠩ ᠤᠨ ᠰᠠᠨᠰᠠᠷ ᠤᠨ ᠥᠷᠲᠡᠭᠡ ᠶᠢᠨ ᠬᠡᠷᠡᠭᠯᠡᠭᠡᠨ ᠪᠠ ᠬᠥᠭᠵᠢᠯᠲᠡ ᠶᠢᠨ ᠱᠠᠲᠤᠨ ᠳᠤ ᠣᠷᠣᠭᠰᠠᠨ ᠤ ᠳᠠᠷᠠᠭᠠᠬᠢ ᠠᠩᠬᠠᠳᠠᠭᠴᠢ ᠬᠥᠮᠥᠨ ᠰᠠᠭᠤᠯᠭᠠᠭᠰᠠᠨ ᠨᠢᠰᠦᠯᠲᠡ ᠶᠢᠨ ᠡᠭᠦᠷᠭᠡ ᠮᠥᠨ᠂ ᠲᠣᠰ ᠢᠨᠵᠧᠨᠧᠷᠢᠩ ᠢ ᠲᠥᠷᠥᠯ ᠵᠦᠢᠯ ᠢᠶᠠᠷ ᠲᠣᠭᠲᠠᠭᠠᠨ ᠬᠡᠷᠡᠭᠵᠢᠭᠦᠯᠦᠭᠰᠡᠨ ᠠᠴᠠ ᠨᠠᠭᠠᠰᠢᠬᠢ 29 ᠳ᠋ᠦ᠋ᠭᠡᠷ ᠤᠳᠠᠭ᠎ᠠ ᠶᠢᠨ ᠬᠠᠷᠪᠤᠯᠲᠠ ᠶᠢᠨ ᠡᠭᠦᠷᠭᠡ ᠮᠥᠨ᠂ ᠪᠠᠰᠠ ᠴᠤ ᠴᠠᠩ ᠵᠧᠩ ᠰᠢᠷᠢᠰ ᠬᠥᠯᠭᠡ ᠲᠡᠶᠢᠷᠦᠯᠲᠦ ᠰᠤᠮᠤ ᠶᠢᠨ 475 ᠳ᠋ᠤᠭᠠᠷ ᠤᠳᠠᠭ᠎ᠠ ᠶᠢᠨ ᠨᠢᠰᠦᠯᠲᠡ ᠮᠥᠨ᠃

ᠵᠢᠷᠤᠭ ᠪᠣᠯ 5 ᠰᠠᠷ᠎ᠠ ᠶᠢᠨ 30 ᠤ ᠡᠳᠦᠷ ᠪᠡᠭᠡᠵᠢᠩ ᠤᠨ ᠰᠠᠨᠰᠠᠷ ᠤᠨ ᠠᠶᠠᠯᠠᠯ ᠤᠨ ᠨᠢᠰᠦᠯᠲᠡ ᠶᠢ ᠡᠵᠡᠮᠳᠡᠬᠦ ᠲᠥᠪ ᠲᠤ ᠰᠡᠭᠦᠳᠡᠷᠯᠡᠭᠰᠡᠨ ᠬᠤᠪᠢᠯᠭᠠᠨ ᠣᠩᠭᠤᠴᠠ ᠠᠷᠪᠠᠨ ᠲᠠᠪᠤᠳᠤᠭᠠᠷ ᠤᠨ ᠰᠠᠨᠰᠠᠷᠴᠢᠨ ᠤ ᠳᠤᠭᠤᠶᠢᠯᠠᠩ ᠪᠣᠯᠣᠨ ᠬᠤᠪᠢᠯᠭᠠᠨ ᠣᠩᠭᠤᠴᠠ ᠠᠷᠪᠠᠨ ᠵᠢᠷᠭᠤᠳᠤᠭᠠᠷ ᠤᠨ ᠰᠠᠨᠰᠠᠷᠴᠢᠨ ᠤ ᠳᠤᠭᠤᠶᠢᠯᠠᠩ ᠬᠠᠮᠲᠤ ᠶᠢᠨ ᠰᠡᠭᠦᠳᠡᠷ ᠲᠠᠲᠠᠵᠤ ᠪᠠᠶᠢᠭ᠎ᠠ ᠦᠵᠡᠭᠳᠡᠯ ᠪᠣᠯᠣᠨ᠎ᠠ᠃
ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠯᠢ ᠵᠢᠶᠧ ᠰᠡᠭᠦᠳᠡᠷᠯᠡᠪᠡ᠃