|
ᠬᠤᠪᠢᠯᠭᠠᠨ ᠣᠩᠭᠤᠴᠠ ᠠᠷᠪᠠ ᠶᠢᠰᠦᠳᠦᠭᠡᠷ ᠤᠨ ᠰᠠᠨᠰᠠᠷᠴᠢᠳ ᠤᠨ ᠳᠤᠭᠤᠶᠢᠯᠠᠩ ᠢ ᠲᠣᠭᠲᠠᠭᠠᠪᠠ︕ ᠬᠠᠷᠪᠤᠬᠤ ᠴᠠᠭ ᠢ ᠲᠣᠭᠲᠠᠭᠠᠪᠠ︕ |
|
|
ᠨᠡᠶᠢᠲᠡᠯᠡᠭᠰᠡᠨ ᠴᠠᠭ᠄
2024/10/29
|
|
ᠬᠤᠪᠢᠯᠭᠠᠨ ᠣᠩᠭᠤᠴᠠ ᠠᠷᠪᠠ ᠶᠢᠰᠦᠳᠦᠭᠡᠷ ᠤᠨ ᠬᠥᠮᠦᠨ ᠠᠴᠢᠭᠰᠠᠨ ᠨᠢᠰᠦᠯᠲᠡ ᠶᠢᠨ ᠡᠭᠦᠷᠭᠡ ᠶᠢᠨ ᠲᠤᠬᠠᠶ ᠰᠣᠨᠢᠨ ᠮᠡᠳᠡᠭᠡ ᠨᠡᠶᠢᠲᠡᠯᠡᠬᠦ ᠬᠤᠷᠠᠯ ᠢ 29 ᠤ ᠡᠳᠦᠷ ᠵᠢᠦᠴᠢᠤᠸᠠᠨ ᠳᠠᠭᠠᠭᠤᠯᠢ ᠣᠳᠣ ᠬᠠᠷᠪᠤᠬᠤ ᠲᠥᠪ ᠲᠤ ᠶᠠᠪᠤᠭᠳᠠᠭᠤᠯᠵᠠᠢ᠃ ᠳᠤᠮᠳᠠᠳᠤ ᠤᠯᠤᠰ ᠤᠨ ᠬᠥᠮᠦᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠰᠣᠨᠢᠨ ᠮᠡᠳᠡᠭᠡ ᠥᠭᠦᠯᠡᠭᠴᠢ ᠯᠢᠨ ᠰᠢ ᠴᠢᠶᠠᠩ ᠬᠤᠷᠠᠯ ᠳᠡᠭᠡᠷ᠎ᠡ ᠢᠯᠡᠷᠬᠡᠶᠢᠯᠡᠭᠰᠡᠨ ᠢᠶᠠᠷ᠂ ᠡᠭᠦᠷᠭᠡ ᠶᠢᠨ ᠶᠡᠷᠦᠩᠬᠡᠶ ᠵᠢᠯᠣᠭᠤᠳᠬᠤ ᠭᠠᠵᠠᠷ ᠠᠴᠠ ᠪᠡᠭᠡᠵᠢᠩ ᠤᠨ ᠴᠠᠭ ᠢᠶᠠᠷ 10 ᠳ᠋ᠤᠭᠠᠷ ᠰᠠᠷ᠎ᠠ ᠶᠢᠨ 30 ᠤ ᠡᠳᠦᠷ ᠤᠨ 4 ᠴᠠᠭ 27 ᠮᠢᠨᠦ᠋ᠲ ᠲᠤ ᠬᠤᠪᠢᠯᠭᠠᠨ ᠣᠩᠭᠤᠴᠠ ᠠᠷᠪᠠ ᠶᠢᠰᠦᠳᠦᠭᠡᠷ ᠬᠥᠮᠦᠨ ᠠᠴᠢᠭᠰᠠᠨ ᠨᠢᠰᠬᠦ ᠣᠩᠭᠤᠴᠠ ᠶᠢ ᠬᠠᠷᠪᠤᠬᠤ ᠪᠠᠷ ᠰᠤᠳᠤᠯᠤᠨ ᠲᠣᠭᠲᠠᠭᠠᠪᠠ᠃ ᠳᠤᠮᠲᠠᠲᠦ ᠤᠯᠤᠰ ᠤᠨ ᠬᠦᠮᠦᠨ ᠠᠴᠢᠭᠰᠠᠨ ᠰᠠᠨᠰᠠᠷ ᠠᠶᠠᠯᠠᠯ ᠤᠨ ᠢᠨᠵᠧᠨᠧᠷᠢᠩ ᠤᠨ ᠠᠯᠪᠡᠨ ᠭᠡᠷ ᠤᠨ ᠮᠡᠲᠡᠭᠡ ᠶᠢ ᠦᠨᠲᠦᠰᠦᠯᠡᠪᠡᠯ᠂ ᠡᠭᠦᠷᠬᠡ ᠶᠢᠨ ᠶᠡᠷᠦᠩᠭᠡᠢ ᠵᠢᠯᠤᠭᠤᠳᠬᠤ ᠭᠠᠵᠠᠷ ᠠᠴᠠ ᠬᠤᠪᠢᠯᠭᠠᠨ ᠣᠩᠭᠤᠴᠠ ᠠᠷᠪᠠ ᠶᠢᠰᠦᠲᠦᠬᠡᠷ ᠤᠨ ᠬᠦᠮᠦᠨ ᠠᠴᠢᠭᠰᠠᠨ ᠰᠠᠨᠰᠠᠷ ᠠᠶᠠᠯᠠᠯ ᠤᠨ ᠡᠭᠦᠷᠬᠡ ᠶᠢ ᠭᠦᠢᠴᠡᠳᠬᠡᠭᠦ ᠰᠠᠨᠰᠠᠷᠴᠢᠳ ᠤᠨ ᠳᠤᠭᠤᠶᠢᠯᠠᠩ ᠨᠢ ᠼᠠᠢ ᠰᠢᠤᠢ ᠵᠧ᠂ ᠰᠦᠩ ᠯᠢᠩ ᠳ᠋ᠦᠩ᠂ ᠸᠠᠩ ᠬᠤᠤ ᠽᠧ 3 ᠰᠠᠨᠰᠠᠷᠴᠢᠨ ᠢᠶᠠᠷ ᠪᠦᠷᠢᠯᠲᠤᠵᠦ᠂ ᠼᠠᠢ ᠰᠢᠤᠢ ᠵᠧ ᠶᠢ ᠵᠠᠷᠯᠢᠭᠲᠠᠨ ᠤ ᠲᠤᠰᠢᠶᠠᠯ ᠡᠭᠦᠷᠭᠡᠯᠡᠭᠦᠯᠬᠦ ᠪᠠᠷ ᠲᠣᠭᠲᠠᠭᠠᠪᠠ᠃ ᠡᠭᠦᠨ ᠳᠤ ᠰᠠᠨᠰᠠᠷᠴᠢᠨ ᠼᠠᠢ ᠰᠢᠤᠶ ᠵᠧ ᠬᠤᠪᠢᠯᠭᠠᠨ ᠣᠩᠭᠤᠴᠠ ᠠᠷᠪᠠᠨ ᠳᠥᠷᠪᠡᠳᠦᠭᠡᠷ ᠤᠨ ᠬᠥᠮᠦᠨ ᠠᠴᠢᠭᠰᠠᠨ ᠨᠢᠰᠦᠯᠲᠡ ᠶᠢᠨ ᠡᠭᠦᠷᠭᠡ ᠶᠢ ᠭᠦᠢᠴᠡᠳᠬᠡᠵᠦ ᠥᠩᠭᠡᠷᠡᠵᠡᠶ︔ ᠰᠠᠨᠰᠠᠷᠴᠢᠨ ᠰᠥᠩ ᠯᠢᠩ ᠳ᠋ᠦᠩ᠂ ᠰᠠᠨᠰᠠᠷᠴᠢᠨ ᠸᠠᠩ ᠬᠤᠤ ᠽᠧ ᠨᠢ ᠨᠢᠰᠦᠯᠲᠡ ᠶᠢᠨ ᠡᠭᠦᠷᠭᠡ ᠶᠢ ᠠᠩᠬ᠎ᠠ ᠤᠳᠠᠭ᠎ᠠ ᠭᠦᠢᠴᠡᠳᠬᠡᠬᠦ ᠭᠡᠵᠦ ᠪᠠᠶᠢᠭ᠎ᠠ ᠶᠡᠷᠡᠭᠡᠳ ᠣᠨ ᠳᠤ ᠲᠥᠷᠥᠭᠰᠡᠳ ᠪᠥᠭᠡᠳ ᠰᠠᠨᠰᠠᠷᠴᠢᠨ ᠸᠠᠩ ᠬᠤᠤ ᠽᠧ ᠨᠢ ᠮᠠᠨ ᠤ ᠤᠯᠤᠰ ᠤᠨ ᠰᠠᠨᠰᠠᠷ ᠠᠶᠠᠯᠠᠯ ᠤᠨ ᠠᠩᠬᠠᠳᠠᠭᠴᠢ ᠡᠮᠡᠭᠲᠡᠢ ᠢᠨᠵᠧᠨᠧᠷ ᠪᠣᠯᠣᠨ᠎ᠠ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|