ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠪᠠᠶᠠᠵᠢᠯ᠎ᠤᠨ ᠬᠤᠰᠢᠭᠤᠴᠢ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠨᠠᠨᠵᠢᠩ᠎ᠤᠨ ᠬᠢᠨᠠᠨ ᠪᠣᠳᠣᠯᠲᠠ ᠵᠢᠨ ᠶᠡᠬᠡ ᠰᠤᠷᠭ᠋ᠠᠭᠤᠯᠢ ᠵᠢᠨ ᠬᠢᠨᠠᠨ ᠪᠤᠳᠤᠬᠤ ᠲᠤᠰᠬᠠᠢ ᠮᠡᠷᠭᠡᠵᠢᠯ᠎ᠤᠨ ᠠᠰᠫᠢᠷᠠᠨᠲ᠎ᠤᠨ ᠣᠯᠠᠨ ᠤᠯᠤᠰ᠎ᠤᠨ ᠠᠩᠭᠢ᠎ᠳᠤ ᠰᠤᠷᠤᠯᠴᠠᠵᠤ ᠪᠠᠢ᠌ᠭ᠎ᠠ ᠭᠠᠳᠠᠭ᠋ᠠᠳᠤ ᠵᠢᠨ ᠰᠤᠷᠤᠬ᠍ᠴᠢᠳ᠎ᠲᠤ ᠬᠠᠷᠢᠭᠤ ᠵᠠᠬᠢᠳᠠᠯ ᠢᠯᠡᠭᠡᠪᠡ
ᠨᠡᠶ᠋ᠢᠲᠡᠯᠡᠭᠰᠡᠨ ᠴᠠᠭ᠄ 2023-07-06

 

       ᠰᠢᠨᠬᠤᠸᠠ ᠬᠣᠷᠢᠶ᠎ᠠ ᠵᠢᠨ ᠪᠡᠭᠡᠵᠢᠩ᠎ᠤᠨ 7 ᠰᠠᠷ᠎ᠠ ᠵᠢᠨ 5᠎ᠤ ᠴᠠᠭᠢᠯᠭ᠋ᠠᠨ ᠮᠡᠳᠡᠭᠡ    ᠨᠠᠮ᠎ᠤᠨ ᠲᠥᠪ ᠬᠣᠷᠢᠶ᠎ᠠ ᠵᠢᠨ ᠶᠡᠷᠦᠩᠬᠡᠢ ᠱᠦᠵᠢ ᠂  ᠤᠯᠤᠰ᠎ᠤᠨ ᠲᠡᠷᠢᠭᠦᠯᠡᠭᠴᠢ ᠰᠢ ᠵᠢᠨ ᠫᠢᠩ 7 ᠰᠠᠷ᠎ᠠ ᠵᠢᠨ 4᠎ᠤ ᠡᠳᠦᠷ ᠨᠠᠨᠵᠢᠩ᠎ᠤᠨ ᠬᠢᠨᠠᠨ ᠪᠣᠳᠣᠯᠲᠠ ᠵᠢᠨ ᠶᠡᠬᠡ ᠰᠤᠷᠭ᠋ᠠᠭᠤᠯᠢ ᠵᠢᠨ ᠬᠢᠨᠠᠨ ᠪᠤᠳᠤᠬᠤ ᠲᠤᠰᠬᠠᠢ ᠮᠡᠷᠭᠡᠵᠢᠯ᠎ᠤᠨ ᠠᠰᠫᠢᠷᠠᠨᠲ᠎ᠤᠨ ᠣᠯᠠᠨ ᠤᠯᠤᠰ᠎ᠤᠨ ᠠᠩᠭᠢ᠎ᠳᠤ ᠰᠤᠷᠤᠯᠴᠠᠵᠤ ᠪᠠᠢ᠌ᠭ᠎ᠠ ᠭᠠᠳᠠᠭ᠋ᠠᠳᠤ ᠵᠢᠨ ᠰᠤᠷᠤᠬ᠍ᠴᠢᠳ᠎ᠲᠤ ᠬᠠᠷᠢᠭᠤ ᠵᠠᠬᠢᠳᠠᠯ ᠢᠯᠡᠭᠡᠵᠦ ᠂  ᠲᠡᠳᠡᠨ᠎ᠢ ᠤᠯᠤᠰ᠎ᠤᠨ ᠬᠣᠭᠣᠷᠣᠨᠳᠣᠭᠢ ᠨᠥᠬᠥᠷᠯᠡᠯ ᠪᠠ ᠬᠠᠮᠲᠤᠷᠠᠯᠴᠠᠭ᠎ᠠ ᠵᠢ ᠭᠦᠨᠵᠡᠭᠡᠢ᠌ᠷᠡᠭᠦᠯᠬᠦ  ᠎ᠳᠤ ᠢᠳᠡᠪᠬᠢᠲᠡᠢ ᠬᠤᠪᠢ ᠨᠡᠮᠡᠷᠢ ᠦᠵᠡᠭᠦᠯᠦᠭᠡᠷᠡᠢ ᠭᠡᠵᠦ ᠵᠣᠷᠢᠭᠵᠢᠭᠤᠯᠪᠠ ᠃

       ᠰᠢ ᠵᠢᠨ ᠫᠢᠩ ᠬᠠᠷᠢᠭᠤ ᠵᠠᠬᠢᠳᠠᠯ᠎ᠳᠠᠭᠠᠨ ᠂  ᠲᠠ ᠨᠠᠷ᠎ᠤᠨ ᠳᠤᠮᠳᠠᠳᠤ ᠤᠯᠤᠰ᠎ᠲᠤ ᠰᠤᠷᠤᠯᠴᠠᠬᠤ᠎ᠪᠠᠷ ᠢᠷᠡᠵᠤ ᠂  ᠬᠢᠴᠢᠶᠡᠯ᠎ᠤᠨ ᠲᠠᠩᠬᠢᠮ᠎ᠤᠨ ᠰᠤᠷᠤᠯᠴᠠᠯᠭ᠎ᠠ ᠪᠣᠯᠣᠨ ᠲᠤᠬᠠᠢ ᠵᠢᠨ ᠭᠠᠵᠠᠷ᠎ᠲᠤ ᠬᠦᠷᠴᠦ ᠰᠤᠷᠪᠤᠯᠵᠢᠯᠠᠬᠤ᠎ᠪᠠᠷ ᠳᠡᠮᠵᠢᠨ ᠲᠤᠰᠬᠠᠢ ᠮᠡᠷᠭᠡᠵᠢᠯ᠎ᠤᠨ ᠬᠡᠪ ᠪᠣᠯᠪᠠᠰᠤᠷᠠᠯ ᠵᠶ᠋ᠠᠨ ᠳᠡᠭᠡᠭᠰᠢᠯᠡᠭᠦᠯᠵᠦ ᠂  ᠳᠤᠮᠳᠠᠳᠤ ᠤᠯᠤᠰ᠎ᠤᠨ ᠬᠢᠨᠠᠨ ᠪᠤᠳᠤᠬᠤ ᠳᠦᠷᠢᠮ ᠂  ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ ᠪᠣᠯᠣᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠤᠬᠠᠢ ᠲᠠᠨᠢᠯᠲᠠ᠎ᠪᠠᠨ ᠭᠦᠨᠵᠡᠭᠡᠢ᠌ᠷᠡᠭᠦᠯᠵᠦ ᠪᠠᠢ᠌ᠬᠤ ᠵᠢ ᠣᠯᠵᠤ ᠮᠡᠳᠡᠭᠡᠳ ᠂  ᠪᠢ ᠲᠠ ᠨᠠᠷ᠎ᠤᠨ ᠰᠤᠷᠤᠯᠴᠠᠯᠭ᠎ᠠ ᠶᠡᠬᠡᠬᠡᠨ ᠣᠯᠣᠯᠲᠠ᠎ᠲᠠᠢ ᠪᠣᠯᠤᠭᠰᠠᠨ᠎ᠳᠤ ᠪᠠᠶᠠᠷᠯᠠᠵᠤ ᠪᠠᠢ᠌ᠨ᠎ᠠ ᠭᠡᠵᠦ ᠬᠡᠯᠡᠪᠡ ᠃

       ᠰᠢ ᠵᠢᠨ ᠫᠢᠩ ᠂  ᠳᠤᠮᠳᠠᠳᠤ ᠤᠯᠤᠰ ᠤᠯᠤᠰ᠎ᠤᠨ ᠵᠠᠰᠠᠯᠲᠠ ᠳᠤᠮᠳᠠᠬᠢ ᠬᠢᠨᠠᠨ ᠪᠤᠳᠤᠬᠤ ᠠᠵᠢᠯ᠎ᠤᠨ ᠴᠢᠬᠤᠯᠠ ᠦᠢ᠍ᠯᠡᠳᠦᠯ᠎ᠢ ᠪᠠᠳᠠᠷᠠᠭᠤᠯᠬᠤ ᠵᠢ ᠢᠮᠠᠭᠲᠠ ᠴᠢᠬᠤᠯᠠᠴᠢᠯᠠᠭᠰᠠᠭ᠋ᠠᠷ ᠢᠷᠡᠵᠠᠢ ᠂  ᠤᠯᠠᠨ ᠵᠢᠯ᠎ᠤᠨ ᠰᠦᠪᠡᠭᠴᠢᠯᠡᠯᠲᠡ᠎ᠪᠠᠷ ᠳᠠᠮᠵᠢᠨ ᠂  ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠬᠢᠨᠠᠨ ᠪᠤᠳᠤᠬᠤ ᠳᠦᠷᠢᠮ᠎ᠢ ᠲᠣᠭᠲᠠᠭ᠋ᠠᠵᠤ ᠂  ᠲᠥᠪᠯᠡᠷᠡᠩᠭᠦᠢ ᠨᠢᠭᠡᠳᠦᠯᠲᠡᠢ ᠂  ᠪᠦᠭᠦ ᠲᠠᠯ᠎ᠠ ᠵᠢ ᠬᠠᠮᠤᠷᠤᠭᠰᠠᠨ ᠂  ᠡᠷᠬᠡ ᠰᠦᠷ᠎ᠲᠠᠢ ᠥᠨᠳᠥᠷ ᠪᠦᠲᠦᠮᠵᠢᠲᠡᠢ ᠬᠢᠨᠠᠨ ᠪᠤᠳᠤᠬᠤ ᠬᠢᠨᠠᠯᠲᠠ ᠵᠢᠨ ᠰᠢᠰᠲ᠋ᠧᠮ᠎ᠢ ᠠᠩᠬ᠎ᠠ ᠠᠯᠬᠤᠮ ᠪᠦᠷᠢᠯᠳᠦᠭᠦᠯᠪᠡ ᠃  ᠲᠠ ᠨᠠᠷ᠎ᠤᠨ ᠳᠤᠮᠳᠠᠳᠤ ᠤᠯᠤᠰ᠎ᠤᠨ ᠠᠵᠢᠯ ᠨᠢᠭᠡᠲᠡᠨ᠎ᠲᠠᠢ ᠰᠣᠯᠢᠯᠴᠠᠭ᠎ᠠ᠎ᠪᠠᠨ ᠴᠢᠩᠭ᠋ᠠᠳᠬᠠᠵᠤ ᠂  ᠬᠠᠷᠢᠯᠴᠠᠨ ᠰᠤᠷᠤᠯᠴᠠᠵᠤ ᠬᠠᠷᠢᠯᠴᠠᠨ ᠲᠣᠯᠢᠳᠠᠵᠤ ᠂  ᠬᠢᠨᠠᠨ ᠪᠤᠳᠤᠬᠤ ᠡᠨᠡ ᠬᠦ᠌ ᠴᠣᠩᠬᠣᠪᠴᠢ᠎ᠪᠠᠷ ᠳᠠᠮᠵᠢᠭᠤᠯᠤᠨ ᠳᠤᠮᠳᠠᠳᠤ ᠤᠯᠤᠰ᠎ᠢ ᠣᠢ᠌ᠯᠠᠭ᠋ᠠᠵᠤ ᠂  ᠤᠯᠤᠰ᠎ᠤᠨ ᠬᠣᠭᠣᠷᠣᠨᠳᠣᠭᠢ ᠨᠥᠬᠥᠷᠯᠡᠯ ᠪᠠ ᠬᠠᠮᠲᠤᠷᠠᠯᠴᠠᠭ᠎ᠠ ᠵᠢ ᠭᠦᠨᠵᠡᠭᠡᠢ᠌ᠷᠡᠭᠦᠯᠬᠦ᠎ᠳᠤ ᠢᠳᠡᠪᠬᠢᠲᠡᠢ ᠬᠦᠴᠦᠨ ᠴᠢᠳᠠᠯ ᠵᠶ᠋ᠠᠨ ᠡᠷᠭᠦᠬᠦ ᠵᠢ ᠬᠦᠰᠡᠵᠦ ᠪᠠᠢ᠌ᠨ᠎ᠠ ᠭᠡᠵᠦ ᠵᠢᠭ᠋ᠠᠵᠤ ᠭᠠᠷᠭ᠋ᠠᠪᠠ ᠃

       ᠨᠠᠨᠵᠢᠩ᠎ᠤᠨ ᠬᠢᠨᠠᠨ ᠪᠣᠳᠣᠯᠲᠠ ᠵᠢᠨ ᠶᠡᠬᠡ ᠰᠤᠷᠭ᠋ᠠᠭᠤᠯᠢ ᠵᠢᠨ ᠬᠢᠨᠠᠨ ᠪᠤᠳᠤᠬᠤ ᠲᠤᠰᠬᠠᠢ ᠮᠡᠷᠭᠡᠵᠢᠯ᠎ᠤᠨ ᠠᠰᠫᠢᠷᠠᠨᠲ᠎ᠤᠨ ᠣᠯᠠᠨ ᠤᠯᠤᠰ᠎ᠤᠨ ᠠᠩᠭᠢ 2016 ᠣᠨ᠎ᠳᠤ ᠪᠠᠢ᠌ᠭᠤᠯᠤᠭᠳᠠᠵᠤ ᠂ 《  ᠨᠢᠭᠡ ᠪᠦᠰᠡ ᠨᠢᠭᠡ ᠵᠠᠮ 》 ᠳᠠᠭ᠋ᠠᠤ ᠵᠢᠨ 76 ᠤᠯᠤᠰ᠎ᠤᠨ ᠬᠢᠨᠠᠨ ᠪᠤᠳᠤᠬᠤ ᠪᠠᠢ᠌ᠭᠤᠯᠭ᠎ᠠ᠎ᠳᠤ 280 ᠭᠠᠷᠤᠢ ᠲᠤᠰᠬᠠᠢ ᠮᠡᠷᠭᠡᠵᠢᠯ᠎ᠤᠨ ᠴᠢᠳᠠᠪᠤᠷᠢᠲᠠᠨ᠎ᠢ ᠬᠥᠮᠥᠵᠢᠭᠦᠯᠵᠦ ᠥᠭᠴᠡᠢ ᠃  ᠣᠢ᠌ᠷ᠎ᠠ᠎ᠳᠤ ᠂  ᠲᠣᠰ ᠠᠩᠭᠢ ᠵᠢᠨ 37 ᠰᠣᠷᠣᠬ᠍ᠴᠢ ᠰᠢ ᠵᠢᠨ ᠫᠢᠩ᠎ᠳᠤ ᠵᠠᠬᠢᠳᠠᠯ ᠪᠢᠴᠢᠵᠦ ᠂  ᠳᠤᠮᠳᠠᠳᠤ ᠤᠯᠤᠰ᠎ᠲᠤ ᠰᠤᠷᠤᠯᠴᠠᠵᠦ ᠰᠤᠳᠤᠯᠤᠭᠰᠠᠨ ᠲᠥᠷᠥᠭᠳᠡᠯ ᠵᠶ᠋ᠡᠨ ᠶᠠᠷᠢᠵᠤ ᠂  ᠳᠤᠮᠳᠠᠳᠤ ᠤᠯᠤᠰ᠎ᠲᠠᠬᠢ ᠥᠩᠭᠡᠷᠡᠯᠲᠡ᠎ᠪᠠᠨ ᠥᠨᠢᠳᠡ ᠮᠠᠷᠲᠠᠬᠤ ᠦᠭᠡᠢ ᠂  ᠳᠤᠮᠳᠠᠳᠤ ᠤᠯᠤᠰ᠎ᠯᠤᠭ᠎ᠠ ᠵᠢᠨ ᠬᠠᠢ᠌ᠷ᠎ᠠ ᠰᠡᠳᠬᠢᠯᠭᠡ᠎ᠪᠠᠨ ᠡᠭᠦᠷᠢᠳᠡ ᠨᠠᠨᠳᠢᠩᠨᠠᠵᠤ ᠂  ᠳᠤᠮᠳᠠᠳᠤ ᠤᠯᠤᠰ ᠪᠣᠯᠣᠨ ᠥᠪᠡᠷ᠎ᠤᠨ ᠵᠶ᠋ᠡᠨ ᠤᠯᠤᠰ᠎ᠤᠨ ᠨᠥᠬᠥᠷᠯᠡᠯ᠎ᠢ ᠵᠤᠵᠠᠭ᠋ᠠᠳᠬᠠᠬᠤ ᠡᠯᠴᠢ ᠪᠤᠯᠬᠤ᠎ᠪᠠᠷ ᠴᠢᠷᠮᠠᠢ᠌ᠨ᠎ᠠ ᠭᠡᠵᠦ ᠢᠯᠡᠳᠬᠡᠵᠡᠢ ᠃

 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠦᠶᠡᠷ᠎ᠢ ᠰᠡᠷᠭᠡᠢ᠌ᠯᠡᠵᠦ ᠭᠠᠮᠰᠢᠭ᠎ᠠᠴᠠ ᠠᠪᠤᠷᠠᠬᠤ ᠠᠵᠢᠯ᠎ᠳᠤ ᠴᠢᠬᠤᠯᠠ ᠵᠢᠭ᠋ᠠᠪᠤᠷᠢ ᠥᠭᠴᠦ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ᠎ᠪᠠᠨ ᠴᠢᠩᠭ᠋ᠠᠳᠬᠠᠵᠤ ᠵᠥᠪᠳᠡᠯᠴᠡᠵᠦ ᠰᠤᠳᠤᠯᠤᠨ ᠮᠠᠭ᠋ᠠᠳᠯᠠᠬᠤ᠎ᠪᠠᠨ ᠴᠢᠩᠭ᠋ᠠᠳᠬᠠᠵᠤ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠭᠦ ᠠᠵᠢᠯ᠎ᠢ ᠰᠠᠢ᠌ᠲᠤᠷ ᠬᠢᠵᠦ ᠠᠷᠠᠳ ᠲᠦᠮᠡᠨ᠎ᠤ ᠠᠮᠢ ᠨᠠᠰᠤ ᠪᠠ ᠡᠳ᠋ ᠬᠥᠷᠥᠩᠭᠡ ᠵᠢᠨ ᠠᠮᠤᠷ ᠲᠦᠪᠰᠢᠨ᠎ᠢ ᠪᠠᠲᠤᠯᠠᠬᠤ ᠵᠢ ᠦᠨᠡᠨ ᠬᠦ᠌ ᠲᠡᠷᠢᠭᠦᠨ᠎ᠳᠤ ᠲᠠᠯᠪᠢᠵᠤ ᠡᠯ᠎ᠡ ᠲᠥᠷᠥᠯ᠎ᠤᠨ ᠬᠣᠬᠢᠷᠠᠯ᠎ᠢ ᠬᠠᠮᠤᠭ᠎ᠤᠨ ᠳᠣᠣᠷ᠎ᠠ ᠬᠡᠮᠵᠢᠶᠡᠨ᠎ᠳᠤ ᠭᠦᠷᠲᠡᠯ᠎ᠡ ᠪᠠᠭᠤᠷᠠᠭᠤᠯᠬᠤ᠎ᠪᠠᠷ ᠴᠢᠷᠮᠠᠢ᠌ᠬᠤ ᠬᠡᠷᠡᠭᠲᠡᠢ ᠭᠡᠵᠦ ᠱᠠᠭ᠋ᠠᠷᠳᠠᠪᠠ
ᠰᠢ ᠵᠢᠨ ᠫᠢᠩ ᠳᠤᠮᠳᠠᠳᠤ ᠠᠨᠭ᠌ᠭ᠍ᠯᠢ ᠵᠢᠨ ᠠᠷᠠᠯᠵᠢᠶᠠᠨ᠎ᠤ 《ᠮᠥᠰᠥ ᠬᠠᠭ᠋ᠠᠯᠬᠤ ᠠᠶᠠᠯᠠᠯ》᠎ᠤᠨ 70 ᠵᠢᠯ᠎ᠤᠨ ᠤᠢ ᠵᠢᠨ ᠠᠵᠢᠯᠯᠠᠭ᠎ᠠ᠎ᠳᠤ ᠪᠠᠶᠠᠷ᠎ᠤᠨ ᠵᠠᠬᠢᠳᠠᠯ ᠢᠯᠡᠭᠡᠪᠡ
ᠰᠢ ᠵᠢᠨ ᠫᠢᠩ ᠵᠢᠶᠠᠩᠰᠤ᠎ᠳᠤ ᠰᠢᠨᠵᠢᠯᠡᠨ ᠪᠠᠢ᠌ᠴᠠᠭ᠋ᠠᠬᠤ᠎ᠳᠠᠭᠠᠨ ᠴᠢᠬᠤᠯᠠᠴᠢᠯᠠᠭᠰᠠᠨ᠎ᠨᠢ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢ ᠠᠬᠢᠭᠤᠯᠬᠤ ᠳᠤᠮᠳᠠ ᠬᠣᠰᠢᠭᠤᠷᠠᠨ ᠵᠢᠱ᠌ᠢᠶ᠎ᠡ ᠦᠵᠡᠭᠦᠯᠵᠦ 《ᠬᠦᠴᠦᠷᠬᠡᠭ ᠪᠠᠶᠠᠨ ᠴᠢᠨᠡᠭᠡᠯᠢᠭ ᠦᠵᠡᠰᠬᠦᠯᠡᠩᠲᠦ ᠰᠠᠢ᠌ᠬᠠᠨ ᠪᠣᠯᠪᠠᠰᠤᠨ》 ᠰᠢᠨ᠎ᠡ ᠵᠢᠶᠠᠩᠰᠤ ᠵᠢᠨ ᠣᠳᠣᠬᠢᠴᠢᠯᠠᠬᠤ ᠪᠦᠲᠦᠭᠡᠨ ᠪᠠᠢ᠌ᠭᠤᠯᠤᠯᠲᠠ ᠵᠢᠨ ᠰᠢᠨ᠎ᠡ ᠬᠠᠭᠤᠳᠠᠰᠤ ᠵᠢ ᠪᠢᠴᠢᠭᠯᠡᠬᠦ ᠬᠡᠷᠡᠭᠲᠡᠢ ᠼᠠᠢ ᠴᠢ ᠪᠠᠷ᠎ᠠ ᠪᠣᠯᠵᠤ ᠰᠢᠨᠵᠢᠯᠡᠨ ᠪᠠᠢ᠌ᠴᠠᠭ᠋ᠠᠪᠠ
ᠰᠢ ᠵᠢᠨ ᠫᠢᠩ ᠪᠦᠭᠦ ᠪᠥᠮᠪᠥᠷᠴᠡᠭ᠎ᠤᠨ ᠬᠠᠮᠲᠤ᠎ᠪᠠᠷ ᠡᠳ᠋ᠯᠡᠬᠦ ᠬᠥᠭᠵᠢᠯᠲᠡ ᠵᠢᠨ ᠠᠵᠢᠯᠯᠠᠭ᠎ᠠ ᠵᠢᠨ ᠶᠠᠷᠢᠶᠠᠨ᠎ᠤ ᠲᠠᠪᠴᠠᠩ᠎ᠤᠨ ᠠᠩᠬᠠᠳᠤᠭ᠋ᠠᠷ ᠬᠤᠭᠤᠴᠠᠭ᠋ᠠᠨ᠎ᠤ ᠳᠡᠭᠡᠳᠦ ᠲᠡᠰ᠎ᠤᠨ ᠬᠤᠷᠠᠯ᠎ᠳᠤ ᠪᠠᠶᠠᠷ᠎ᠤᠨ ᠵᠠᠬᠢᠳᠠᠯ ᠢᠯᠡᠭᠡᠪᠡ
ᠰᠢ ᠵᠢᠨ ᠫᠢᠩ ᠰᠤᠯᠤᠮᠤᠨ ᠣᠯᠲᠣᠷᠢᠭ᠎ᠤᠨ ᠶᠡᠷᠦᠩᠬᠡᠢ ᠰᠠᠢ᠌ᠳ ᠰᠦᠸᠸᠵᠢᠶᠠᠸᠠᠯᠸᠢ᠎ᠲᠠᠢ ᠠᠭᠤᠯᠵᠠᠪᠠ
 
            