ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠭᠤᠣᠯ ᠰᠡᠳᠦᠪᠲᠦ ᠬᠥᠮᠦᠵᠢᠯ ᠤᠨ ᠭᠦᠨᠵᠡᠭᠡᠶᠢᠷᠡᠨ ᠪᠣᠳᠠᠲᠠᠶᠢᠵᠢᠬᠤ ᠶᠢ ᠦᠷᠭᠦᠯᠵᠢᠯᠡᠨ ᠠᠬᠢᠭᠤᠯᠬᠤ ᠶᠢᠨ ᠲᠥᠯᠥᠭᠡ᠂ ᠬᠡᠳᠦᠨ ᠡᠳᠦᠷ ᠤᠨ ᠲᠤᠷᠰᠢ ᠮᠠᠨ ᠤ ᠣᠷᠣᠨ ᠤ ᠡᠯ᠎ᠡ ᠰᠠᠯᠠᠭ᠎ᠠ ᠮᠥᠴᠢᠷ᠂ ᠡᠯ᠎ᠡ ᠨᠢᠭᠡᠴᠢ ᠶᠢᠨ ᠬᠢᠨ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠬᠦ ᠪᠠᠷ ᠳᠠᠮᠵᠢᠨ᠂ ᠨᠠᠮ ᠤᠨ ᠭᠡᠰᠢᠭᠦᠨ ᠺᠠᠳ᠋ᠷ ᠤᠨ ᠤᠷᠤᠭᠰᠢᠯᠠᠨ ᠳᠠᠪᠰᠢᠬᠤ ᠬᠦᠴᠦᠨ ᠴᠢᠳᠠᠯ ᠢ ᠰᠢᠩᠭᠡᠬᠡᠨ᠂ ᠠᠵᠢᠯᠯᠠᠭ᠎ᠠ ᠶᠢᠨ ᠬᠠᠮᠲᠤ ᠶᠢᠨ ᠲᠠᠨᠢᠯᠲᠠ ᠶᠢ ᠨᠢᠭᠲᠠᠷᠠᠭᠤᠯᠵᠤ᠂ ᠬᠡᠬᠦᠳᠡᠭ ᠳᠦᠭᠦᠷᠡᠩ ᠬᠠᠯᠠᠭᠤᠨ ᠰᠡᠳᠬᠢᠯᠭᠡ ᠪᠠᠷ ᠰᠢᠨ᠎ᠡ ᠠᠶᠠᠨ ᠳᠤ ᠡᠷᠡᠮᠡᠬᠡᠶᠢᠯᠡᠨ ᠤᠷᠤᠭᠰᠢᠯᠠᠵᠤ᠂ ᠰᠢᠨ᠎ᠡ ᠴᠠᠭ ᠦᠶ᠎ᠡ ᠳᠤ ᠭᠠᠪᠢᠶ᠎ᠠ ᠪᠠᠶᠢᠭᠤᠯᠬᠤ ᠶᠢ ᠬᠥᠲᠥᠯᠥᠨ ᠵᠢᠯᠣᠭᠤᠳᠪᠠ᠃
5 ᠰᠠᠷ᠎ᠠ ᠶᠢᠨ 23 ᠤ ᠡᠳᠦᠷ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ᠂ ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ᠂ ᠳ᠋ᠠ ᠲᠠᠩ ᠴᠠᠭᠢᠯᠭᠠᠨ ᠬᠦᠴᠦᠨ ︵ᠲᠣᠭᠲᠠᠬᠤ︶ ᠤ ᠬᠢᠵᠠᠭᠠᠷᠲᠤ ᠺᠤᠮᠫᠠᠨᠢ ᠲᠠᠢ ᠬᠠᠮᠲᠤᠷᠠᠨ ︽ᠪᠠᠲᠤᠲᠠᠢ ᠦᠢᠯᠡᠳᠦᠯᠭᠡᠵᠢᠭᠦᠯᠵᠦ ᠪᠣᠳᠠᠲᠠᠢ ᠠᠵᠢᠯᠯᠠᠵᠤ ᠪᠠᠶᠢᠴᠠᠭᠠᠨ ᠰᠤᠳᠤᠯᠤᠯᠲᠠ ᠬᠢᠬᠦ ᠰᠤᠷᠲᠠᠯ ᠢ ᠶᠡᠭᠡ ᠪᠠᠷ ᠪᠠᠳᠠᠷᠠᠭᠤᠯᠵᠤ ᠪᠣᠬᠢᠷᠳᠤᠯ ᠦᠭᠡᠢ ᠬᠥᠭᠵᠢᠯᠲᠡ ᠶᠢ ᠬᠠᠮᠲᠤ ᠪᠠᠷ ᠠᠬᠢᠭᠤᠯᠬᠤ︾ ᠬᠠᠮᠲᠤᠷᠠᠭᠰᠠᠨ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠥᠷᠨᠢᠭᠦᠯᠵᠦ᠂ ᠠᠵᠤ ᠠᠬᠤᠶᠢᠯᠠᠯ ᠤᠨ ᠦᠵᠡᠰᠭᠦᠯᠡᠩ ᠤᠨ ᠣᠷᠳᠣᠨ᠂ ᠲᠥᠪᠯᠡᠷᠡᠭᠦᠯᠦᠨ ᠡᠵᠡᠮᠳᠡᠬᠦ ᠲᠠᠰᠤᠭ ᠢ ᠲᠤᠬᠠᠢ ᠶᠢᠨ ᠭᠠᠵᠠᠷ ᠲᠤᠨᠢ ᠲᠣᠭᠤᠷᠢᠨ ᠦᠵᠡᠵᠦ᠂ ᠠᠵᠤ ᠠᠬᠤᠶᠢᠯᠠᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ᠂ ᠲᠣᠭᠠᠴᠢᠯᠠᠯᠳᠠ ᠲᠡᠶᠢᠰᠢ ᠭᠡᠯᠪᠡᠷᠢ ᠪᠠᠨ ᠬᠤᠪᠢᠷᠠᠭᠤᠯᠤᠭᠰᠠᠨ ᠪᠠᠶᠢᠳᠠᠯ ᠢ ᠣᠶᠢᠯᠠᠭᠠᠵᠤ᠂ ᠤᠰᠤᠨ ᠤ ᠡᠬᠢ ᠪᠠᠶᠠᠯᠢᠭ ᠤᠨ ᠭᠠᠶᠢᠯᠢ ᠶᠢᠨ ᠲᠥᠷᠥ ᠶᠢᠨ ᠪᠣᠳᠣᠯᠭ᠎ᠠ ᠳᠤ ᠤᠬᠠᠭᠤᠯᠭ᠎ᠠ ᠬᠢᠭᠰᠡᠨ ᠪᠠ ᠠᠰᠠᠭᠤᠯᠲᠠ ᠬᠠᠷᠢᠭᠤᠯᠪᠠ᠃ ᠣᠯᠠᠨ ᠢᠶᠠᠷ ᠢᠶᠠᠨ ᠰᠠᠯᠠᠭ᠎ᠠ ᠮᠥᠴᠢᠷ ᠠᠯᠤᠰᠯᠠᠭᠰᠠᠨ ᠨᠠᠮ ᠤᠨ ᠡᠭᠦᠷ ᠬᠤᠯᠪᠤᠭᠠᠯᠠᠨ ᠰᠤᠷᠤᠯᠴᠠᠵᠤ ᠬᠤᠯᠪᠤᠭᠠᠯᠠᠨ ᠪᠠᠶᠢᠭᠤᠯᠬᠤ ᠪᠣᠯ ᠭᠤᠣᠯ ᠰᠡᠳᠦᠪᠲᠦ ᠬᠥᠮᠦᠵᠢᠯ ᠤᠨ ᠦᠷ᠎ᠡ ᠪᠦᠲᠦᠭᠡᠯ ᠤᠨ ᠬᠤᠪᠢᠷᠠᠭᠤᠯᠤᠯᠲᠠ ᠶᠢ ᠠᠬᠢᠭᠤᠯᠬᠤ ᠪᠦᠲᠦᠮᠵᠢᠲᠡᠶ ᠠᠷᠭ᠎ᠠ ᠵᠠᠮ ᠮᠥᠨ᠂ ᠪᠠᠰᠠ ᠴᠤ ᠡᠯ᠎ᠡ ᠰᠠᠯᠠᠭ᠎ᠠ ᠮᠥᠴᠢᠷ ᠤᠨ ᠬᠤᠯᠪᠤᠭᠠᠯᠠᠨ ᠰᠤᠷᠤᠯᠴᠠᠵᠤ ᠬᠠᠷᠢᠯᠴᠠᠨ ᠠᠬᠢᠭᠤᠯᠬᠤ᠂ ᠲᠤᠬᠠᠶᠢᠯᠠᠭᠰᠠᠨ ᠠᠵᠢᠯ ᠤᠨ ᠰᠣᠯᠢᠯᠴᠠᠭ᠎ᠠ ᠪᠠᠨ ᠭᠦᠨᠵᠡᠭᠡᠶᠢᠷᠡᠭᠦᠯᠬᠦ ᠪᠣᠳᠠᠲᠠᠢ ᠦᠢᠯᠡᠳᠦᠯᠭᠡ ᠮᠥᠨ᠂ ᠨᠠᠩ ᠴᠤ ︽ᠬᠤᠶᠠᠷ ᠶᠡᠭᠡ ᠶᠠᠪᠤᠳᠠᠯ︾ ᠤᠨ ᠦᠵᠡᠯ ᠰᠠᠨᠠᠭᠠᠨ ᠤ ᠬᠠᠮᠲᠤ ᠶᠢᠨ ᠲᠠᠨᠢᠯᠲᠠ ᠶᠢ ᠨᠢᠭᠲᠠᠷᠠᠭᠤᠯᠬᠤ ᠰᠠᠶᠢᠲᠤᠷ ᠬᠢᠬᠦ ᠬᠦᠴᠦᠲᠡᠢ ᠠᠷᠭ᠎ᠠ ᠬᠡᠮᠵᠢᠶ᠎ᠡ ᠮᠥᠨ᠃ ᠪᠣᠳᠠᠲᠠᠢ ᠠᠵᠢᠯᠯᠠᠨ ᠪᠠᠶᠢᠳᠠᠯ ᠢ ᠡᠪᠳᠡᠵᠦ᠂ ᠵᠠᠮ ᠨᠡᠭᠡᠭᠡᠨ ᠰᠢᠨ᠎ᠡ ᠶᠢ ᠡᠭᠦᠳᠴᠦ᠂ ᠨᠠᠮ ᠤᠨ ᠪᠠᠶᠢᠭᠤᠯᠤᠯᠲᠠ ᠶᠢᠨ ᠳᠠᠭᠠᠭᠤᠯᠭ᠎ᠠ ᠳᠣᠣᠷ᠎ᠠ ᠡᠯ᠎ᠡ ᠲᠠᠯ᠎ᠠ ᠶᠢᠨ ᠬᠦᠴᠦᠨ ᠢ ᠨᠢᠭᠲᠠᠷᠠᠭᠤᠯᠵᠤ ᠪᠠᠶᠢᠭᠠᠳ ᠥᠪᠥᠷ ᠮᠣᠩᠭᠤᠯ ᠤᠨ ᠪᠣᠬᠢᠷᠳᠤᠯ ᠦᠭᠡᠢ ᠭᠠᠶᠢᠯᠢ ᠶᠢᠨ ᠲᠥᠷᠥᠯ ᠤᠨ ᠬᠠᠮᠢᠶᠠᠷᠤᠯᠲᠠ ᠶᠢᠨ ᠶᠠᠰᠤ ᠴᠢᠨᠠᠷ ᠦᠷ᠎ᠡ ᠪᠦᠲᠦᠮᠵᠢ ᠶᠢ ᠬᠠᠮᠲᠤ ᠪᠠᠷ ᠳᠡᠭᠡᠭᠰᠢᠯᠡᠭᠦᠯᠦᠨ᠎ᠡ ᠭᠡᠵᠦ ᠢᠯᠡᠳᠬᠡᠵᠡᠭᠡᠪᠡ᠃
5 ᠰᠠᠷ᠎ᠠ ᠶᠢᠨ 11 ᠤ ᠡᠳᠦᠷ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠥᠷᠨᠢᠭᠦᠯᠵᠦ᠂ ᠨᠠᠮ ᠤᠨ ᠭᠡᠰᠢᠭᠦᠨ ᠺᠠᠳ᠋ᠷᠴᠤᠳ ᠢ ᠵᠣᠬᠢᠶᠠᠨ ᠪᠠᠶᠢᠭᠤᠯᠤᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠢᠬᠡᠴᠢ ᠵᠠᠰᠠᠭ ᠤᠨ ᠬᠥᠮᠦᠵᠢᠯ ᠤᠨ ᠦᠵᠡᠭᠦᠯᠭᠡ ᠶᠢᠨ ᠲᠢᠩᠬᠢᠮ ᠳᠤ ᠬᠦᠷᠴᠦ ᠲᠣᠭᠤᠷᠢᠨ ᠦᠵᠡᠵᠦ ᠰᠤᠷᠤᠯᠴᠠᠪᠠ᠃ ᠠᠵᠢᠯᠯᠠᠭ᠎ᠠ ᠨᠢ ᠴᠢᠬᠡᠴᠢ ᠵᠠᠰᠠᠭ ᠤᠨ ᠲᠡᠦᠬᠡ ᠶᠢ ᠲᠠᠨᠢᠯᠴᠠᠭᠤᠯᠬᠤ᠂ ᠠᠷᠢᠭᠤᠨ ᠴᠢᠬᠡᠴᠢ ᠶᠢᠨ ᠮᠡᠳᠡᠯᠭᠡ ᠶᠢ ᠤᠯᠠᠮᠵᠢᠯᠠᠬᠤ᠂ ᠨᠡᠶᠢᠲᠡᠯᠢᠭ ᠬᠡᠷᠡᠭ ᠤᠨ ᠵᠢᠱᠢᠶ᠎ᠡ ᠶᠢ ᠵᠠᠳᠠᠯᠬᠤ᠂ ᠢᠯᠵᠠᠷᠠᠯ ᠤᠨ ᠠᠶᠤᠯ ᠢ ᠢᠯᠡᠷᠡᠭᠦᠯᠬᠦ᠂ ᠠᠵᠢᠯᠴᠢ ᠬᠢᠴᠢᠶᠡᠩᠭᠦᠢ ᠠᠷᠢᠭᠤᠨ ᠴᠢᠬᠡᠴᠢ ᠨᠡᠶᠢᠲᠡᠯᠢᠭ ᠵᠢᠱᠢᠶ᠎ᠡ ᠶᠢ ᠤᠬᠠᠭᠤᠯᠬᠤ᠂ ᠰᠢᠯᠢᠳᠡᠭ ᠭᠡᠷ ᠤᠨ ᠰᠤᠷᠲᠠᠯ ᠢ ᠪᠠᠳᠠᠷᠠᠭᠤᠯᠬᠤ ᠪᠠᠷ ᠳᠠᠮᠵᠢᠭᠤᠯᠤᠨ᠂ ᠨᠠᠮ ᠤᠨ ᠭᠡᠰᠢᠭᠦᠨ ᠺᠠᠳ᠋ᠷᠴᠤᠳ ᠢ ᠬᠥᠮᠥᠵᠢᠭᠦᠯᠦᠨ ᠵᠢᠯᠤᠭᠤᠳᠴᠤ ᠪᠠᠶᠢᠭᠠᠳ ᠵᠥᠪ ᠶᠢᠷᠲᠢᠨᠴᠦ ᠶᠢᠨ ᠦᠵᠡᠯᠲᠡ᠂ ᠠᠮᠢᠳᠤᠷᠠᠬᠤᠢ ᠶᠢᠨ ᠦᠵᠡᠯᠲᠡ᠂ ᠥᠷᠲᠡᠭ ᠤᠨ ᠦᠵᠡᠯᠲᠡ ᠶᠢ ᠪᠤᠶ ᠪᠤᠯᠭᠠᠵᠤ᠂ ᠠᠷᠢᠭᠤᠨ ᠴᠢᠬᠡᠴᠢ ᠬᠥᠮᠥᠨ ᠪᠣᠯᠵᠤ᠂ ᠴᠡᠪᠡᠷ ᠴᠢᠬᠡᠴᠢ ᠪᠠᠷ ᠠᠵᠢᠯ ᠬᠢᠬᠦ ᠶᠢ ᠰᠤᠷᠲᠠᠯᠴᠢᠯᠠᠵᠠᠢ᠃ ᠣᠯᠠᠨ ᠢᠶᠠᠷ ᠢᠶᠠᠨ ᠲᠣᠰ ᠤᠳᠠᠭᠠᠨ ᠤ ᠠᠵᠢᠯᠯᠠᠭ᠎ᠠ ᠪᠠᠷ ᠳᠠᠮᠵᠢᠭᠤᠯᠤᠨ ᠠᠷᠢᠭᠤᠨ ᠴᠢᠬᠡᠴᠢ ᠪᠠᠶᠢᠬᠤ ᠶᠢ ᠰᠡᠷᠡᠮᠵᠢᠯᠡᠭᠦᠯᠭᠦ ᠬᠥᠮᠦᠵᠢᠯ ᠤᠨ ᠠᠮᠢᠳᠤᠯᠢᠭ ᠬᠢᠴᠢᠶᠡᠯ ᠣᠷᠣᠵᠤ᠂ ᠨᠠᠮᠴᠢ ᠴᠢᠨᠠᠷ ᠤᠨ ᠪᠣᠯᠪᠠᠰᠤᠷᠠᠯ ᠢᠶᠠᠨ ᠤᠯᠠᠮ ᠴᠢᠨᠠᠭᠰᠢᠳᠠ ᠴᠢᠩᠭᠠᠳᠬᠠᠨ᠂ ᠠᠷᠢᠭᠤᠨ ᠴᠢᠬᠡᠴᠢ ᠪᠠᠷ ᠪᠡᠶ᠎ᠡ ᠪᠠᠨ ᠪᠠᠷᠢᠬᠤ᠂ ᠬᠠᠷᠢᠭᠤᠴᠠᠯᠭ᠎ᠠ ᠡᠭᠦᠷᠭᠡᠯᠡᠨ ᠵᠢᠳᠬᠦᠯ ᠴᠢᠷᠮᠠᠶᠢᠯᠭ᠎ᠠ ᠭᠠᠷᠭᠠᠬᠤ ᠶᠢ ᠴᠠᠭ ᠢᠮᠠᠭᠲᠠ ᠪᠡᠶᠡᠯᠡᠭᠦᠯᠦᠨ᠎ᠡ ᠭᠡᠵᠦ ᠰᠠᠨᠠᠯ ᠨᠢᠭᠡᠲᠡᠢ ᠪᠠᠷ ᠢᠯᠡᠳᠬᠡᠵᠡᠭᠡᠪᠡ᠃
4 ᠰᠠᠷ᠎ᠠ ᠶᠢᠨ 28 ᠤ ᠡᠳᠦᠷ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠬᠠᠮᠠᠳ ᠺᠠᠳ᠋ᠷᠴᠤᠳ ᠤᠨ ᠲᠣᠪᠴᠢᠶ᠎ᠠ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ 30 ᠭᠠᠷᠤᠢ ᠨᠠᠮ ᠤᠨ ᠭᠡᠰᠢᠭᠦᠨ ᠺᠠᠳ᠋ᠷ ᠥᠪᠡᠷᠲᠡᠭᠡᠨ ᠵᠠᠰᠠᠬᠤ ᠣᠷᠣᠨ ᠤ ᠴᠢᠬᠡᠴᠢ ᠵᠠᠰᠠᠭ ᠤᠨ ᠬᠥᠮᠦᠵᠢᠯ ᠤᠨ ᠦᠵᠡᠭᠦᠯᠭᠡ ᠶᠢᠨ ᠲᠢᠩᠬᠢᠮ ᠳᠤ ᠬᠦᠷᠴᠦ ᠲᠣᠭᠤᠷᠢᠨ ᠦᠵᠡᠵᠦ ᠰᠤᠷᠤᠯᠴᠠᠨ᠂ ᠨᠠᠮᠴᠢ ᠴᠢᠨᠠᠷ ᠨᠠᠮ ᠤᠨ ᠰᠤᠷᠲᠠᠯ ᠨᠠᠮ ᠤᠨ ᠰᠠᠬᠢᠯᠭ᠎ᠠ ᠪᠠᠲᠤ ᠶᠢᠨ ᠬᠥᠮᠦᠵᠢᠯ ᠭᠦᠷᠳᠡᠪᠡ᠃ ᠣᠯᠠᠨ ᠢᠶᠠᠷ ᠢᠶᠠᠨ ᠲᠤᠬᠠᠢ ᠶᠢᠨ ᠲᠠᠯᠠᠪᠠᠶ ᠳᠤ ᠲᠠᠶᠢᠯᠤᠮᠵᠢ ᠶᠢ ᠰᠣᠨᠣᠰᠴᠤ᠂ ᠸᠢᠳᠢᠤ᠋ ᠶᠢ ᠦᠵᠡᠵᠦ᠂ ᠵᠢᠷᠤᠭ ᠤᠨ ᠦᠵᠡᠭᠦᠯᠭᠡ ᠶᠢ ᠰᠣᠨᠢᠷᠬᠠᠵᠤ᠂ ᠪᠣᠳᠠᠲᠤ ᠪᠣᠳᠠᠰ ᠢ ᠰᠣᠨᠢᠷᠬᠠᠵᠤ᠂ ᠲᠥᠷᠥᠭᠳᠡᠯ ᠢᠶᠠᠨ ᠰᠣᠯᠢᠯᠴᠠᠪᠠ᠃ ᠲᠣᠭᠤᠷᠢᠨ ᠦᠵᠡᠬᠦ ᠰᠤᠷᠤᠯᠴᠠᠯᠭ᠎ᠠ ᠲᠡᠭᠦᠰᠬᠦ ᠦᠶ᠎ᠡ ᠳᠤ᠂ ᠪᠦᠭᠦ ᠨᠠᠮ ᠤᠨ ᠭᠡᠰᠢᠭᠦᠨ ᠭᠠᠯ ᠤᠯᠠᠭᠠᠨ ᠨᠠᠮ ᠤᠨ ᠲᠤᠭ ᠤᠨ ᠵᠦᠭ ᠬᠠᠨᠳᠤᠵᠤ᠂ ᠨᠠᠮ ᠳᠤ ᠣᠷᠣᠬᠤ ᠲᠠᠩᠭᠠᠷᠢᠭ ᠤᠨ ᠦᠭᠡᠰ ᠢᠶᠠᠨ ᠳᠠᠭᠢᠨ ᠤᠩᠰᠢᠪᠠ᠃ ᠤᠯᠠᠨ ᠢᠶᠠᠷ ᠢᠶᠠᠨ᠂ ᠦᠵᠡᠯ ᠰᠠᠨᠠᠭᠠᠨ ᠤ ︽ᠶᠡᠷᠦᠩᠬᠡᠢ ᠨᠡᠭᠡᠭᠡᠯᠭᠡ︾ ᠶᠢ ᠲᠠᠰᠤᠷᠠᠯᠳᠠ ᠦᠭᠡᠢ ᠴᠢᠩᠳᠠᠯᠠᠵᠤ᠂ ᠢᠯᠵᠠᠷᠠᠯ ᠢ ᠰᠡᠷᠭᠡᠶᠢᠯᠡᠵᠦ ᠬᠤᠪᠢᠷᠠᠬᠤ ᠶᠢ ᠲᠡᠪᠴᠢᠬᠦ ︽ᠡᠭᠡᠯᠢᠯᠡᠭᠡ ᠶᠢᠨ ᠴᠢᠳᠠᠪᠤᠷᠢ︾ ᠪᠠᠨ ᠴᠢᠩᠭᠠᠳᠬᠠᠵᠤ᠂ ᠳᠦᠷᠢᠮ ᠲᠣᠭᠲᠠᠭᠠᠯ ᠢ ᠵᠢᠷᠤᠮᠯᠠᠵᠤ ᠰᠠᠬᠢᠯᠭ᠎ᠠ ᠪᠠᠲᠤ ᠶᠢ ᠰᠠᠬᠢᠬᠤ ︽ᠬᠤᠷᠢᠭ᠎ᠠ ᠱᠤᠭᠤᠮ︾ ᠢ ᠪᠠᠬᠢᠯᠡᠵᠦ᠂ ᠴᠠᠭ ᠢᠮᠠᠭᠲᠠ ᠥᠪᠡᠷ ᠢ ᠪᠠᠨ ᠬᠢᠴᠢᠶᠡᠨ ᠥᠪᠡᠷ ᠢ ᠪᠠᠨ ᠲᠤᠩᠭᠠᠵᠤ ᠥᠪᠡᠷ ᠢ ᠪᠠᠨ ᠰᠡᠷᠡᠮᠵᠢᠯᠡᠭᠦᠯᠵᠦ ᠥᠪᠡᠷ ᠢ ᠪᠠᠨ ᠵᠣᠷᠢᠭᠵᠢᠭᠤᠯᠵᠤ᠂ ᠪᠣᠳᠠᠲᠤ ᠠᠵᠢᠯᠯᠠᠭ᠎ᠠ ᠪᠠᠷ ᠢᠶᠠᠨ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠭᠤᠣᠯ ᠰᠡᠳᠦᠪᠲᠦ ᠬᠥᠮᠦᠵᠢᠯ ᠤᠨ ᠭᠦᠨᠵᠡᠭᠡᠶᠢᠷᠡᠨ ᠪᠣᠳᠠᠲᠠᠶᠢᠵᠢᠵᠤ᠂ ᠪᠣᠳᠠᠲᠤ ᠦᠷ᠎ᠡ ᠪᠦᠲᠦᠮᠵᠢ ᠣᠯᠬᠤ ᠶᠢ ᠠᠬᠢᠭᠤᠯᠤᠨ᠎ᠠ ᠭᠡᠵᠦ ᠢᠯᠡᠳᠬᠡᠵᠡᠭᠡᠪᠡ᠃