ᠵᠠᠷᠤᠳ ᠬᠤᠰᠢᠭᠤ ᠤᠯᠠᠨ ᠡᠰᠢᠵᠢᠭᠦᠯᠦᠨ ᠬᠤᠯᠪᠣᠵᠤ ᠠᠮᠢ ᠠᠬᠤᠢ ᠶᠢᠨ ᠵᠠᠰᠠᠯᠲᠠ ᠶᠢᠨ ︽ᠬᠠᠮᠲᠤ ᠪᠠᠷ ᠢᠯᠠᠬᠤ ᠬᠡᠯᠬᠢᠶ᠎ᠡ︾ ᠶᠢ ᠴᠣᠭᠴᠠᠯᠠᠨ᠎ᠠ
ᠨᠡᠶᠢᠲᠡᠯᠡᠭᠰᠡᠨ ᠴᠠᠭ᠄
2025/6/4


  5 ᠰᠠᠷ᠎ᠠ ᠶᠢᠨ 15 ᠤ ᠡᠳᠦᠷ᠂ ᠲᠦᠩᠯᠢᠶᠣᠣ ᠬᠤᠲᠠ ᠶᠢᠨ ᠵᠠᠷᠤᠳ ᠬᠤᠰᠢᠭᠤᠨ ᠤ ︽ᠤᠮᠠᠷᠠᠲᠤ ᠶᠢᠨ ᠭᠤᠷᠪᠠᠨ ᠣᠷᠣᠨ︾ ᠤ ᠵᠢᠷᠭᠤᠳᠤᠭᠠᠷ ᠬᠤᠭᠤᠴᠠᠭᠠᠨ ᠤ ᠢᠨᠵᠧᠨᠧᠷᠢᠩ ᠤᠨ ᠬᠤᠷᠴᠢᠨ ᠤ ᠡᠯᠡᠰᠦᠷᠬᠡᠭ ᠭᠠᠵᠠᠷ ᠢ ᠶᠡᠷᠦᠩᠬᠡᠶᠢᠯᠡᠨ ᠵᠠᠰᠠᠬᠤ ᠲᠥᠷᠥᠯ ᠵᠦᠢᠯ ᠤᠨ ᠲᠣᠭᠤᠷᠢᠭ ᠲᠤ ᠤᠯᠠᠨ ᠲᠣᠮᠣ ᠭᠡᠯᠪᠡᠷᠢ ᠶᠢᠨ ᠮᠠᠰᠢᠨ ᠲᠥᠬᠦᠭᠡᠷᠦᠮᠵᠢ ᠮᠠᠩᠬ᠎ᠠ ᠬᠥᠲᠥᠯ ᠢ ᠲᠡᠭᠰᠢᠯᠡᠭᠡᠳ ᠶᠠᠭᠠᠷᠠᠯᠲᠠᠢ᠃ ᠠᠵᠢᠯᠴᠢᠳ ᠵᠠᠢ ᠵᠠᠪᠰᠠᠷ ᠢᠶᠠᠷ ᠨᠢ ᠨᠢᠷᠤᠭᠤ ᠪᠥᠬᠦᠶᠢᠨ ᠡᠯᠡᠰᠦᠨ ᠬᠠᠯᠬᠠᠪᠴᠢ ᠶᠢᠨ ᠵᠢᠶᠠᠰᠠ ᠶᠢ ᠲᠣᠭᠲᠠᠭᠠᠵᠤ᠂ ᠡᠯᠡᠰᠦ ᠶᠢ ᠰᠡᠷᠭᠡᠶᠢᠯᠡᠬᠦ ᠮᠠᠲ᠋ᠧᠷᠢᠶᠠᠯ ᠢ ᠵᠥᠭᠡᠭᠡᠨ᠎ᠡ᠃ ᠮᠠᠰᠢᠨ ᠮᠧᠬᠠᠨᠢᠭ ᠤᠨ ᠬᠦᠩᠭᠢᠨᠡᠬᠦ ᠲᠠᠭᠤᠨ᠂ ᠭᠦᠳᠡᠯᠮᠦᠷᠢ ᠶᠢᠨ ᠪᠦᠷᠢᠶ᠎ᠡ ᠶᠢᠨ ᠲᠠᠭᠤᠨ ᠪᠠ ᠪᠠᠭᠠᠵᠢ ᠬᠡᠷᠡᠭᠰᠡᠯ ᠤᠨ ᠮᠥᠷᠭᠦᠯᠳᠦᠬᠦ ᠲᠠᠭᠤᠨ ᠨᠢ ︽ᠡᠯᠡᠰᠦ ᠶᠢ ᠵᠠᠰᠠᠵᠤ ᠨᠣᠭᠤᠭᠠᠷᠠᠭᠤᠯᠤᠯᠲᠠ ᠶᠢ ᠨᠡᠮᠡᠭᠳᠡᠭᠦᠯᠬᠦ᠂ ᠡᠯᠡᠰᠦᠨ ᠴᠥᠯ ᠳᠤ ᠰᠢᠢᠳᠪᠦᠷᠢᠲᠦ ᠳᠠᠶᠢᠯᠠᠯᠳᠤᠭᠠᠨ ᠬᠢᠬᠦ︾ ᠪᠦᠷᠢᠶ᠎ᠡ ᠶᠢ ᠬᠠᠩᠭᠢᠨᠠᠭᠤᠯᠤᠨ᠎ᠠ᠃

   ︽ᠲᠦᠷᠦᠯ ᠵᠦᠢᠯ ᠢ ᠨᠢᠳᠤᠨᠤᠨ ᠤ 11 ᠰᠠᠷ᠎ᠠ ᠠᠴᠠ ᠡᠬᠢᠯᠡᠨ ᠪᠠᠷᠢᠯᠭ᠎ᠠ ᠡᠬᠢᠯᠡᠭᠦᠯᠵᠦ᠂ ᠣᠳᠣᠬᠠᠨ ᠳᠤ ᠵᠥᠭᠡᠭᠡᠨ ᠣᠷᠣᠭᠤᠯᠤᠭᠰᠠᠨ ᠡᠯᠡᠰᠦᠨ ᠬᠠᠯᠬᠠᠪᠴᠢ ᠶᠢᠨ ᠮᠠᠲ᠋ᠧᠷᠢᠶᠠᠯ 415 ᠲᠦᠮᠡᠨ ᠮᠧᠲᠷ ᠲᠤ ᠬᠦᠷᠴᠦ᠂ 3581 ᠮᠦ ᠡᠯᠡᠰᠦᠨ ᠬᠠᠯᠬᠠᠪᠴᠢ ᠶᠢ ᠳᠡᠪᠢᠰᠴᠡᠢ᠃ ᠮᠠᠯᠴᠢᠨ ᠲᠠᠷᠢᠶᠠᠴᠢᠨ ᠤ ᠣᠷᠤᠯᠴᠠᠬᠤ ᠬᠠᠯᠠᠭᠤᠨ ᠰᠡᠳᠬᠢᠯᠭᠡ ᠶᠢ ᠭᠦᠢᠴᠡᠳ ᠬᠥᠭᠵᠢᠭᠡᠬᠦ ᠶᠢᠨ ᠲᠥᠯᠥᠭᠡ᠂ ᠲᠥᠷᠥᠯ ᠵᠦᠢᠯ ᠳᠤ ᠲᠤᠬᠠᠢ ᠶᠢᠨ ᠭᠠᠵᠠᠷ ᠤᠨ ᠮᠠᠯᠴᠢᠨ ᠲᠠᠷᠢᠶᠠᠴᠢᠨ ᠢ ᠤᠷᠢᠳ ᠢᠶᠠᠷ ᠬᠥᠯᠥᠰᠦᠯᠡᠵᠦ᠂ ᠲᠤᠬᠠᠢ ᠶᠢᠨ ᠭᠠᠵᠠᠷ ᠤᠨ ᠮᠠᠰᠢᠨ ᠢ ᠲᠦᠷᠢᠶᠡᠰᠦᠯᠡᠨ᠂ ᠨᠠᠩ ᠣᠯᠠᠨ ᠨᠡᠶᠢᠭᠡᠮ ᠤᠨ ᠬᠦᠴᠦᠨ ᠢ ᠲᠠᠲᠠᠵᠤ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠳᠤ ᠣᠷᠣᠯᠴᠠᠭᠤᠯᠵᠠᠢ︾ ᠭᠡᠵᠦ ᠮᠧᠩ ᠼᠤᠤ ᠠᠮᠢ ᠠᠬᠤᠢ ᠣᠷᠴᠢᠨ ᠲᠣᠭᠤᠷᠢᠨ ︵ᠪᠦᠯᠦᠭᠯᠡᠯ︶ ᠤ ᠬᠤᠪᠢᠴᠠᠭᠠᠳᠤ ᠬᠢᠵᠠᠭᠠᠷᠲᠤ ᠺᠤᠮᠫᠠᠨᠢ ᠶᠢᠨ ᠲᠦᠷᠦᠯ ᠵᠦᠢᠯ ᠤᠨ ᠬᠡᠯᠲᠡᠰ ᠤᠨ ᠬᠠᠷᠢᠭᠤᠴᠠᠯᠭᠠᠲᠠᠨ ᠢᠦᠢ ᠳ᠋ᠦᠩ ᠵᠢᠶᠠᠩ ᠬᠡᠯᠡᠪᠡ᠃

  ᠨᠢᠭᠡ ᠪᠦᠯᠦᠭ ᠨᠠᠷᠢᠨ ᠪᠣᠳᠠᠲᠠᠢ ᠲᠤᠭ᠎ᠠ ᠪᠠᠷᠢᠮᠲᠠ ᠨᠢ ᠵᠠᠷᠤᠳ ᠬᠤᠰᠢᠭᠤᠨ ᠤ ᠡᠯᠡᠰᠦᠷᠬᠡᠭᠵᠢᠯ ᠢ ᠰᠡᠷᠭᠡᠶᠢᠯᠡᠵᠦ ᠡᠯᠡᠰᠦ ᠶᠢ ᠵᠠᠰᠠᠬᠤ ︽ᠳᠠᠶᠢᠯᠠᠯᠳᠤᠭᠠᠨ ᠬᠢᠵᠦ︾᠂ ᠠᠮᠢ ᠠᠬᠤᠢ ᠶᠢᠨ ᠳᠦᠷᠰᠦ ᠪᠠᠶᠢᠳᠠᠯ ᠢ ᠬᠤᠪᠢᠷᠠᠭᠤᠯᠬᠤ ᠡᠷᠡᠰ ᠵᠣᠷᠢᠭ ᠢ ᠢᠯᠡᠷᠡᠭᠦᠯᠦᠨ᠎ᠡ᠃

  ᠣᠶᠢᠷ᠎ᠠ ᠶᠢᠨ ᠵᠢᠯ ᠠᠴᠠ ᠨᠠᠭᠠᠰᠢ᠂ ᠵᠠᠷᠤᠳ ᠬᠤᠰᠢᠭᠤ ᠵᠠᠰᠠᠯᠲᠠ ᠶᠢᠨ ᠵᠠᠭᠪᠤᠷ ᠤᠨ ᠰᠢᠨ᠎ᠡ ᠶᠢ ᠡᠭᠦᠳᠴᠦ᠂ ᠬᠥᠳᠡᠯᠮᠦᠷᠢᠯᠡᠬᠦ ᠪᠠᠷ ᠲᠡᠳᠬᠦᠮᠵᠢ ᠶᠢ ᠣᠷᠣᠯᠠᠭᠤᠯᠬᠤ᠂ ᠤᠷᠢᠳ ᠢᠶᠠᠷ ᠪᠠᠶᠢᠭᠤᠯᠵᠤ ᠳᠠᠷᠠᠭ᠎ᠠ ᠨᠢ ᠨᠥᠬᠦᠪᠦᠷᠢ ᠥᠭᠬᠦ ᠵᠡᠷᠭᠡ ᠠᠷᠭ᠎ᠠ ᠭᠡᠯᠪᠡᠷᠢ ᠪᠠᠷ ᠡᠯᠡᠰᠦᠷᠬᠡᠭ ᠭᠠᠵᠠᠷ ᠤᠨ ᠡᠵᠡᠩᠨᠡᠭᠴᠢ ᠪᠠ ᠥᠷᠭᠡᠨ ᠣᠯᠠᠨ ᠮᠠᠯᠴᠢᠨ ᠲᠠᠷᠢᠶᠠᠴᠢᠨ ᠤ ᠡᠯᠡᠰᠦᠷᠬᠡᠭ ᠭᠠᠵᠠᠷ ᠢ ᠵᠠᠰᠠᠬᠤ ᠳᠤ ᠢᠳᠡᠪᠬᠢᠲᠡᠢ ᠣᠷᠤᠯᠴᠠᠬᠤ ᠶᠢ ᠵᠣᠷᠢᠭᠵᠢᠭᠤᠯᠵᠤ᠂ ︽ᠡᠯᠡᠰᠦ ᠶᠢ ᠵᠠᠰᠠᠬᠤ ᠠᠵᠤ ᠠᠬᠤᠶᠢᠯᠠᠯ + ᠬᠤᠷᠰᠢᠶ᠎ᠠ + ᠮᠠᠯᠵᠢᠬᠤ ᠲᠠᠷᠢᠶᠠᠯᠠᠬᠤ ᠡᠷᠦᠭᠡ︾ ᠶᠢᠨ ᠵᠠᠭᠪᠤᠷ ᠢ ᠪᠠᠶᠢᠭᠤᠯᠵᠤ᠂ ᠲᠥᠷᠥᠯ ᠵᠦᠢᠯ ᠤᠨ ᠣᠷᠣᠨ ᠳᠤ ᠵᠠᠰᠠᠯᠲᠠ ᠬᠢᠵᠡᠢ᠃ ᠨᠢᠭᠡ ᠲᠠᠯ᠎ᠠ ᠪᠠᠷ ᠦᠨᠳᠦᠰᠦᠲᠡᠨ ᠨᠦᠭᠦᠳ ᠤᠨ ᠣᠯᠠᠨ ᠲᠦᠮᠡᠨ᠂ ᠠᠵᠤ ᠠᠬᠤᠶᠢᠯᠠᠯ ᠪᠠ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢ ᠥᠷᠭᠡᠨ ᠢᠶᠠᠷ ᠲᠠᠶᠢᠴᠢᠯᠠᠵᠤ᠂ ︽ᠭᠤᠣᠯᠳᠠᠯᠭ᠎ᠠ ᠲᠠᠢ ᠵᠠᠰᠠᠬᠤ᠂ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ᠂ ᠠᠮᠢ ᠠᠬᠤᠢ ᠶᠢ ᠰᠡᠷᠭᠦᠭᠡᠬᠦ︾ ᠭᠤᠷᠪᠠ ᠶᠢ ᠨᠢᠭᠡ ᠴᠣᠭᠴᠠᠵᠢᠭᠤᠯᠤᠭᠰᠠᠨ ᠠᠮᠢ ᠠᠬᠤᠢ ᠶᠢᠨ ᠶᠡᠷᠦᠩᠬᠡᠶᠢᠯᠡᠨ ᠵᠠᠰᠠᠬᠤ ᠵᠠᠭᠪᠤᠷ ᠢ ᠪᠠᠶᠢᠭᠤᠯᠪᠠ︔ ᠨᠥᠭᠦᠭᠡ ᠲᠠᠯ᠎ᠠ ᠪᠠᠷ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠪᠠᠷ ᠲᠠᠮᠵᠢᠨ ᠡᠷᠭᠢᠨ ᠲᠣᠭᠤᠷᠢᠨ ᠤ ᠮᠠᠯᠴᠢᠨ ᠲᠠᠷᠢᠶᠠᠴᠢᠨ ᠤ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ᠂ ᠨᠤᠲᠤᠭ ᠤᠰᠤᠨ ᠤ ᠠᠮᠢ ᠠᠬᠤᠢ ᠶᠢᠨ ᠬᠠᠮᠠᠭᠠᠯᠠᠯᠲᠠ ᠳᠤ ᠣᠷᠤᠯᠴᠠᠬᠤ ᠢᠳᠡᠪᠬᠢᠵᠢᠯ ᠢ ᠪᠦᠭᠦ ᠲᠠᠯ᠎ᠠ ᠪᠠᠷ ᠲᠠᠶᠢᠴᠢᠯᠠᠵᠤ᠂ ᠣᠯᠠᠨ ᠲᠠᠰ ᠳᠠᠪᠬᠤᠷᠭ᠎ᠠ ᠶᠢᠨ ᠠᠰᠢᠭ ᠲᠤᠰᠠ ᠶᠢ ᠬᠤᠯᠪᠣᠵᠤ᠂ ᠡᠯᠡᠰᠦ ᠶᠢ ᠵᠠᠰᠠᠬᠤ ᠪᠠ ᠪᠠᠶᠠᠵᠢᠭᠤᠯᠬᠤ ᠬᠤᠣᠰ ᠢᠯᠠᠯᠲᠠ ᠶᠢ ᠣᠯᠪᠠ᠃

  ᠵᠠᠷᠤᠳ ᠬᠤᠰᠢᠭᠤᠨ ᠤ ᠭᠡᠷᠴᠢᠯᠠᠭᠤ ᠰᠤᠮᠤ ᠶᠢᠨ ᠴᠠᠭᠠᠬᠤᠪᠤᠭ᠎ᠠ ᠭᠠᠴᠠᠭᠠᠨ ᠤ ᠲᠥᠷᠥᠯ ᠵᠦᠢᠯ ᠤᠨ ᠲᠣᠭᠤᠷᠢᠭ ᠲᠤ ᠪᠦᠲᠦᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠨᠢᠭᠡᠴᠢ ᠨᠢ ᠲᠣᠰᠬᠤᠨ ᠤ ᠱᠠᠲᠤᠨ ᠤ ᠬᠠᠮᠲᠤ ᠶᠢᠨ ᠠᠵᠤ ᠠᠬᠤᠢ ᠶᠢᠨ ᠬᠤᠷᠰᠢᠶ᠎ᠠ ᠯᠤᠭ᠎ᠠ ᠬᠥᠳᠡᠯᠮᠦᠷᠢᠯᠡᠬᠦ ᠪᠠᠷ ᠲᠡᠳᠬᠦᠮᠵᠢ ᠶᠢ ᠣᠷᠣᠯᠠᠭᠤᠯᠬᠤ ᠪᠣᠷᠣ ᠲᠥᠯᠥᠪ ᠤᠨ ᠬᠡᠯᠡᠯᠴᠡᠭᠡᠷ ᠲᠣᠭᠲᠠᠵᠤ᠂ ᠬᠤᠷᠰᠢᠶ᠎ᠠ ᠶᠢᠨ ᠭᠡᠰᠢᠭᠦᠳ ᠵᠢᠴᠢ ᠲᠣᠰᠬᠤᠨ ᠤ ᠠᠷᠠᠳ ᠤᠨ ᠬᠥᠳᠡᠯᠮᠦᠷᠢᠯᠡᠬᠦ ᠪᠠᠷ ᠲᠡᠳᠬᠦᠮᠵᠢ ᠶᠢ ᠣᠷᠣᠯᠠᠭᠤᠯᠬᠤ ᠭᠡᠯᠪᠡᠷᠢ ᠪᠠᠷ ᠲᠥᠷᠥᠯ ᠵᠦᠢᠯ ᠤᠨ ᠵᠠᠰᠠᠯᠲᠠ ᠶᠢᠨ ᠠᠵᠢᠯ ᠳᠤ ᠣᠷᠤᠯᠴᠠᠬᠤ ᠶᠢ ᠵᠥᠪᠰᠢᠶᠡᠷᠡᠪᠡ᠃

  ᠬᠥᠳᠡᠯᠮᠦᠷᠢᠯᠡᠬᠦ ᠪᠠᠷ ᠲᠡᠳᠬᠦᠮᠵᠢ ᠶᠢ ᠣᠷᠣᠯᠠᠭᠤᠯᠬᠤ ᠵᠠᠭᠪᠤᠷ ᠢᠶᠠᠷ ᠠᠵᠢᠯ ᠣᠯᠭᠤᠯᠲᠠ ᠶᠢᠨ ᠠᠵᠢᠯ ᠤᠨ ᠪᠠᠶᠢᠷᠢ ᠶᠢ ᠮᠠᠯᠴᠢᠨ ᠲᠠᠷᠢᠶᠠᠴᠢᠨ ᠤ ᠭᠡᠷ ᠤᠨ ᠡᠭᠦᠳᠡᠨ ᠳᠤ ᠰᠢᠭᠤᠳ ᠬᠦᠷᠭᠡᠪᠡ᠃ ᠴᠠᠭᠠᠬᠤᠪᠤᠭ᠎ᠠ ᠭᠠᠴᠠᠭᠠᠨ ᠤ ᠰᠠᠭᠤᠭᠠᠯᠢ ᠠᠷᠠᠳ ᠰᠡᠴᠡᠨᠪᠠᠭᠠᠲᠤᠷ ᠡᠭᠦᠨ ᠤ ᠲᠤᠬᠠᠢ ᠭᠦᠨ ᠣᠶᠢᠯᠠᠭᠠᠯᠲᠠ ᠲᠠᠢ ᠪᠠᠶᠢᠵᠤ᠄ ︽ᠥᠩᠭᠡᠷᠡᠭᠰᠡᠨ ᠳᠤ ᠲᠠᠷᠢᠶᠠᠨ ᠠᠵᠢᠯ ᠰᠡᠯᠡᠭᠦᠦ ᠦᠶ᠎ᠡ ᠳᠤ ᠵᠥᠪᠭᠡᠨ ᠭᠡᠷ ᠲᠡᠭᠡᠨ ᠰᠠᠭᠤᠵᠤ ᠪᠠᠶᠢᠵᠠᠢ᠂ ᠤᠳᠤ ᠭᠡᠷ ᠤᠨ ᠢᠶᠠᠨ ᠡᠭᠦᠳᠡᠨ ᠳᠡᠷᠭᠡᠳᠡ ᠪᠠᠨ ᠠᠵᠢᠯ ᠬᠢᠵᠦ ᠵᠣᠭᠤᠰ ᠣᠯᠵᠤ ᠪᠠᠶᠢᠨ᠎ᠠ︕ ᠪᠢ ᠲᠦᠷᠦᠯ ᠵᠦᠢᠯ ᠤᠨ ᠲᠣᠭᠤᠷᠢᠭ ᠲᠤ ᠠᠵᠢᠯᠯᠠᠵᠤ ᠵᠣᠭᠤᠰ ᠣᠯᠬᠤ ᠶᠢᠨ ᠳᠠᠭᠠᠤ ᠨᠤᠲᠤᠭ ᠤᠰᠤᠨ ᠤ ᠪᠠᠨ ᠠᠮᠢ ᠠᠬᠤᠢ ᠣᠷᠴᠢᠨ ᠲᠣᠭᠤᠷᠢᠨ ᠤ ᠵᠠᠰᠠᠯᠲᠠ ᠳᠤ ᠤᠷᠤᠯᠴᠠᠬᠰᠠᠨ ᠳᠠᠭᠠᠨ ᠰᠡᠳᠬᠢᠯ ᠥᠨᠳᠥᠷ ᠪᠠᠶᠢᠨ᠎ᠠ︾ ᠭᠡᠵᠦ ᠬᠡᠯᠡᠨ᠎ᠡ᠃

  ᠣᠶᠢᠯᠠᠭᠠᠭᠰᠠᠨ ᠢᠶᠠᠷ᠂ ᠣᠳᠣᠬᠠᠨ ᠪᠤᠯᠲᠠᠯ᠎ᠠ ᠪᠦᠭᠦ ᠬᠤᠰᠢᠭᠤᠨ ᠤ 1.5 ᠲᠦᠮᠡ ᠭᠠᠷᠤᠢ ᠬᠥᠮᠥᠨ ᠤᠳᠠᠭ᠎ᠠ ᠭᠦᠳᠡᠯᠮᠦᠷᠢ ᠬᠦᠴᠦᠨ ᠤ ᠠᠵᠢᠯ ᠳᠤ ᠣᠷᠣᠯᠴᠠᠵᠤ᠂ 0.85 ᠲᠦᠮᠡ ᠭᠠᠷᠤᠢ ᠮᠠᠰᠢᠨ ᠮᠧᠬᠠᠨᠢᠭ ᠲᠦᠷᠢᠶᠡᠰᠦᠯᠡᠵᠦ᠂ ᠮᠠᠯᠴᠢᠨ ᠲᠠᠷᠢᠶᠠᠴᠢᠨ ᠤ ᠣᠷᠣᠯᠭ᠎ᠠ ᠶᠢ 900 ᠲᠦᠮᠡ ᠭᠠᠷᠤᠢ ᠲᠥᠭᠦᠷᠢᠭ ᠨᠡᠮᠡᠭᠳᠡᠭᠦᠯᠵᠦ᠂ ᠠᠮᠢ ᠠᠬᠤᠢ ᠶᠢ ᠵᠠᠰᠠᠬᠤ ᠪᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠬᠤᠣᠰ ᠠᠮᠵᠢᠯᠲᠠ ᠶᠢ ᠦᠨᠡᠨ ᠬᠦ ᠪᠡᠶᠡᠯᠡᠭᠦᠯᠪᠡ᠃

   ︽ᠤᠮᠠᠷᠠᠲᠤ ᠶᠢᠨ ᠭᠤᠷᠪᠠᠨ ᠣᠷᠣᠨ︾ ᠤ ᠵᠢᠷᠭᠤᠳᠤᠭᠠᠷ ᠬᠤᠭᠤᠴᠠᠭᠠᠨ ᠤ ᠢᠨᠵᠧᠨᠧᠷᠢᠩ ᠤᠨ ᠬᠤᠷᠴᠢᠨ ᠤ ᠡᠯᠡᠰᠦᠷᠬᠡᠭ ᠭᠠᠵᠠᠷ ᠢ ᠶᠡᠷᠦᠩᠬᠡᠶᠢᠯᠡᠨ ᠵᠠᠰᠠᠬᠤ ᠲᠥᠷᠥᠯ ᠵᠦᠢᠯ ᠤᠨ ᠶᠡᠷᠦᠩᠬᠡᠢ ᠲᠠᠯᠠᠪᠠᠶ 3.35 ᠲᠦᠮᠡᠨ ᠮᠦ ᠪᠠᠶᠢᠵᠤ᠂ ᠨᠡᠶᠢᠲᠡ 1368 ᠠᠵᠢᠯᠯᠠᠬᠤ ᠪᠠᠭ᠎ᠠ ᠠᠩᠭᠢ ᠳᠤ ᠬᠤᠯᠪᠣᠭᠳᠠᠨ᠎ᠠ᠃ ᠮᠠᠭᠤᠳᠠᠭᠰᠠᠨ ᠬᠡᠮᠵᠢᠶ᠎ᠡ᠂ ᠡᠯᠡᠰᠦ ᠮᠠᠩᠬᠠᠨ ᠤ ᠲᠥᠷᠥᠯ ᠭᠡᠯᠪᠡᠷᠢ ᠶᠢ ᠦᠨᠳᠦᠰᠦᠯᠡᠨ᠂ ᠵᠠᠰᠠᠯᠲᠠ ᠶᠢᠨ ᠣᠷᠣᠨ ᠳᠤ ᠲᠣᠭᠲᠠᠩᠭᠤᠢ ᠡᠯᠡᠰᠦᠷᠬᠡᠭ ᠭᠠᠵᠠᠷ ᠢ ᠵᠠᠰᠠᠬᠤ ᠣᠷᠣᠨ᠂ ᠨᠡᠭᠦᠳᠡᠯ ᠡᠯᠡᠰᠦ ᠮᠠᠩᠬ᠎ᠠ ᠶᠢ ᠵᠠᠰᠠᠬᠤ ᠣᠷᠣᠨ᠂ ᠬᠠᠭᠠᠰ ᠨᠡᠭᠦᠳᠡᠯ ᠡᠯᠡᠰᠦ ᠮᠠᠩᠬ᠎ᠠ ᠶᠢ ᠵᠠᠰᠠᠬᠤ ᠣᠷᠣᠨ᠂ ᠡᠯᠡᠰᠦᠷᠬᠡᠭᠵᠢᠭᠰᠡᠨ ᠤᠢ ᠰᠢᠭᠤᠢ ᠶᠢ ᠨᠥᠬᠦᠵᠦ ᠳᠠᠷᠢᠵᠤ ᠨᠥᠬᠦᠵᠦ ᠣᠶᠢᠵᠢᠭᠤᠯᠬᠤ ᠣᠷᠣᠨ᠂ ᠭᠦᠪᠡᠭᠡ ᠵᠠᠬ᠎ᠠ ᠶᠢ ᠨᠢ ᠨᠣᠭᠲᠣᠯᠠᠭᠰᠠᠨ ᠤᠢ ᠶᠢᠨ ᠪᠦᠰᠡ ᠶᠢᠨ ᠠᠵᠢᠯᠯᠠᠬᠤ ᠣᠷᠣᠨ᠂ ᠬᠦᠨᠳᠦ ᠨᠣᠴᠢᠲᠠᠢ ᠮᠠᠭᠤᠳᠠᠭᠰᠠᠨ ᠡᠯᠡᠰᠦᠷᠬᠡᠭ ᠭᠠᠵᠠᠷ ᠢ ᠵᠠᠰᠠᠬᠤ ᠣᠷᠣᠨ ᠭᠡᠵᠦ ᠵᠢᠷᠭᠤᠭᠠᠨ ᠶᠡᠭᠡ ᠵᠠᠰᠠᠯᠲᠠ ᠶᠢᠨ ᠣᠷᠣᠨ ᠬᠤᠪᠢᠶᠠᠵᠤ᠂ ᠲᠣᠣᠷ ᠲᠠᠲᠠᠵᠤ ᠪᠢᠲᠡᠭᠦᠮᠵᠢᠯᠡᠨ ᠪᠣᠶᠢᠵᠢᠭᠤᠯᠬᠤ᠂ ᠤᠰᠤᠯᠠᠨ ᠨᠥᠬᠦᠵᠦ ᠳᠠᠷᠢᠬᠤ᠂ ᠰᠠᠯᠬᠢᠨ ᠳᠤ ᠢᠳᠡᠭᠳᠡᠭᠰᠡᠨ ᠨᠦᠬᠡ ᠶᠢ ᠴᠡᠭᠴᠡᠯᠡᠨ ᠵᠠᠰᠠᠬᠤ᠂ ᠡᠯᠡᠰᠦᠨ ᠬᠠᠯᠬᠠᠪᠴᠢ ᠳᠡᠪᠢᠰᠬᠦ᠂ ᠪᠤᠳᠠ ᠮᠣᠳᠣ ᠲᠠᠷᠢᠬᠤ᠂ ᠪᠣᠷᠳᠣᠭᠤᠷ ᠣᠷᠣᠭᠤᠯᠬᠤ ᠶᠢ ᠬᠠᠷᠢᠯᠴᠠᠨ ᠤᠶᠠᠯᠳᠤᠭᠤᠯᠬᠤ ᠠᠷᠭ᠎ᠠ ᠮᠠᠶ᠋ᠢᠭ ᠢᠶᠠᠷ ᠵᠠᠰᠠᠯᠲᠠ ᠬᠢᠵᠡᠢ᠃ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠬᠤᠭᠤᠴᠠᠭ᠎ᠠ ᠨᠢ 2 ᠵᠢᠯ ᠪᠠᠶᠢᠵᠤ᠂ ᠬᠠᠮᠢᠶᠠᠷᠴᠤ ᠬᠠᠮᠠᠭᠠᠯᠠᠬᠤ ᠬᠤᠭᠤᠴᠠᠭ᠎ᠠ ᠨᠢ 3 ᠵᠢᠯ ᠪᠣᠯᠣᠨ᠎ᠠ᠃ 2026 ᠣᠨ ᠪᠤᠯᠬᠤ ᠳᠤ᠂ ᠲᠤᠬᠠᠢ ᠶᠢᠨ ᠭᠠᠵᠠᠷ ᠤᠨ ᠡᠯᠡᠰᠦᠷᠬᠡᠭᠵᠢᠭᠰᠡᠨ ᠭᠠᠵᠠᠷ ᠰᠢᠷᠣᠢ ᠶᠢᠨ ᠥᠷᠭᠡᠳᠬᠦ ᠬᠠᠨᠳᠤᠰᠢ ᠶᠢ ᠪᠦᠲᠦᠮᠵᠢᠲᠡᠶ ᠬᠢᠵᠠᠭᠠᠷᠯᠠᠬᠤ ᠶᠢᠨ ᠬᠠᠮᠲᠤ ᠬᠤᠪᠢᠷᠠᠭᠤᠯᠵᠤ᠂ ᠣᠶ ᠰᠢᠭᠤᠢ ᠡᠪᠡᠰᠦᠨ ᠤ ᠶᠠᠰᠤ ᠴᠢᠨᠠᠷ ᠪᠣᠯᠣᠨ ᠤᠨᠠᠯᠲᠠ ᠶᠢ ᠢᠯᠡᠳᠲᠡ ᠳᠡᠭᠡᠭᠰᠢᠯᠡᠭᠦᠯᠵᠦ᠂ ᠠᠮᠢ ᠠᠬᠤᠢ ᠶᠢᠨ ᠪᠠᠶᠢᠳᠠᠯ ᠢ ᠪᠦᠲᠦᠮᠵᠢᠲᠡᠶ ᠰᠠᠶᠢᠵᠢᠷᠠᠭᠤᠯᠤᠨ᠎ᠠ᠃

  ᠨᠣᠭᠤᠭᠠᠨ ᠥᠩᠭᠡ ᠪᠣᠯ ᠡᠯᠡᠰᠦ ᠮᠠᠩᠬᠠᠨ ᠤ ᠬᠠᠮᠤᠭ ᠤᠨ ᠰᠡᠳᠬᠢᠯ ᠬᠥᠳᠡᠯᠭᠡᠮ᠎ᠡ ᠥᠩᠭᠡ ᠪᠤᠳᠤᠭ ᠶᠤᠮ᠃ ᠵᠠᠷᠤᠳ ᠬᠤᠰᠢᠭᠤ ᠥᠪᠡᠷᠲᠡᠭᠡᠨ ᠵᠠᠰᠠᠬᠤ ᠣᠷᠣᠨ ᠤ ︽ᠬᠤᠶᠠᠷ ᠶᠡᠭᠡ ᠶᠠᠪᠤᠳᠠᠯ︾ ᠢ ᠰᠠᠶᠢᠲᠤᠷ ᠬᠢᠬᠦ ᠪᠠ ︽ᠵᠢᠷᠭᠤᠭᠠᠨ ᠢᠨᠵᠧᠨᠧᠷᠢᠩ︾ ᠢ ᠰᠠᠶᠢᠲᠤᠷ ᠠᠬᠢᠭᠤᠯᠬᠤ ᠳᠤ ᠠᠩᠬᠠᠷᠤᠯ ᠢᠶᠠᠨ ᠲᠥᠪᠯᠡᠷᠡᠭᠦᠯᠵᠦ᠂ ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠶᠢ ᠨᠢᠭᠡ ᠴᠣᠭᠴᠠᠵᠢᠭᠤᠯᠤᠨ ᠬᠠᠮᠠᠭᠠᠯᠠᠬᠤ ᠪᠠ ᠰᠢᠰᠲ᠋ᠧᠮ ᠲᠠᠢ ᠵᠠᠰᠠᠬᠤ ᠶᠢ ᠨᠢᠭᠡᠳᠦᠯᠲᠡᠢ ᠲᠥᠯᠥᠪᠵᠢᠭᠦᠯᠵᠦ᠂ ᠲᠥᠯᠦᠪᠵᠢᠭᠦᠯᠭᠡ ᠶᠣᠰᠣᠭᠠᠷ ᠤᠷᠢᠳ ᠢᠶᠠᠷ ᠬᠢᠬᠦ᠂ ᠬᠤᠭᠤᠴᠠᠭ᠎ᠠ ᠬᠤᠪᠢᠶᠠᠨ ᠬᠡᠷᠡᠭᠵᠢᠭᠦᠯᠬᠦ᠂ ᠤᠷᠢᠳ ᠢᠶᠠᠷ ᠭᠢᠯᠪᠠᠷ ᠢ ᠨᠢ ᠳᠠᠷᠠᠭ᠎ᠠ ᠨᠢ ᠬᠦᠴᠢᠷ ᠢ ᠨᠢ᠂ ᠪᠦᠬᠦᠯᠢ ᠴᠣᠭᠴᠠ ᠪᠠᠷ ᠨᠢ ᠠᠬᠢᠭᠤᠯᠬᠤ ᠵᠠᠷᠴᠢᠮ ᠢᠶᠠᠷ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠶᠡᠷᠦᠩᠬᠡᠢ ᠲᠥᠯᠦᠪᠵᠢᠭᠦᠯᠭᠡ ᠶᠢ ᠰᠢᠨᠵᠢᠯᠡᠬᠦ ᠤᠬᠠᠭᠠᠨᠴᠢ ᠪᠠᠷ ᠲᠣᠭᠲᠠᠭᠠᠵᠤ᠂ ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠣᠢ᠂ ᠪᠡᠯᠴᠢᠭᠡᠷᠯᠡᠭᠦᠯᠬᠦ ᠶᠢ ᠵᠣᠭᠰᠣᠭᠠᠵᠤ ᠡᠪᠡᠰᠦ ᠲᠠᠷᠢᠬᠤ᠂ ᠣᠶᠢᠵᠢᠭᠤᠯᠤᠯᠲᠠ ᠶᠢᠨ ᠨᠥᠬᠦᠪᠦᠷᠢ ᠶᠢᠨ ᠲᠦᠷᠦᠯ ᠵᠦᠢᠯ ᠵᠡᠷᠭᠡ ᠭᠤᠣᠯᠳᠠᠯᠭ᠎ᠠ ᠲᠠᠢ ᠢᠨᠵᠧᠨᠧᠷᠢᠩ ᠤᠨ ᠲᠦᠷᠦᠯ ᠵᠦᠢᠯ ᠢ ᠬᠡᠷᠡᠭᠵᠢᠭᠦᠯᠵᠦ᠂ ᠬᠤᠷᠴᠢᠨ ᠤ ᠡᠯᠡᠰᠦᠷᠬᠡᠭ ᠭᠠᠵᠠᠷ ᠢ ᠶᠡᠷᠦᠩᠬᠡᠶᠢᠯᠡᠨ ᠵᠠᠰᠠᠬᠤ ᠶᠢ ᠦᠷᠭᠦᠯᠵᠢᠯᠡᠨ ᠠᠬᠢᠭᠤᠯᠵᠤ ᠪᠠᠶᠢᠨ᠎ᠠ᠃

   ︽ᠣᠳᠣᠬᠠᠨ ᠳᠤ᠂ ᠠᠳᠡᠬᠢ ᠬᠠᠷᠭᠠᠨ᠎ᠠ ᠭᠡᠷ ᠤᠨ ᠣᠷᠣᠢ ᠠᠴᠠ ᠥᠨᠳᠥᠷ ᠪᠣᠯᠵᠤ᠂ ᠡᠯ᠎ᠡ ᠵᠦᠢᠯ ᠤᠨ ᠡᠪᠡᠰᠦ ᠤᠷᠭᠤᠮᠠᠯ ᠢᠭᠴᠤ ᠰᠠᠬᠤᠯᠢᠭ ᠤᠷᠭᠤᠵᠤ᠂ ᠬᠡᠭᠡᠷ᠎ᠡ ᠶᠢᠨ ᠠᠮᠢᠳᠠᠨ ᠪᠠᠶᠢᠨ ᠲᠠᠭᠢᠨ ᠢᠯᠡᠷᠡᠵᠦ᠂ ᠡᠯᠡᠰᠦᠷᠬᠡᠭᠵᠢᠯ ᠢ ᠰᠡᠷᠭᠡᠶᠢᠯᠡᠵᠦ ᠡᠯᠡᠰᠦ ᠶᠢ ᠵᠠᠰᠠᠬᠤ ᠠᠵᠢᠯ ᠤᠨ ᠦᠷ᠎ᠡ ᠪᠦᠲᠦᠭᠡᠯ ᠢ ᠬᠠᠷᠠᠭᠤᠯᠤᠨ᠎ᠠ᠃ ᠠᠮᠢ ᠠᠬᠤᠢ ᠰᠠᠶᠢᠵᠢᠷᠠᠵᠤ᠂ ᠠᠷᠠᠳ ᠲᠦᠮᠡᠨ ᠴᠢᠨᠡᠭᠡᠯᠢᠭᠵᠢᠵᠦ᠂ ᠠᠮᠢᠳᠤᠷᠠᠯ ᠶᠠᠪᠤᠬᠤ ᠲᠤᠳᠤᠮ ᠰᠠᠶᠢᠵᠢᠷᠠᠵᠤ ᠪᠠᠶᠢᠨ᠎ᠠ︕︾ ᠭᠡᠵᠦ ᠥᠯᠵᠡᠶᠢᠮᠥ᠋ᠷᠡᠨ ᠰᠤᠮᠤᠨ ᠤ ᠮᠠᠯᠴᠢᠨ ᠤᠶᠤᠨ ᠬᠡᠯᠡᠨ᠎ᠡ᠃

  ᠡᠨᠡ ᠵᠢᠯ᠂ ᠵᠠᠷᠤᠳ ᠬᠤᠰᠢᠭᠤ 108.55 ᠲᠦᠮᠡᠨ ᠮᠦ ᠶᠢᠨ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠡᠭᠦᠷᠭᠡ ᠶᠢ ᠪᠡᠶᠡᠯᠡᠭᠦᠯᠬᠦ ᠪᠠᠷ ᠲᠥᠯᠥᠪᠯᠡᠵᠦ ᠪᠤᠶ᠃ ᠣᠳᠣᠬᠠᠨ ᠪᠤᠯᠲᠠᠯ᠎ᠠ᠂ 6.9 ᠲᠦᠮᠡᠨ ᠮᠧᠲᠷ ᠲᠣᠣᠷ ᠬᠦᠷᠢᠶ᠎ᠡ ᠲᠠᠲᠠᠵᠤ᠂ 4315 ᠮᠦ ᠡᠯᠡᠰᠦ ᠶᠢ ᠲᠣᠭᠲᠠᠪᠤᠷᠢᠵᠢᠭᠤᠯᠵᠤ᠂ 0.4 ᠲᠦᠮᠡᠨ ᠮᠦ ᠪᠤᠲᠠ ᠮᠣᠳᠣ ᠲᠠᠷᠢᠵᠤ᠂ ︽ᠣᠶᠢᠵᠢᠭᠤᠯᠤᠯᠲᠠ ᠤᠷᠤᠭᠰᠢᠯᠠᠵᠤ ᠡᠯᠡᠰᠦ ᠤᠬᠤᠷᠢᠭᠰᠠᠨ︾ ᠠᠮᠢ ᠠᠬᠤᠢ ᠶᠢᠨ ᠵᠢᠷᠤᠭ ᠳᠦᠷᠰᠦ ᠠᠯᠭᠤᠷᠬᠠᠨ ᠵᠢᠷᠤᠭᠯᠠᠭᠳᠠᠨ᠎ᠠ᠃


ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ