ᠰᠢᠨᠬᠤᠸᠠ ᠬᠤᠷᠢᠶ᠎ᠠ ᠶᠢᠨ ᠣᠣᠮᠧᠨ ᠤ 12 ᠰᠠᠷ᠎ᠠ ᠶᠢᠨ 19 ᠤ ᠴᠠᠭᠢᠯᠭᠠᠨ ᠮᠡᠳᠡᠭᠡ ᠤᠯᠤᠰ ᠤᠨ ᠲᠡᠷᠢᠭᠦᠯᠡᠭᠴᠢ ᠰᠢ ᠶᠢᠨ ᠫᠢᠩ 19 ᠤ ᠦᠳᠡ ᠶᠢᠨ ᠬᠤᠶᠢᠨ᠎ᠠ ᠣᠣᠮᠧᠨ ᠳᠤ ᠣᠣᠮᠧᠨ ᠣᠨᠴᠠᠭᠠᠢ ᠵᠠᠰᠠᠭ ᠵᠠᠬᠢᠷᠭᠠᠨ ᠤ ᠣᠷᠣᠨ ᠤ ᠵᠠᠰᠠᠭ ᠵᠠᠬᠢᠷᠭ᠎ᠠ᠂ ᠬᠠᠤᠯᠢ ᠲᠣᠭᠲᠠᠭᠠᠬᠤ᠂ ᠬᠠᠤᠯᠢ ᠴᠠᠭᠠᠵᠠ ᠶᠢᠨ ᠪᠠᠶᠢᠭᠤᠯᠤᠮᠵᠢ ᠶᠢᠨ ᠬᠠᠷᠢᠭᠤᠴᠠᠯᠭᠠᠲᠠᠨ ᠲᠠᠢ ᠠᠭᠤᠯᠵᠠᠪᠠ᠃
19 ᠤ ᠦᠳᠡ ᠶᠢᠨ ᠬᠤᠶᠢᠨ᠎ᠠ᠂ ᠤᠯᠤᠰ ᠤᠨ ᠲᠡᠷᠢᠭᠦᠯᠡᠭᠴᠢ ᠰᠢ ᠶᠢᠨ ᠫᠢᠩ ᠣᠣᠮᠧᠨ ᠳᠤ ᠣᠣᠮᠧᠨ ᠣᠨᠴᠠᠭᠠᠢ ᠵᠠᠰᠠᠭ ᠵᠠᠬᠢᠷᠭᠠᠨ ᠤ ᠣᠷᠣᠨ ᠤ ᠵᠠᠰᠠᠭ ᠵᠠᠬᠢᠷᠭ᠎ᠠ᠂ ᠬᠠᠤᠯᠢ ᠲᠣᠭᠲᠠᠭᠠᠬᠤ᠂ ᠬᠠᠤᠯᠢ ᠴᠠᠭᠠᠵᠠ ᠶᠢᠨ ᠪᠠᠶᠢᠭᠤᠯᠤᠮᠵᠢ ᠶᠢᠨ ᠬᠠᠷᠢᠭᠤᠴᠠᠯᠭᠠᠲᠠᠨ ᠲᠠᠢ ᠠᠭᠤᠯᠵᠠᠪᠠ᠃
ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠵᠠᠢ ᠵᠢᠶᠠᠨ ᠯᠠᠨ ᠰᠡᠭᠦᠳᠡᠷᠯᠡᠪᠡ
ᠰᠢ ᠶᠢᠨ ᠫᠢᠩ᠂ 5 ᠵᠢᠯ ᠤᠨ ᠲᠤᠷᠰᠢ ᠵᠠᠰᠠᠭ ᠵᠠᠬᠢᠷᠭᠠᠨ ᠤ ᠳᠠᠷᠤᠭ᠎ᠠ ᠾᠧ ᠢ ᠴᠧᠩ ᠤᠨ ᠳᠠᠭᠠᠭᠤᠯᠭ᠎ᠠ ᠳᠣᠣᠷ᠎ᠠ ᠣᠣᠮᠧᠨ ᠤ ᠵᠠᠰᠠᠭ ᠵᠠᠬᠢᠷᠭ᠎ᠠ᠂ ᠬᠠᠤᠯᠢ ᠲᠣᠭᠲᠠᠭᠠᠬᠤ᠂ ᠬᠠᠤᠯᠢ ᠴᠠᠭᠠᠵᠠ ᠶᠢᠨ ᠪᠠᠶᠢᠭᠤᠯᠤᠮᠵᠢ ︽ᠨᠢᠭᠡ ᠤᠯᠤᠰ ᠲᠤ ᠬᠤᠶᠠᠷ ᠪᠠᠶᠢᠭᠤᠯᠤᠯ ᠢ ᠬᠡᠷᠡᠭᠵᠢᠭᠦᠯᠬᠦ︾ ᠴᠢᠭᠯᠡᠯᠲᠡ ᠶᠢ ᠪᠦᠭᠦ ᠲᠠᠯ᠎ᠠ ᠪᠠᠷ ᠣᠨᠣᠪᠴᠢᠲᠠᠢ᠂ ᠡᠷᠡᠰ ᠭᠤᠶᠢᠪᠢᠰᠢ ᠦᠭᠡᠢ ᠲᠤᠭᠤᠰᠢᠯᠠᠭᠤᠯᠵᠤ᠂ ᠦᠨᠳᠦᠰᠦᠨ ᠬᠠᠤᠯᠢ ᠪᠠ ᠦᠨᠳᠦᠰᠦ ᠪᠤᠯᠬᠤ ᠬᠠᠤᠯᠢ ᠶᠢ ᠴᠢᠩᠭ᠎ᠠ ᠵᠢᠷᠤᠮᠯᠠᠨ ᠵᠠᠰᠠᠭ ᠶᠠᠪᠤᠭᠤᠯᠵᠤ᠂ ᠲᠤᠰ ᠲᠤᠰ ᠤᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠪᠣᠳᠠᠲᠠᠢ ᠶᠢ ᠡᠷᠬᠢᠮᠯᠡᠨ ᠵᠢᠳᠬᠦᠯ ᠴᠢᠷᠮᠠᠶᠢᠯᠭ᠎ᠠ ᠭᠠᠷᠭᠠᠵᠤ᠂ ᠣᠣᠮᠧᠨ ᠤ ᠬᠥᠭᠵᠢᠯ ᠴᠡᠴᠡᠭᠯᠡᠯ ᠲᠣᠭᠲᠠᠭᠤᠨ ᠬᠥᠭᠵᠢᠯᠲᠡ ᠳᠤ ᠶᠡᠭᠡ ᠬᠡᠮᠵᠢᠶᠡᠨ ᠤ ᠠᠵᠢᠯ ᠬᠢᠵᠦ᠂ ᠠᠮᠵᠢᠯᠲᠠ ᠪᠦᠲᠦᠮᠵᠢ ᠢᠯᠡᠷᠬᠡᠢ ᠪᠠᠶᠢᠵᠤ ᠤᠯᠠᠨ ᠤ ᠠᠩᠬᠠᠷᠤᠯ ᠳᠤ ᠭᠦᠷᠪᠡ᠃ ᠲᠥᠪ ᠵᠠᠰᠠᠭ ᠤᠨ ᠣᠷᠳᠣᠨ ᠲᠤᠰ ᠬᠤᠭᠤᠴᠠᠭᠠᠨ ᠤ ᠣᠨᠴᠠᠭᠠᠢ ᠵᠠᠰᠠᠭ ᠵᠠᠬᠢᠷᠭᠠᠨ ᠤ ᠣᠷᠣᠨ ᠤ ᠵᠠᠰᠠᠭ ᠤᠨ ᠣᠷᠳᠣᠨ ᠤ ᠠᠵᠢᠯ ᠢ ᠭᠦᠢᠴᠡᠳ ᠨᠤᠲᠠᠯᠠᠵᠤ᠂ ᠳᠡᠭᠡᠳᠦ ᠬᠡᠮᠵᠢᠶ᠎ᠡ ᠪᠠᠷ ᠦᠨᠡᠯᠡᠵᠦ ᠪᠠᠶᠢᠨ᠎ᠠ ᠭᠡᠵᠦ ᠢᠯᠡᠳᠬᠡᠪᠡ᠃
ᠰᠢ ᠶᠢᠨ ᠫᠢᠩ᠂ ᠬᠤᠭᠤᠴᠠᠭ᠎ᠠ ᠪᠦᠷᠢ ᠶᠢᠨ ᠣᠨᠴᠠᠭᠠᠢ ᠵᠠᠰᠠᠭ ᠵᠠᠬᠢᠷᠭᠠᠨ ᠤ ᠣᠷᠣᠨ ᠤ ᠵᠠᠰᠠᠭ ᠤᠨ ᠣᠷᠳᠣᠨ ᠨᠡᠶᠢᠭᠡᠮ ᠤᠨ ᠡᠯ᠎ᠡ ᠡᠲᠡᠭᠡᠳ ᠤᠨ ᠬᠢᠨ ᠢ ᠪᠦᠯᠬᠦᠮᠳᠡᠭᠦᠯᠦᠨ ᠦᠷᠭᠦᠯᠵᠢᠯᠡᠨ ᠲᠡᠮᠡᠴᠡᠬᠦ ᠪᠠᠷ ᠲᠠᠮᠵᠢᠨ ᠣᠣᠮᠧᠨ ᠲᠠᠪᠠᠯᠳᠠᠳᠤ ᠬᠥᠭᠵᠢᠯᠲᠡ ᠶᠢ ᠪᠡᠶᠡᠯᠡᠭᠦᠯᠵᠦ᠂ ︽ᠨᠢᠭᠡ ᠤᠯᠤᠰ ᠲᠤ ᠬᠤᠶᠠᠷ ᠪᠠᠶᠢᠭᠤᠯᠤᠯ ᠢ ᠬᠡᠷᠡᠭᠵᠢᠭᠦᠯᠬᠦ︾ ᠶᠢᠨ ᠣᠣᠮᠧᠨ ᠳᠠᠬᠢ ᠦᠢᠯᠡᠳᠦᠯᠭᠡ ᠯᠤᠲᠤ ᠶᠡᠭᠡ ᠠᠮᠵᠢᠯᠲᠠ ᠣᠯᠵᠠᠢ᠃ ᠦᠢᠯᠡᠰ ᠢ ᠦᠶ᠎ᠡ ᠦᠶ᠎ᠡ ᠶᠢᠨ ᠬᠥᠮᠥᠰ ᠵᠠᠯᠭᠠᠮᠵᠢᠯᠠᠨ ᠬᠢᠵᠦ ᠪᠦᠲᠦᠭᠡᠭᠰᠡᠨ ᠶᠤᠮ᠃ ᠤᠯᠠᠨ ᠢᠶᠠᠷ ᠢᠶᠠᠨ ᠬᠤᠶᠢᠰᠢᠳᠠ ᠶᠠᠮᠠᠷ ᠠᠵᠢᠯ ᠤᠨ ᠪᠠᠶᠢᠷᠢ ᠳᠤ ᠪᠠᠶᠢᠭᠰᠠᠨ ᠴᠤ ᠴᠥᠮ ᠰᠢᠨ᠎ᠡ ᠬᠤᠭᠤᠴᠠᠭᠠᠨ ᠤ ᠵᠠᠰᠠᠭ ᠵᠠᠬᠢᠷᠭᠠᠨ ᠤ ᠳᠠᠷᠤᠭ᠎ᠠ ᠪᠣᠯᠣᠨ ᠰᠢᠨ᠎ᠡ ᠬᠤᠭᠤᠴᠠᠭᠠᠨ ᠤ ᠣᠨᠴᠠᠭᠠᠢ ᠵᠠᠰᠠᠭ ᠵᠠᠬᠢᠷᠭᠠᠨ ᠤ ᠣᠷᠣᠨ ᠤ ᠵᠠᠰᠠᠭ ᠤᠨ ᠣᠷᠳᠣᠨ ᠤ ᠬᠠᠤᠯᠢ ᠶᠣᠰᠣᠭᠠᠷ ᠵᠠᠰᠠᠭ ᠶᠠᠪᠤᠭᠤᠯᠬᠤ ᠶᠢ ᠪᠦᠭᠦ ᠬᠦᠴᠦ ᠪᠠᠷ ᠢᠶᠠᠨ ᠳᠡᠮᠵᠢᠵᠦ᠂ ᠣᠣᠮᠧᠨ ᠤ ᠬᠥᠭᠵᠢᠯᠲᠡ ᠳᠤ ᠦᠷᠭᠦᠯᠵᠢᠯᠡᠨ ᠬᠦᠴᠦᠨ ᠨᠡᠮᠡᠷᠢᠯᠡᠵᠦ᠂ ᠨᠡᠩ ᠰᠠᠶᠢᠨ ᠰᠠᠶᠢᠬᠠᠨ ᠣᠣᠮᠧᠨ ᠢ ᠪᠦᠲᠦᠭᠡᠨ ᠪᠠᠶᠢᠭᠤᠯᠬᠤ ᠳᠤ ᠬᠦᠴᠦᠨ ᠴᠢᠳᠠᠯ ᠢᠶᠠᠨ ᠡᠷᠭᠦᠬᠦ ᠶᠢ ᠬᠦᠰᠡᠵᠦ ᠪᠠᠶᠢᠨ᠎ᠠ ᠭᠡᠵᠦ ᠴᠢᠬᠤᠯᠠᠴᠢᠯᠠᠪᠠ᠃
19 ᠤ ᠦᠳᠡ ᠶᠢᠨ ᠬᠤᠶᠢᠨ᠎ᠠ᠂ ᠤᠯᠤᠰ ᠤᠨ ᠲᠡᠷᠢᠭᠦᠯᠡᠭᠴᠢ ᠰᠢ ᠶᠢᠨ ᠫᠢᠩ ᠣᠣᠮᠧᠨ ᠳᠤ ᠣᠣᠮᠧᠨ ᠣᠨᠴᠠᠭᠠᠢ ᠵᠠᠰᠠᠭ ᠵᠠᠬᠢᠷᠭᠠᠨ ᠤ ᠣᠷᠣᠨ ᠤ ᠰᠠᠬᠢᠯᠭ᠎ᠠ ᠪᠠᠲᠤ ᠶᠢᠨ ᠴᠡᠷᠢᠭ ᠠᠩᠭᠢ ᠶᠢᠨ ᠲᠥᠯᠥᠭᠡᠯᠡᠭᠴᠢᠳ ᠲᠠᠢ ᠠᠭᠤᠯᠵᠠᠪᠠ᠃
ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠵᠠᠢ ᠵᠢᠶᠠᠨ ᠯᠠᠨ ᠰᠡᠭᠦᠳᠡᠷᠯᠡᠪᠡ
ᠲᠤᠰ ᠡᠳᠦᠷ ᠤᠨ ᠦᠳᠡ ᠶᠢᠨ ᠬᠤᠶᠢᠨ᠎ᠠ ᠰᠢ ᠶᠢᠨ ᠫᠢᠩ ᠪᠠᠰᠠ ᠣᠣᠮᠧᠨ ᠣᠨᠴᠠᠭᠠᠢ ᠵᠠᠰᠠᠭ ᠵᠠᠬᠢᠷᠭᠠᠨ ᠤ ᠣᠷᠣᠨ ᠤ ᠰᠠᠬᠢᠯᠭ᠎ᠠ ᠪᠠᠲᠤ ᠶᠢᠨ ᠴᠡᠷᠢᠭ ᠠᠩᠭᠢ ᠶᠢᠨ ᠲᠥᠯᠥᠭᠡᠯᠡᠭᠴᠢᠳ ᠲᠠᠢ ᠠᠭᠤᠯᠵᠠᠪᠠ᠃
ᠼᠠᠢ ᠴᠢ᠂ ᠯᠢ ᠬᠤᠩ ᠵᠦᠩ᠂ ᠾᠧ ᠸᠧᠢ ᠳ᠋ᠦᠩ᠂ ᠾᠧ ᠯᠢ ᠹᠧᠩ᠂ ᠸᠠᠩ ᠳ᠋ᠦᠩ ᠹᠧᠩ᠂ ᠰᠢᠶᠠ ᠪᠦᠦ ᠯᠦᠩ ᠨᠠᠷ ᠳᠡᠭᠡᠷᠡᠬᠢ ᠠᠭᠤᠯᠵᠠᠯᠲᠠ ᠳᠤ ᠣᠷᠣᠯᠴᠠᠪᠠ᠃
ᠣᠣᠮᠧᠨ ᠣᠨᠴᠠᠭᠠᠢ ᠵᠠᠰᠠᠭ ᠵᠠᠬᠢᠷᠭᠠᠨ ᠤ ᠣᠷᠣᠨ ᠤ ᠵᠠᠰᠠᠭ ᠵᠠᠬᠢᠷᠭᠠᠨ ᠤ ᠳᠠᠷᠤᠭ᠎ᠠ ᠾᠧ ᠢ ᠴᠧᠩ᠂ ᠲᠤᠰᠢᠶᠠᠯ ᠳᠤ ᠭᠠᠷᠬᠤ ᠪᠠᠷ ᠪᠠᠶᠢᠭ᠎ᠠ ᠵᠠᠰᠠᠭ ᠵᠠᠬᠢᠷᠭᠠᠨ ᠤ ᠳᠠᠷᠤᠭ᠎ᠠ ᠼᠧᠨ ᠬᠤᠤ ᠬᠤᠢ ᠪᠠᠰᠠ ᠬᠤᠯᠪᠣᠭᠳᠠᠯ ᠪᠦᠬᠦᠢ ᠠᠭᠤᠯᠵᠠᠯᠲᠠ ᠳᠤ ᠣᠷᠣᠯᠴᠠᠵᠠᠢ᠃