ᠰᠢ ᠶᠢᠨ ᠫᠢᠩ ᠴᠠᠭᠢᠯᠭᠠᠨ ᠴᠢᠮᠡᠭᠡ ᠶᠠᠪᠤᠭᠤᠯᠵᠤ ᠺᠠᠸᠢᠯᠱᠸᠧᠯᠢ ᠶᠢᠨ ᠭᠷᠦ᠋ᠽᠢᠶᠠ ᠶᠢᠨ ᠶᠡᠷᠦᠩᠬᠡᠶᠢᠯᠡᠭᠴᠢ ᠶᠢᠨ ᠲᠤᠰᠢᠶᠠᠯ ᠳᠤ ᠭᠠᠷᠤᠭᠰᠠᠨ ᠳᠤ ᠪᠠᠶᠠᠷ ᠬᠦᠷᠭᠡᠪᠡ
ᠨᠡᠶᠢᠲᠡᠯᠡᠭᠰᠡᠨ ᠴᠠᠭ᠄
2025/1/7

 

      ᠰᠢᠨᠬᠤᠸᠠ ᠬᠤᠷᠢᠶ᠎ᠠ ᠶᠢᠨ ᠪᠡᠭᠡᠵᠢᠩ ᠤᠨ 1 ᠳ᠋ᠦ᠋ᠭᠡᠷ ᠰᠠᠷ᠎ᠠ ᠶᠢᠨ 3 ᠤ ᠴᠠᠭᠢᠯᠭᠠᠨ ᠮᠡᠳᠡᠭᠡ   ᠣᠶᠢᠷ᠎ᠠ ᠳᠤ ᠂ ᠤᠯᠤᠰ ᠤᠨ ᠲᠡᠷᠢᠭᠦᠯᠡᠭᠴᠢ ᠰᠢ ᠶᠢᠨ ᠫᠢᠩ ᠮᠢᠬᠠᠶᠢᠯ · ᠺᠠᠸᠢᠯᠱᠸᠧᠯᠢ ᠳᠤ ᠴᠠᠭᠢᠯᠭᠠᠨ ᠴᠢᠮᠡᠭᠡ ᠶᠠᠪᠤᠭᠤᠯᠵᠤ ᠂ ᠲᠡᠭᠦᠨ ᠤ ᠭᠷᠦ᠋ᠽᠢᠶᠠ ᠶᠢᠨ ᠶᠡᠷᠦᠩᠬᠡᠶᠢᠯᠡᠭᠴᠢ ᠶᠢᠨ ᠲᠤᠰᠢᠶᠠᠯ ᠳᠤ ᠭᠠᠷᠤᠭᠰᠠᠨ ᠳᠤ ᠪᠠᠶᠠᠷ ᠬᠦᠷᠭᠡᠪᠡ ᠃

      ᠰᠢ ᠶᠢᠨ ᠫᠢᠩ ᠂ ᠣᠳᠣᠬᠠᠨ ᠳᠤ ᠳᠤᠮᠳᠠᠳᠤ ᠭᠷᠦ᠋ᠽᠢᠶᠠ ᠶᠢᠨ ᠪᠠᠶᠢᠯᠳᠤᠬᠤ ᠪᠣᠳᠣᠯᠭ᠎ᠠ ᠶᠢᠨ ᠬᠠᠨᠢᠲᠠᠨ ᠤ ᠬᠠᠷᠢᠯᠴᠠᠭ᠎ᠠ ᠢᠳᠡᠪᠬᠢᠲᠡᠢ ᠬᠥᠭᠵᠢᠯᠲᠡ ᠶᠢᠨ ᠪᠠᠶᠢᠳᠠᠯ ᠢᠶᠠᠨ ᠪᠠᠲᠤᠯᠠᠵᠤ ᠪᠠᠶᠢᠨ᠎ᠠ ᠃ ᠬᠤᠶᠠᠷ ᠲᠠᠯ᠎ᠠ ᠶᠢᠨ ᠤᠯᠤᠰ ᠲᠥᠷᠥ ᠶᠢᠨ ᠢᠲᠡᠭᠡᠯᠴᠡᠭᠡ ᠦᠷᠭᠦᠯᠵᠢᠯᠡᠨ ᠪᠠᠬᠢᠵᠢᠵᠦ ᠂ ︽ᠨᠢᠭᠡ ᠪᠦᠰᠡ ᠨᠢᠭᠡ ᠵᠠᠮ ︾ ᠢ ᠬᠠᠮᠲᠤ ᠪᠠᠷ ᠪᠦᠲᠦᠭᠡᠨ ᠪᠠᠶᠢᠭᠤᠯᠬᠤ ᠬᠠᠮᠲᠤᠷᠠᠯᠴᠠᠭ᠎ᠠ ᠡᠯᠪᠡᠭ ᠦᠷ᠎ᠡ ᠪᠦᠲᠦᠭᠡᠯ ᠣᠯᠵᠤ ᠂ ᠣᠯᠠᠨ ᠤᠯᠤᠰ ᠤᠨ ᠬᠠᠮᠵᠢᠯᠴᠠᠭ᠎ᠠ ᠡᠯᠪᠡᠭ ᠦᠷ᠎ᠡ ᠪᠦᠲᠦᠮᠵᠢ ᠣᠯᠪᠠ ᠃ ᠪᠢ ᠳᠤᠮᠳᠠᠳᠤ ᠭᠷᠦ᠋ᠽᠢᠶᠠ ᠶᠢᠨ ᠬᠠᠷᠢᠯᠴᠠᠭ᠎ᠠ ᠶᠢᠨ ᠬᠥᠭᠵᠢᠯᠲᠡ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ ᠂ ᠳᠤᠷᠠᠲᠠᠶ᠎ᠠ ᠶᠡᠷᠦᠩᠬᠡᠶᠢᠯᠡᠭᠴᠢ ᠠᠪᠤᠭᠠᠢ ᠯᠤᠭ᠎ᠠ ᠬᠠᠮᠲᠤ ᠪᠠᠷ ᠴᠢᠷᠮᠠᠶᠢᠵᠤ ᠪᠠᠶᠢᠭᠠᠳ ᠬᠤᠶᠠᠷ ᠤᠯᠤᠰ ᠤᠨ ᠤᠯᠠᠮᠵᠢᠯᠠᠯᠲᠤ ᠨᠥᠬᠦᠷᠯᠡᠯ ᠢ ᠦᠷᠭᠦᠯᠵᠢᠯᠡᠭᠦᠯᠵᠦ ᠂ ᠬᠤᠶᠠᠷ ᠲᠠᠯ᠎ᠠ ᠶᠢᠨ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠵᠦ ᠂ ᠳᠤᠮᠳᠠᠳᠤ ᠭᠷᠦ᠋ᠽᠢᠶᠠ ᠶᠢᠨ ᠬᠠᠷᠢᠯᠴᠠᠭ᠎ᠠ ᠶᠢᠨ ᠨᠡᠩ ᠶᠡᠭᠡ ᠬᠥᠭᠵᠢᠯᠲᠡ ᠲᠠᠢ ᠪᠤᠯᠬᠤ ᠶᠢ ᠠᠬᠢᠭᠤᠯᠵᠤ ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠰᠠᠶᠢᠨ ᠪᠤᠶᠠᠨ ᠦᠢᠯᠡᠳᠦᠨ᠎ᠡ ᠭᠡᠵᠦ ᠵᠢᠭᠠᠵᠤ ᠭᠠᠷᠭᠠᠪᠠ ᠃

 

ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ