– ᠮᠠᠨ ᠤ ᠣᠷᠣᠨ ᠤ ᠡᠯ᠎ᠡ ᠰᠠᠯᠠᠭ᠎ᠠ ᠮᠥᠴᠢᠷ ᠡᠯ᠎ᠡ ᠪᠠᠶᠢᠭᠤᠯᠭ᠎ᠠ ᠨᠢᠭᠡᠴᠢ ᠶᠢᠨ ᠬᠢᠨ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠢᠳᠡᠪᠬᠢᠲᠡᠢ ᠵᠣᠬᠢᠶᠠᠨ ᠪᠠᠶᠢᠭᠤᠯᠵᠤ ᠥᠷᠨᠢᠭᠦᠯᠪᠡ
ᠣᠶᠢᠷ᠎ᠠ ᠶᠢᠨ ᠡᠳᠦᠷ ᠤᠳ ᠲᠤ ᠮᠠᠨ ᠤ ᠣᠷᠣᠨ ᠤ ᠡᠯ᠎ᠡ ᠰᠠᠯᠠᠭ᠎ᠠ ᠮᠥᠴᠢᠷ ᠡᠯ᠎ᠡ ᠪᠠᠶᠢᠭᠤᠯᠭ᠎ᠠ ᠨᠢᠭᠡᠴᠢ ᠶᠢᠨ ᠬᠢᠨ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠭᠤᠣᠯ ᠰᠡᠳᠦᠪᠲᠦ ᠬᠥᠮᠦᠵᠢᠯ ᠢ ᠠᠬᠢᠭᠤᠯᠬᠤ ᠶᠢᠨ ᠪᠦᠲᠦᠮᠵᠢᠲᠡᠢ ᠠᠴᠢᠶᠠᠯᠠᠪᠤᠷᠢ ᠪᠣᠯᠭᠠᠨ᠂ ᠣᠯᠠᠨ ᠶᠠᠩᠵᠤ ᠭᠡᠯᠪᠡᠷᠢ ᠶᠢᠨ᠂ ᠪᠠᠶᠠᠯᠢᠭ ᠠᠭᠤᠯᠭ᠎ᠠ ᠪᠦᠬᠦᠢ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠥᠷᠭᠡᠨ ᠳᠡᠯᠭᠡᠷ ᠥᠷᠨᠢᠭᠦᠯᠵᠦ᠂ ᠥᠷᠭᠡᠨ ᠣᠯᠠᠨ ᠨᠠᠮ ᠤᠨ ᠭᠡᠰᠢᠭᠦᠨ ᠺᠠᠳ᠋ᠷᠴᠤᠳ ᠰᠤᠷᠤᠯᠴᠠᠯᠭ᠎ᠠ ᠶᠢᠨ ᠳᠤᠮᠳᠠ ᠪᠠᠨ ᠡᠷᠡᠮᠡᠬᠡᠶᠢᠯᠡᠨ ᠤᠷᠤᠭᠰᠢᠯᠠᠬᠤ ᠬᠦᠴᠦᠨ ᠴᠢᠳᠠᠯ ᠢ ᠣᠯᠵᠤ᠂ ᠬᠦᠰᠡᠯᠡᠩ ᠢᠲᠡᠭᠡᠯ ᠵᠣᠷᠢᠭ ᠢᠶᠠᠨ ᠪᠠᠲᠤᠳᠬᠠᠨ᠂ ᠠᠵᠢᠯ ᠬᠢᠵᠦ ᠦᠢᠯᠡᠰ ᠪᠣᠰᠬᠠᠬᠤ ᠬᠠᠯᠠᠭᠤᠨ ᠰᠡᠳᠬᠢᠯᠭᠡ ᠪᠠᠨ ᠴᠢᠨᠠᠭᠰᠢᠳᠠ ᠬᠥᠭᠵᠢᠭᠡᠪᠡ᠃
5 ᠰᠠᠷ᠎ᠠ ᠶᠢᠨ 19 ᠤ ᠡᠳᠦᠷ ᠥᠪᠥᠷ ᠮᠣᠩᠭᠤᠯ ᠤᠨ ᠬᠢᠯᠢ ᠪᠠᠷ ᠣᠷᠣᠵᠤ ᠭᠠᠷᠬᠤ ᠬᠢᠯᠢ ᠶᠢᠨ ᠬᠠᠮᠠᠭᠠᠯᠠᠯᠲᠠ ᠶᠢᠨ ᠪᠠᠶᠢᠴᠠᠭᠠᠯᠲᠠ ᠶᠢᠨ ᠶᠡᠷᠦᠩᠬᠡᠢ ᠥᠷᠲᠡᠭᠡ ᠶᠢᠨ ᠪᠠᠶᠢᠭᠤᠯᠭ᠎ᠠ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠥᠷᠨᠢᠭᠦᠯᠵᠦ᠂ 50 ᠭᠠᠷᠤᠢ ᠨᠠᠮ ᠤᠨ ᠭᠡᠰᠢᠭᠦᠨ ᠠᠷᠠᠳ ᠤᠨ ᠴᠠᠭᠳᠠᠭ᠎ᠠ ᠶᠢ ᠵᠣᠬᠢᠶᠠᠨ ᠪᠠᠶᠢᠭᠤᠯᠤᠨ ᠥᠪᠡᠷᠲᠡᠭᠡᠨ ᠵᠠᠰᠠᠬᠤ ᠣᠷᠣᠨ ᠤ ᠦᠵᠡᠭᠦᠯᠭᠡ ᠶᠢᠨ ᠣᠷᠳᠣᠨ ᠳᠤ ᠬᠦᠷᠴᠦ ︽ᠦᠵᠡᠰᠬᠦᠯᠡᠩᠲᠦ ᠰᠠᠶᠢᠬᠠᠨ ᠥᠪᠥᠷ ᠮᠣᠩᠭᠤᠯ ᠡᠷᠡᠮᠡᠬᠡᠶᠢᠯᠡᠨ ᠤᠷᠤᠭᠰᠢᠯᠠᠬᠤᠢ ᠰᠢᠨ᠎ᠡ ᠠᠶᠠᠨ – ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠤᠬᠠᠭᠤᠯᠵᠤ ᠲᠤᠭᠤᠰᠢᠯᠠᠭᠤᠯᠤᠶ᠎ᠠ︾ ᠭᠤᠣᠯ ᠰᠡᠳᠦᠪᠲᠦ ᠦᠵᠡᠭᠦᠯᠭᠡ ᠶᠢ ᠲᠣᠭᠤᠷᠢᠨ ᠦᠵᠡᠭᠦᠯᠪᠡ᠃ ᠣᠯᠠᠨ ᠢᠶᠠᠷ ᠢᠶᠠᠨ ᠲᠠᠶᠢᠯᠤᠮᠵᠢ ᠶᠢ ᠬᠢᠨᠠᠮᠠᠭᠠᠢ ᠰᠣᠨᠣᠰᠤᠨ᠂ ᠪᠠᠶᠢᠨ ᠳᠠᠭᠢᠨ ᠵᠣᠭᠰᠣᠨ ᠰᠣᠨᠢᠷᠬᠠᠵᠤ᠂ ᠣᠯᠣᠯᠲᠠ ᠲᠥᠷᠥᠭᠳᠡᠯ ᠢᠶᠠᠨ ᠰᠣᠯᠢᠯᠴᠠᠨ᠂ ᠬᠤᠶᠢᠰᠢᠳᠠ ᠶᠢᠨ ᠠᠵᠢᠯ ᠰᠤᠷᠤᠯᠴᠠᠯᠭ᠎ᠠ ᠳᠤᠮᠳᠠ ᠪᠠᠨ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠲᠠᠷᠢᠬᠢ ᠲᠣᠯᠣᠭᠠᠢ ᠪᠠᠨ ᠵᠡᠪᠰᠡᠭᠯᠡᠵᠦ᠂ ᠦᠢᠯᠡᠳᠦᠯᠭᠡ ᠪᠠᠨ ᠵᠢᠯᠣᠭᠤᠳᠤᠭᠤᠯᠤᠨ᠂ ᠠᠵᠢᠯ ᠢᠶᠠᠨ ᠠᠬᠢᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠤᠰᠢᠶᠠᠭᠰᠠᠨ ᠲᠠᠪᠤᠨ ᠶᠡᠭᠡ ᠡᠭᠦᠷᠭᠡ ᠶᠢ ᠰᠠᠶᠢᠲᠤᠷ ᠪᠡᠶᠡᠯᠡᠭᠦᠯᠬᠦ ᠪᠠ ︽ᠵᠢᠱᠢᠶᠡᠴᠢ ᠥᠪᠡᠷᠲᠡᠭᠡᠨ ᠵᠠᠰᠠᠬᠤ ᠣᠷᠣᠨ︾ ᠢ ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ ᠬᠤᠶᠠᠷ ᠶᠡᠭᠡ ᠶᠠᠪᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠤᠯᠤᠰ ᠤᠨ ᠠᠮᠤᠷ ᠲᠦᠪᠰᠢᠨ ᠤ ᠶᠡᠷᠦᠩᠬᠡᠢ ᠦᠵᠡᠯᠲᠡ ᠶᠢ ᠲᠤᠭᠤᠰᠢᠯᠠᠭᠤᠯᠤᠨ᠂ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠵᠤ᠂ ᠰᠢᠨ᠎ᠡ ᠴᠠᠭ ᠦᠶ᠎ᠡ ᠶᠢᠨ ᠨᠡᠭᠦᠳᠡᠯ ᠠᠷᠠᠳ ᠤᠨ ᠬᠠᠮᠢᠶᠠᠷᠤᠯᠲᠠ ᠶᠢᠨ ᠴᠠᠭᠳᠠᠭ᠎ᠠ ᠶᠢᠨ ᠡᠭᠦᠷᠭᠡ ᠬᠠᠷᠢᠭᠤᠴᠠᠯᠭ᠎ᠠ ᠪᠠᠨ ᠦᠨᠡᠨᠴᠢ ᠪᠠᠷ ᠰᠠᠶᠢᠲᠤᠷ ᠭᠦᠢᠴᠡᠳᠬᠡᠵᠦ᠂ ᠡᠬᠡ ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ ᠪᠠᠬᠢᠵᠢᠭᠦᠯᠬᠦ ᠳᠤ ᠨᠡᠩ ᠶᠡᠭᠡ ᠬᠤᠪᠢ ᠨᠡᠮᠡᠷᠢ ᠦᠵᠡᠭᠦᠯᠦᠨ᠎ᠡ ᠭᠡᠵᠦ ᠢᠯᠡᠳᠬᠡᠵᠡᠭᠡᠪᠡ᠃
5 ᠰᠠᠷ᠎ᠠ ᠶᠢᠨ 24 ᠤ ᠡᠳᠦᠷ ᠥᠪᠡᠷᠲᠡᠭᠡᠨ ᠵᠠᠰᠠᠬᠤ ᠣᠷᠣᠨ ᠤ ᠲᠣᠮᠣ ᠳ᠋ᠠᠶᠢᠲ᠋ᠠ ᠶᠢᠨ ᠲᠥᠪ ᠪᠦᠭᠦ ᠨᠠᠮ ᠤᠨ ᠭᠡᠰᠢᠭᠦᠳ ᠢᠶᠠᠨ ᠵᠣᠬᠢᠶᠠᠨ ᠪᠠᠶᠢᠭᠤᠯᠤᠨ ︽ᠦᠯᠢᠭᠡᠷ ᠳᠠᠭᠤᠷᠢᠶᠠᠯ ᠤᠨ ᠬᠦᠴᠦᠨ ᠢ ᠬᠦᠷᠲᠡᠵᠦ᠂ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠣᠶᠢᠯᠠᠭᠠᠶ᠎ᠠ︾ – ︽ᠥᠨᠳᠥᠷ ᠣᠭᠲᠠᠷᠭᠤᠢ ᠶᠢᠨ ᠸᠠᠩ︾ ᠭᠡᠬᠦ ᠺᠢᠨᠣ᠋ ᠰᠣᠨᠢᠷᠬᠠᠬᠤ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠥᠷᠨᠢᠭᠦᠯᠪᠡ᠃ ᠺᠢᠨᠣ᠋ ᠨᠢ ᠬᠥᠮᠥᠰ ᠤᠨ ᠰᠡᠳᠬᠢᠯ ᠢ ᠳᠣᠭᠳᠣᠯᠤᠭᠤᠯᠵᠤ᠂ ᠠᠭᠠᠷ ᠤᠨ ᠴᠡᠷᠢᠭ ᠤᠨ ᠲᠤᠷᠰᠢᠨ ᠨᠢᠰᠬᠡᠭᠴᠢ ᠶᠢᠨ ᠡᠷᠡᠯᠬᠡᠭ ᠪᠠᠭᠠᠲᠤᠷᠯᠢᠭ ᠵᠠᠩ ᠴᠢᠨᠠᠷ᠂ ᠠᠭᠠᠷ ᠤᠨ ᠠᠶᠠᠯᠠᠯ ᠢᠶᠠᠷ ᠡᠬᠡ ᠣᠷᠣᠨ ᠳᠠᠭᠠᠨ ᠵᠢᠳᠬᠦᠬᠦ ᠵᠣᠷᠢᠭ ᠰᠠᠨᠠᠭ᠎ᠠ ᠨᠢ ᠣᠯᠠᠨ ᠤ ᠠᠩᠬᠠᠷᠤᠯ ᠢ ᠶᠡᠬᠡᠳᠡ ᠲᠠᠲᠠᠵᠠᠢ᠃ ᠺᠢᠨᠣ᠋ ᠶᠢ ᠰᠣᠨᠢᠷᠬᠠᠭᠰᠠᠨ ᠤ ᠳᠠᠷᠠᠭᠠᠬᠢ ᠰᠣᠯᠢᠯᠴᠠᠭᠠᠨ ᠤ ᠬᠤᠷᠠᠯ ᠳᠡᠭᠡᠷ᠎ᠡ ᠣᠯᠠᠨ ᠢᠶᠠᠷ ᠢᠶᠠᠨ ᠲᠤᠷᠰᠢᠨ ᠨᠢᠰᠬᠡᠭᠴᠢ ᠶᠢᠨ ᠠᠵᠢᠯ ᠨᠢ ᠨᠢᠭᠤᠴᠠᠭᠠᠢ ᠮᠥᠷᠲᠡᠭᠡᠨ ᠠᠭᠤᠤ ᠶᠡᠭᠡ ᠪᠠᠶᠢᠳᠠᠭ᠂ ᠪᠢᠳᠡ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ ᠲᠡᠳᠡᠨ ᠤ ᠨᠠᠮ ᠪᠣᠯᠣᠨ ᠤᠯᠤᠰ ᠲᠠᠭᠠᠨ ᠦᠨᠡᠨᠴᠢ ᠰᠢᠳᠤᠷᠭᠤ ᠪᠠᠶᠢᠬᠤ ᠪᠠᠲᠤ ᠴᠢᠩᠭ᠎ᠠ ᠢᠲᠡᠭᠡᠯ ᠵᠣᠷᠢᠭ᠂ ᠯᠠᠪᠳᠠᠭᠤᠨ ᠪᠠᠲᠤᠲᠠᠢ ᠠᠵᠢᠯᠯᠠᠬᠤ ᠰᠤᠷᠲᠠᠯ ᠢ ᠰᠤᠷᠤᠯᠴᠠᠵᠤ᠂ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠶᠢᠨ ᠦᠢᠯᠡᠳᠦᠯ ᠢ ᠭᠦᠢᠴᠡᠳ ᠪᠠᠳᠠᠷᠠᠭᠤᠯᠤᠨ᠂ ᠨᠡᠩ ᠢᠳᠡᠪᠬᠢᠲᠡᠢ ᠠᠵᠢᠯᠯᠠᠬᠤ ᠣᠪᠣᠷ᠂ ᠨᠡᠩ ᠪᠣᠳᠠᠲᠠᠢ ᠶᠢ ᠡᠷᠭᠢᠮᠯᠡᠭᠦ ᠠᠵᠢᠯ ᠤᠨ ᠰᠤᠷᠲᠠᠯ ᠢᠶᠠᠷ ᠬᠠᠷᠠᠯᠲᠠ ᠡᠭᠦᠷᠭᠡ ᠶᠢᠨ ᠲᠣᠭᠤᠷᠢᠨ ᠳᠤ ᠪᠣᠭᠤᠮᠲᠠ ᠰᠢᠪᠲᠤᠯᠵᠤ᠂ ᠮᠠᠨ ᠤ ᠣᠷᠣᠨ ᠤ ᠲᠣᠮᠣ ᠳ᠋ᠠᠶᠢᠲ᠋ᠠ ᠶᠢᠨ ᠦᠢᠯᠡᠰ ᠤᠨ ᠰᠢᠨ᠎ᠡ ᠳᠡᠭᠲᠡᠷ ᠲᠤ ᠭᠠᠷᠬᠤ ᠶᠢ ᠬᠦᠴᠦᠯᠡᠨ ᠠᠬᠢᠭᠤᠯᠤᠨ᠎ᠠ ᠭᠡᠵᠦ ᠢᠯᠡᠳᠬᠡᠵᠡᠭᠡᠪᠡ᠃
5 ᠰᠠᠷ᠎ᠠ ᠶᠢᠨ 25 ᠤ ᠡᠳᠦᠷ ᠥᠪᠡᠷᠲᠡᠭᠡᠨ ᠵᠠᠰᠠᠬᠤ ᠣᠷᠣᠨ ᠤ ᠬᠢᠲᠠᠳ ᠡᠮᠨᠡᠯᠭᠡ ᠶᠢᠨ ᠬᠤᠷᠢᠶ᠎ᠠ ᠶᠢᠨ ᠬᠢᠨ ᠭᠦᠭᠡᠬᠤᠲᠠ ᠶᠢᠨ ᠶᠣᠰᠣ ᠮᠣᠷᠠᠯ ᠤᠨ ᠵᠢᠱᠢᠶᠡᠴᠢ ᠬᠤ᠋ ᠵᠧᠨ ᠭᠦᠸᠧ᠂ ᠥᠪᠡᠷᠲᠡᠭᠡᠨ ᠵᠠᠰᠠᠬᠤ ᠣᠷᠣᠨ ᠤ ᠲᠠᠪᠤᠨ ᠰᠠᠶᠢᠨᠲᠠᠢ ᠭᠡᠷ ᠪᠦᠯᠢ᠂ ᠭᠦᠭᠡᠬᠤᠲᠠ ᠶᠢᠨ ᠬᠠᠮᠤᠭ ᠤᠨ ᠭᠤᠶᠣ ᠭᠡᠷ ᠪᠦᠯᠢ ᠯᠢ ᠬᠤᠣ ᠶᠢ ᠤᠷᠢᠵᠤ ︽ᠦᠯᠢᠭᠡᠷ ᠳᠠᠭᠤᠷᠢᠶᠠᠯ ᠤᠨ ᠬᠦᠴᠦᠨ ᠠᠴᠠ ᠰᠤᠷᠤᠯᠴᠠᠵᠤ ᠠᠷᠠᠳ ᠤᠨ ᠲᠥᠯᠥᠭᠡ ᠶᠢᠨ ᠤᠭ ᠰᠠᠨᠠᠭ᠎ᠠ ᠪᠠᠨ ᠦᠢᠯᠡᠳᠦᠯᠭᠡᠵᠢᠭᠦᠯᠬᠦ︾ ᠲᠡᠷᠢᠭᠦᠨ ᠤ ᠨᠡᠶᠢᠲᠡᠯᠢᠭ ᠵᠢᠱᠢᠶᠡᠴᠢ ᠠᠴᠠ ᠰᠤᠷᠤᠯᠴᠠᠬᠤ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠥᠷᠨᠢᠭᠦᠯᠵᠦ᠂ ᠪᠦᠭᠦ ᠡᠮᠨᠡᠯᠭᠡ ᠶᠢᠨ ᠬᠤᠷᠢᠶᠠᠨ ᠤ ᠺᠠᠳ᠋ᠷ ᠠᠵᠢᠯᠲᠠᠨ ᠢ ᠬᠥᠲᠥᠯᠥᠨ ᠵᠢᠯᠤᠭᠤᠳᠴᠤ ᠪᠠᠶᠢᠭᠠᠳ ᠮᠡᠷᠭᠡᠳ ᠠᠴᠠ ᠰᠤᠷᠤᠯᠴᠠᠵᠤ᠂ ᠠᠵᠢᠯ ᠲᠥᠷᠥᠯ ᠤᠨ ᠲᠥᠪ ᠪᠤᠰᠤ ᠰᠤᠷᠲᠠᠯ ᠢ ᠤᠬᠠᠮᠰᠠᠷ ᠠᠴᠠ ᠪᠠᠨ ᠲᠡᠪᠴᠢᠬᠦ ᠦᠵᠡᠯ ᠰᠠᠨᠠᠭᠠᠨ ᠤ ᠲᠣᠭᠲᠠᠯ ᠬᠦᠴᠦᠨ ᠢ ᠴᠢᠩᠭᠠᠳᠬᠠᠪᠠ᠃ ᠲᠡᠷᠢᠭᠦᠨ ᠤ ᠨᠡᠶᠢᠲᠡᠯᠢᠭ ᠵᠢᠱᠢᠶᠡᠴᠢ ᠠᠴᠠ ᠡᠭᠡᠯ ᠪᠣᠷᠣᠭᠵᠢᠭᠤᠨ ᠦᠭᠡ ᠬᠡᠯᠡ᠂ ᠠᠮᠢᠳᠤᠯᠢᠭ ᠪᠣᠳᠠᠲᠠᠢ ᠵᠢᠱᠢᠶ᠎ᠡ ᠪᠠᠷ ᠬᠥᠮᠥᠰ ᠤᠨ ᠰᠡᠳᠬᠢᠯ ᠢ ᠬᠥᠳᠡᠯᠭᠡᠮ᠎ᠡ ᠦᠢᠯᠡ ᠠᠵᠢᠯᠯᠠᠭ᠎ᠠ ᠶᠢ ᠭᠦᠨ ᠰᠡᠳᠬᠢᠯᠭᠡ ᠲᠠᠢ ᠪᠠᠷ ᠶᠠᠷᠢᠵᠤ᠂ ᠮᠡᠳᠡᠭᠦᠯᠦᠯᠲᠡ ᠶᠢᠨ ᠬᠤᠷᠠᠯ ᠳᠤ ᠣᠷᠣᠯᠴᠠᠭᠰᠠᠳ ᠢ ᠤᠷᠮᠠᠰᠢᠭᠤᠯᠤᠨ ᠵᠣᠷᠢᠭᠵᠢᠭᠤᠯᠵᠤ ᠭᠦᠨ ᠬᠥᠮᠦᠵᠢᠯ ᠬᠦᠷᠲᠡᠭᠡᠭᠰᠡᠨ ᠪᠠᠶᠢᠨ᠎ᠠ᠃ ᠣᠯᠠᠨ ᠢᠶᠠᠷ ᠢᠶᠠᠨ ᠲᠡᠷᠢᠭᠦᠨ ᠤ ᠨᠡᠶᠢᠲᠡᠯᠢᠭ ᠵᠢᠱᠢᠶᠡᠴᠢ ᠶᠢᠨ ᠬᠤᠪᠢ ᠬᠥᠮᠥᠨ ᠤ ᠥᠩᠭᠡᠷᠡᠯᠲᠡ ᠨᠢ ᠠᠵᠢᠯ ᠤᠨ ᠪᠠᠶᠢᠷᠢ ᠪᠠᠨ ᠬᠠᠶᠢᠷᠠᠯᠠᠨ ᠦᠢᠯᠡᠰ ᠢᠶᠠᠨ ᠳᠡᠭᠡᠳᠦᠯᠡᠬᠦ᠂ ᠠᠷᠠᠳ ᠲᠦᠮᠡᠨ ᠳᠤ ᠦᠢᠯᠡᠴᠢᠯᠡᠬᠦ᠂ ᠬᠠᠷᠠᠮ ᠦᠭᠡᠢ ᠵᠢᠳᠬᠦᠬᠦ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠬᠦ ᠡᠷᠬᠢᠮ ᠳᠡᠭᠡᠳᠦ ᠵᠠᠩ ᠮᠣᠷᠠᠯ ᠢ ᠠᠮᠢᠳᠤᠯᠢᠭ ᠢᠶᠠᠷ ᠢᠯᠡᠷᠡᠭᠦᠯᠵᠡᠢ᠃ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠦᠢᠯᠡᠰ ᠤᠨ ᠡᠭᠦᠷᠭᠡ ᠬᠠᠲᠠᠭᠤ ᠪᠡᠷᠬᠡ᠂ ᠬᠠᠷᠢᠭᠤᠴᠠᠯᠭ᠎ᠠ ᠬᠦᠨᠳᠦ ᠶᠡᠭᠡ ᠪᠣᠯᠬᠤᠷ ᠨᠠᠮ ᠤᠨ ᠭᠡᠰᠢᠭᠦᠨ ᠺᠠᠳ᠋ᠷᠴᠤᠳ ᠬᠥᠲᠥᠯᠥᠨ ᠳᠠᠭᠠᠭᠤᠯᠵᠤ ᠵᠢᠱᠢᠶ᠎ᠡ ᠦᠵᠡᠭᠦᠯᠭᠦ ᠦᠢᠯᠡᠳᠦᠯ ᠢᠶᠠᠨ ᠭᠦᠢᠴᠡᠳ ᠪᠠᠳᠠᠷᠠᠭᠤᠯᠵᠤ᠂ ᠡᠮ ᠡᠮᠨᠡᠯᠭᠡ ᠶᠢᠨ ᠦᠢᠯᠡᠴᠢᠯᠡᠭᠡᠨ ᠤ ᠦᠢᠯᠡ ᠠᠵᠢᠯᠯᠠᠭ᠎ᠠ ᠶᠢ ᠲᠠᠰᠤᠷᠠᠯᠲᠠ ᠦᠭᠡᠢ ᠵᠢᠷᠤᠮᠵᠢᠭᠤᠯᠤᠨ᠂ ᠡᠮ ᠡᠮᠨᠡᠯᠭᠡ ᠶᠢᠨ ᠦᠢᠯᠡᠴᠢᠯᠡᠭᠡᠨ ᠤ ᠣᠪᠣᠷ ᠢᠶᠠᠨ ᠰᠠᠶᠢᠵᠢᠷᠠᠭᠤᠯᠵᠤ᠂ ᠡᠮ ᠡᠮᠨᠡᠯᠭᠡ ᠶᠢᠨ ᠦᠢᠯᠡᠴᠢᠯᠡᠭᠡᠨ ᠤ ᠶᠠᠰᠤ ᠴᠢᠨᠠᠷ ᠢᠶᠠᠨ ᠳᠡᠭᠡᠭᠰᠢᠯᠡᠭᠦᠯᠦᠨ᠂ ᠡᠮᠴᠢ ᠬᠥᠮᠥᠨ ᠤ ᠰᠠᠶᠢᠬᠠᠨ ᠮᠣᠷᠠᠯ ᠰᠠᠶᠢᠨ ᠰᠤᠷᠲᠠᠯ ᠢ ᠪᠤᠢ ᠪᠤᠯᠭᠠᠵᠤ᠂ ᠪᠦᠭᠦ ᠣᠷᠣᠨ ᠤ ᠠᠷᠠᠳ ᠲᠦᠮᠡᠨ ᠤ ᠡᠷᠡᠭᠦᠯ ᠮᠡᠨᠳᠦ ᠶᠢ ᠬᠠᠮᠠᠭᠠᠯᠠᠬᠤ᠂ ᠡᠷᠡᠭᠦᠯ ᠮᠡᠨᠳᠦ ᠪᠤᠶᠠᠨ ᠵᠢᠷᠭᠠᠯ ᠢ ᠨᠡᠮᠡᠭᠳᠡᠭᠦᠯᠬᠦ ᠳᠤ ᠦᠵᠡᠭᠦᠯᠪᠡᠰᠦ ᠵᠣᠬᠢᠬᠤ ᠬᠤᠪᠢ ᠨᠡᠮᠡᠷᠢ ᠪᠠᠨ ᠦᠵᠡᠭᠦᠯᠦᠨ᠎ᠡ ᠭᠡᠵᠦ ᠢᠯᠡᠳᠬᠡᠵᠡᠭᠡᠪᠡ᠃