ᠮᠠᠨ ᠤ ᠣᠷᠣᠨ ᠤ ᠰᠢᠰᠲ᠋ᠧᠮᠲᠦ ᠨᠥᠬᠦᠷᠰᠡᠭ ᠬᠡᠯᠪᠡᠷᠢ ᠶᠢᠨ ᠰᠢᠨ᠎ᠡ ᠡᠨᠧᠷᠭᠢ ᠶᠢᠨ ᠲᠥᠷᠥᠯ ᠵᠦᠢᠯ ᠢ ᠤᠯᠤᠰ ᠤᠨ ᠡᠨᠧᠷᠭᠢ ᠶᠢᠨ ᠲᠣᠪᠴᠢᠶ᠎ᠠ ᠠᠴᠠ ᠵᠢᠱᠢᠶ᠎ᠡ ᠦᠵᠡᠭᠦᠯᠦᠨ ᠳᠡᠯᠭᠡᠷᠡᠭᠦᠯᠪᠡ
ᠨᠡᠶᠢᠲᠡᠯᠡᠭᠰᠡᠨ ᠴᠠᠭ᠄
2024/10/16

      ᠣᠶᠢᠷ᠎ᠠ ᠳᠤ᠂ ᠤᠯᠤᠰ ᠤᠨ ᠡᠨᠧᠷᠭᠢ ᠶᠢᠨ ᠲᠣᠪᠴᠢᠶ᠎ᠠ ᠶᠢᠨ ᠴᠠᠬᠢᠯᠭᠠᠨ ᠬᠦᠴᠦᠨ ᠤ ᠵᠤᠷᠭᠠᠨ ᠠᠨᠾᠦ᠋ᠢ᠂ ᠰᠢᠨᠵᠢᠶᠠᠩ ᠵᠡᠷᠭᠡ ᠰᠢᠨ᠎ᠡ ᠡᠨᠧᠷᠭᠢ ᠶᠢᠨ ᠬᠥᠭᠵᠢᠯᠲᠡ ᠶᠢᠨ ᠨᠡᠶᠢᠲᠡᠯᠢᠭ 6 ᠮᠤᠵᠢ ᠵᠢᠴᠢ ᠤᠯᠤᠰ ᠤᠨ ᠴᠠᠬᠢᠯᠭᠠᠨ ᠤ ᠲᠣᠣᠷ ᠵᠡᠷᠭᠡ ᠠᠵᠤ ᠠᠬᠤᠶᠢᠯᠠᠯ ᠤᠳ ᠢ ᠵᠣᠬᠢᠶᠠᠨ ᠪᠠᠶᠢᠭᠤᠯᠵᠤ ᠮᠠᠨ ᠤ ᠣᠷᠣᠨ ᠳᠤ ᠠᠬᠤᠢ ᠲᠠᠯᠠᠪᠠᠢ ᠶᠢᠨ ᠬᠤᠷᠠᠯ ᠬᠤᠷᠠᠯᠳᠤᠭᠤᠯᠵᠤ᠂ ᠮᠠᠨ ᠤ ᠣᠷᠣᠨ ᠤ ᠰᠢᠰᠲ᠋ᠧᠮᠲᠦ ᠨᠥᠬᠦᠷᠰᠡᠭ ᠬᠡᠯᠪᠡᠷᠢ ᠶᠢᠨ ᠰᠢᠨ᠎ᠡ ᠡᠨᠧᠷᠭᠢ ᠶᠢᠨ ᠴᠠᠬᠢᠯᠭᠠᠨ ᠥᠷᠲᠡᠭᠡ ᠶᠢᠨ ᠪᠦᠲᠦᠭᠡᠨ ᠪᠠᠶᠢᠭᠤᠯᠤᠯᠲᠠ ᠶᠢᠨ ᠠᠮᠵᠢᠯᠲᠠ ᠲᠠᠢ ᠲᠤᠷᠰᠢᠯᠭ᠎ᠠ ᠪᠠ ᠠᠰᠢᠭᠲᠠᠢ ᠠᠷᠭ᠎ᠠ ᠬᠢᠳᠡᠯ ᠢ ᠵᠢᠱᠢᠶ᠎ᠡ ᠦᠵᠡᠭᠦᠯᠦᠨ ᠳᠡᠯᠭᠡᠷᠡᠭᠦᠯᠪᠡ᠃ ᠤᠯᠠᠭᠠᠨᠴᠠᠪ ᠤᠨ ᠰᠢᠰᠲ᠋ᠧᠮᠲᠦ ᠨᠥᠬᠦᠷᠰᠡᠭ ᠬᠡᠯᠪᠡᠷᠢ ᠶᠢᠨ ᠰᠢᠨ᠎ᠡ ᠡᠨᠧᠷᠭᠢ ᠶᠢᠨ ᠴᠠᠬᠢᠯᠭᠠᠨ ᠥᠷᠲᠡᠭᠡ ᠣᠳᠣᠬᠠᠨ ᠳᠤ ᠨᠢᠭᠡᠨᠲᠡ ᠪᠥᠬᠦ ᠪᠠᠭᠲᠠᠭᠠᠮᠵᠢ ᠪᠠᠷ ᠢᠶᠠᠨ ᠲᠣᠣᠷ ᠲᠤ ᠨᠡᠶᠢᠯᠡᠭᠦᠯᠵᠦ᠂ ᠪᠥᠬᠦ ᠤᠯᠤᠰ  ᠲᠠᠬᠢ ᠠᠩᠬᠠᠳᠠᠭᠴᠢ ᠰᠠᠯᠬᠢᠨ ᠬᠦᠴᠦᠨ ᠪᠠ ᠭᠡᠷᠡᠯᠴᠢ ᠴᠡᠨᠡᠭ ᠢᠶᠠᠷ ᠴᠠᠬᠢᠯᠭᠠᠨ ᠭᠠᠷᠭᠠᠬᠤ ᠶᠢ ᠨᠦᠬᠡᠴᠡᠯᠡᠬᠦ ᠶᠢ ᠨᠢᠭᠡ ᠴᠣᠭᠴᠠᠵᠢᠭᠤᠯᠤᠭᠰᠠᠨ ᠴᠠᠬᠢᠯᠭᠠᠨ ᠲᠣᠣᠷ ᠤᠨ ᠨᠥᠬᠦᠷᠰᠡᠭ ᠬᠡᠯᠪᠡᠷᠢ ᠶᠢᠨ ᠪᠣᠬᠢᠷᠲᠤᠯ ᠥᠬᠡᠶ ᠴᠠᠬᠢᠯᠭᠠᠨ ᠥᠷᠲᠡᠭᠡ ᠪᠣᠯᠵᠠᠢ᠃ ᠲᠤᠰ ᠲᠦᠷᠦᠯ ᠵᠦᠢᠯ ᠨᠢ ᠬᠡᠷᠡᠭᠯᠡᠭᠡᠨ ᠤ ᠲᠣᠣᠷ ᠢ ᠪᠦᠷᠢᠯᠳᠦᠭᠦᠯᠬᠦ ᠬᠡᠯᠪᠡᠷᠢ ᠶᠢᠨ ᠮᠡᠷᠭᠡᠵᠢᠯ ᠳᠤ ᠰᠢᠨ᠎ᠡ ᠶᠢ ᠡᠭᠦᠳᠴᠦ᠂ ᠬᠤᠷᠠᠮᠠᠯ ᠬᠡᠷᠡᠭᠯᠡᠭᠡᠨ ᠢᠶᠠᠷ ᠤᠷᠳᠤ ᠬᠡᠮᠵᠢᠶᠡᠨ ᠤ ᠳᠡᠭᠡᠳᠦ ᠨᠠᠷᠢᠯᠢᠭ ᠴᠢᠳᠠᠮᠵᠢ ᠳᠤ ᠲᠦᠰᠦᠭᠡᠯᠡᠯᠲᠡ ᠬᠢᠬᠦ᠂ ᠰᠠᠯᠬᠢᠨ ᠬᠦᠴᠦᠨ ᠪᠠ ᠭᠡᠷᠡᠯᠴᠢ ᠴᠡᠨᠡᠭ ᠢᠶᠠᠷ ᠴᠠᠬᠢᠯᠭᠠᠨ ᠭᠠᠷᠭᠠᠬᠤ ᠶᠢ ᠨᠥᠭᠡᠴᠡᠯᠡᠬᠦ ᠤᠶᠤᠨᠲᠦ ᠬᠠᠮᠲᠤᠷᠠᠭᠰᠠᠨ ᠡᠵᠡᠮᠰᠢᠯ ᠲᠤᠬᠢᠷᠠᠭᠤᠯᠭ᠎ᠠ ᠶᠢᠨ ᠠᠵᠢᠯᠯᠠᠭᠠᠨ ᠵᠡᠷᠭᠡ ᠮᠡᠷᠭᠡᠵᠢᠯ ᠢᠶᠠᠷ ᠳᠠᠮᠵᠢᠭᠤᠯᠵᠤ᠂ ᠰᠢᠨ᠎ᠡ ᠡᠨᠧᠷᠭᠢ ᠶᠢᠨ ᠴᠠᠬᠢᠯᠭᠠᠨ ᠦᠷᠳᠡᠭᠡ ᠶᠢᠨ ᠤᠷᠬᠢᠯ ᠤᠨ ᠬᠡᠮᠵᠢᠭᠳᠡᠯ ᠳᠤ ᠬᠦᠷᠬᠦ ᠴᠢᠳᠠᠪᠤᠷᠢ ᠪᠣᠯᠤᠨ ᠲᠤᠬᠢᠷᠠᠭᠤᠯᠬᠤ ᠴᠢᠳᠠᠪᠤᠷᠢ ᠶᠢ ᠶᠡᠭᠡ ᠪᠠᠷ ᠳᠡᠭᠡᠭᠰᠢᠯᠡᠭᠦᠯᠵᠦ᠂ ᠮᠠᠨ ᠤ ᠤᠯᠤᠰ ᠤᠨ ᠰᠢᠨ᠎ᠡ ᠡᠨᠧᠷᠭᠢ ᠶᠢᠨ ᠠᠮᠤᠷ ᠲᠦᠪᠰᠢᠨ ᠨᠠᠶᠢᠳᠠᠪᠤᠷᠢᠲᠠᠢ ᠪᠠᠶᠢᠬᠤ ᠶᠢ ᠠᠬᠢᠭᠤᠯᠬᠤ ᠲᠠᠯ᠎ᠠ ᠪᠠᠷ ᠤᠯᠠᠮᠵᠢᠯᠠᠯᠲᠤ ᠡᠨᠧᠷᠭᠢ ᠶᠢ ᠣᠷᠣᠯᠠᠭᠤᠯᠬᠤ᠂ ᠰᠢᠨ᠎ᠡ ᠬᠡᠯᠪᠡᠷᠢ ᠶᠢᠨ ᠴᠠᠬᠢᠯᠭᠠᠨ ᠬᠦᠴᠦᠨ ᠤ ᠰᠢᠰᠲ᠋ᠧᠮ ᠢ ᠪᠠᠶᠢᠭᠤᠯᠬᠤ ᠳᠤ ᠠᠰᠢᠭᠲᠠᠢ ᠰᠦᠪᠡᠭᠴᠢᠯᠡᠯᠳᠡ ᠬᠢᠵᠡᠢ᠃ ︵ᠡᠨᠧᠷᠭᠢ ᠶᠢᠨ ᠲᠣᠪᠴᠢᠶ᠎ᠠ︶

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ