|
ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠴᠣᠭᠴᠠ ᠶᠢᠨ ᠲᠥᠯᠥᠭᠡ — ᠰᠢ ᠶᠢᠨ ᠫᠢᠩ ᠤᠨ 2024 ᠣᠨ ᠤ ᠭᠠᠳᠠᠭᠠᠳᠤ ᠬᠠᠷᠢᠯᠴᠠᠭᠠᠨ ᠤ | ᠤᠯᠠ ᠮᠥᠷ |
|
|
ᠨᠡᠶᠢᠲᠡᠯᠡᠭᠰᠡᠨ ᠴᠠᠭ᠄
2025/1/7
|
|
ᠰᠢᠨ᠎ᠠ ᠨᠢᠭᠡ ᠵᠢᠯ ᠳᠤ ᠲᠡᠷᠢᠬᠦᠯᠡᠭᠴᠢ ᠰᠢ ᠶᠢᠨ ᠫᠢᠩ ᠵᠢᠯᠤᠭᠤ ᠰᠤᠯᠠᠷᠠᠯ ᠦᠭᠡᠢ ᠠᠶᠠᠯᠠᠭᠰᠠᠭᠠᠷ ᠢᠷᠡᠪᠡ᠃ ᠭᠤᠷᠪᠠᠨ ᠶᠡᠭᠡ ᠭᠤᠣᠯ ᠲᠠᠯᠠᠪᠤᠷ ᠤᠨ ᠭᠠᠳᠠᠭᠠᠳᠤ ᠬᠠᠷᠢᠯᠴᠠᠭᠠᠨ ᠤ ᠬᠠᠯᠠᠭᠤᠨ ᠲᠣᠳᠤᠨᠤ ᠪᠠᠷ ᠬᠠᠷᠢᠯᠴᠠᠨ ᠤᠷᠢᠵᠤ ᠮᠣᠷᠳᠠᠭᠰᠠᠨ ᠠᠴᠠ ᠳᠥᠷᠪᠡ ᠤᠳᠠᠭ᠎ᠠ ᠶᠢᠨ ᠦᠨᠡᠨᠴᠢ ᠰᠡᠳᠭᠢᠯ ᠢᠶᠠᠷ ᠭᠠᠳᠠᠭᠠᠲᠤ ᠳᠤ ᠠᠶᠢᠯᠴᠢᠯᠠᠬᠤ ᠬᠦᠷᠲᠡᠯ᠎ᠡ᠂ ᠬᠡᠳᠦᠨ ᠲᠦᠮᠡᠨ ᠺᠢᠯᠤᠮᠧᠲᠷ ᠤᠨ ᠠᠶᠠᠨ ᠵᠠᠮ ᠢ ᠬᠦᠭᠡᠬᠡᠵᠦ᠂ ᠵᠠᠭᠤ ᠭᠠᠷᠤᠢ ᠲᠠᠯᠠᠪᠤᠷ ᠬᠤᠣᠰ ᠣᠯᠠᠨ ᠲᠠᠯ᠎ᠠ ᠶᠢᠨ ᠠᠵᠢᠯᠯᠠᠭ᠎ᠠ ᠳᠤ ᠣᠷᠣᠯᠴᠠᠨ᠂ ᠠᠯᠢ ᠣᠯᠠᠨ ᠣᠯᠠᠨ ᠲᠠᠯ᠎ᠠ ᠶᠢᠨ ᠲᠦᠷᠦᠭᠦᠴᠦᠳ ᠤᠨ ᠬᠤᠷᠠᠯ ᠢ ᠣᠶᠣᠨ ᠤᠬᠠᠭᠠᠨ ᠲᠠᠢ ᠵᠠᠮᠴᠢᠯᠠᠵᠤ᠂ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠲᠦᠯᠦᠭᠡ ᠬᠡᠮᠡᠬᠦ ᠨᠢᠭᠡᠨ ᠲᠣᠳᠤᠷᠬᠠᠢ ᠭᠤᠣᠯ ᠰᠡᠳᠦᠪ ᠡᠭᠦᠨ ᠳᠤ ᠠᠭᠤᠯᠤᠭᠳᠠᠨ ᠲᠤᠭᠤᠰᠢᠯᠠᠭᠳᠠᠵᠤ ᠪᠤᠢ᠃ ᠳᠡᠯᠡᠬᠡᠢ ᠶᠢᠨ ᠵᠠᠭᠤᠨ ᠵᠢᠯ ᠤᠨ ᠬᠤᠪᠢᠰᠤᠯᠲᠠ ᠲᠦᠷᠭᠡᠰᠴᠦ ᠪᠠᠶᠢᠭ᠎ᠠ ᠲᠡᠦᠬᠡᠨ ᠵᠠᠩᠭᠢᠯᠠᠭ᠎ᠠ ᠶᠢᠨ ᠦᠶ᠎ᠡ ᠳᠤ᠂ ᠡᠨᠡ ᠬᠦ ᠣᠨᠤᠯᠵᠢᠬᠤᠨ ᠨᠢ ᠬᠥᠮᠥᠨ ᠲᠥᠷᠥᠯᠬᠢᠲᠡᠨ ᠳᠤ ᠬᠠᠮᠢᠭᠠᠰᠢ ᠪᠠᠨ ᠬᠦᠭᠵᠢᠨ ᠳᠠᠪᠰᠢᠬᠤ ᠵᠥᠪ ᠴᠢᠭᠯᠡᠯ ᠢ ᠲᠣᠳᠣᠷᠬᠠᠢ ᠵᠢᠭᠠᠵᠤ ᠥᠭᠴᠡᠢ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|