《ᠪᠡᠭᠡᠵᠢᠩ᠎ᠤᠨ ᠡᠮᠴᠢ ᠬᠠᠷᠢᠭ᠋ᠠᠳ ᠢᠷᠡᠯ᠎ᠡ!》 ᠭᠡᠵᠦ 7 ᠰᠠᠷ᠎ᠠ ᠵᠢᠨ 25᠎ᠤ ᠡᠳᠦᠷ ᠂ ᠠᠤᠬᠠᠨ ᠬᠣᠰᠢᠭᠤᠨ᠎ᠤ ᠮᠣᠩᠭᠣᠯ ᠬᠢᠲᠠᠳ ᠡᠮᠨᠡᠯᠭᠡ ᠵᠢᠨ ᠬᠣᠷᠢᠶᠠᠨ᠎ᠤ ᠸᠢᠴᠠᠲ᠎ᠤᠨ ᠨᠡᠶ᠋ᠢᠲᠡ ᠵᠢᠨ ᠳ᠋ᠤᠭ᠋ᠠᠷ ᠳᠡᠭᠡᠷᠡᠬᠢ 《 ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶᠠᠨ᠎ᠤ ᠲᠤᠰᠬᠠᠢ ᠮᠡᠷᠭᠡᠵᠢᠯᠲᠡᠨ ᠮᠠᠨ᠎ᠤ ᠬᠣᠷᠢᠶᠠᠨ᠎ᠳᠤ ᠢᠷᠡᠵᠦ ᠡᠮᠨᠡᠭᠦᠯᠪᠡ 》 ᠭᠡᠰᠡᠨ ᠮᠡᠳᠡᠭᠡ ᠨᠡᠢ᠌ᠲᠡᠯᠡᠭᠳᠡᠮᠡᠭᠴᠡ ᠂ ᠤᠩᠰᠢᠯᠭ᠎ᠠ ᠵᠢᠨ ᠬᠡᠮᠵᠢᠶ᠎ᠡ ᠮᠠᠰᠢ ᠲᠦᠷᠭᠡᠨ ᠵᠶ᠋ᠡᠷ ᠨᠡᠮᠡᠭᠳᠡᠵᠦ ᠂ ᠰᠢᠨ᠎ᠡ ᠬᠠᠭᠤᠴᠢᠨ ᠡᠪᠡᠳᠴᠢᠲᠡᠨ ᠥᠪᠡᠷ᠎ᠤᠨ ᠲᠠᠨᠢᠯ ᠳᠠᠰᠤᠯ ᠨᠡᠷ᠎ᠡ᠎ᠪᠠᠨ ᠡᠷᠢᠵᠦ ᠪᠠᠢ᠌ᠨ᠎ᠠ ᠂ ᠹᠧᠩ ᠰᠢᠤᠸᠠᠢ ᠬᠥᠩ ᠂ ᠢᠦᠢ ᠸᠸᠨ ᠂ ᠬᠥ᠋ ᠴᠢᠶᠦ᠋ᠨ ᠶᠢᠩ ᠂ ᠡᠷᠬᠢᠮ ᠳᠡᠭᠡᠳᠦ ᠁ ᠨᠢᠭᠡ ᠨᠢᠭᠡ᠎ᠪᠠᠷ ᠭᠢᠯᠠᠯᠵᠠᠭᠰᠠᠨ ᠨᠡᠷ᠎ᠡ ᠂ ᠨᠢᠭᠡ ᠵᠦᠢ᠍ᠯ᠎ᠤᠨ ᠲᠤᠰᠠᠲᠠᠢ ᠵᠣᠷ ᠂ ᠥᠩᠭᠡᠷᠡᠭᠰᠡᠨ ᠲᠠᠪᠤᠨ ᠵᠢᠯ᠎ᠳᠤ ᠲᠠᠳᠠ ᠠᠤᠬᠠᠨ ᠬᠣᠰᠢᠭᠤᠨ᠎ᠤ ᠤᠷᠠᠨ ᠠᠷᠭ᠎ᠠ᠎ᠳᠤ ᠥᠷᠥᠰᠢᠶᠡᠯ ᠦᠵᠡᠭᠦᠯᠵᠦ ᠂ ᠬᠡᠳᠦᠨ ᠮᠢᠩᠭ᠎ᠠ ᠲᠦᠮᠡᠨ ᠠᠤᠬᠠᠨ ᠬᠥᠮᠥᠨ᠎ᠤ ᠵᠣᠪᠠᠭᠤᠷᠢ ᠵᠦᠳᠡᠭᠦᠷᠢ ᠵᠢ ᠠᠷᠢᠯᠭ᠋ᠠᠨ ᠵᠣᠪᠠᠭ᠋ᠠᠭᠰᠠᠨ ᠪᠠᠢ᠌ᠨ᠎ᠠ ᠃ ᠢ ᠤᠩᠰᠢᠯᠭ᠎ᠠ ᠵᠢᠨ ᠬᠡᠮᠵᠢᠶ᠎ᠡ ᠮᠠᠰᠢ ᠲᠦᠷᠭᠡᠨ ᠨᠡᠮᠡᠭᠳᠡᠵᠦ ᠂ ᠥᠩᠭᠡᠷᠡᠭᠰᠡᠨ ᠲᠠᠪᠤᠨ ᠵᠢᠯ᠎ᠳᠤ ᠲᠠᠳᠠ ᠠᠤᠬᠠᠨ ᠬᠣᠰᠢᠭᠤᠨ᠎ᠤ ᠤᠷᠠᠨ ᠠᠷᠭ᠎ᠠ᠎ᠳᠤ ᠥᠷᠥᠰᠢᠶᠡᠯ ᠦᠵᠡᠭᠦᠯᠵᠦ᠂ ᠠᠤᠬᠠᠨ ᠬᠥᠮᠥᠨ᠎ᠤ ᠵᠣᠪᠠᠭᠤᠷᠢ ᠵᠦᠳᠡᠭᠦᠷᠢ ᠵᠢ ᠠᠷᠢᠯᠭ᠋ᠠᠵᠤ ᠥᠭᠭᠦᠭᠰᠡᠨ ᠪᠠᠢ᠌ᠨ᠎ᠠ ᠃ ᠤᠳᠤᠨ ᠤᠩᠰᠢᠯᠭ᠎ᠠ ᠵᠢᠨ ᠬᠡᠮᠵᠢᠶ᠎ᠡ ᠮᠠᠰᠢ ᠲᠦᠷᠭᠡᠨ ᠨᠡᠮᠡᠭᠳᠡᠵᠦ ᠂ ᠥᠩᠭᠡᠷᠡᠭᠰᠡᠨ ᠲᠠᠪᠤᠨ ᠵᠢᠯ᠎ᠤᠨ ᠬᠤᠭᠤᠴᠠᠭ᠋ᠠᠨ᠎ᠳᠤ ᠠᠤᠬᠠᠨ ᠬᠣᠰᠢᠭᠤᠨ᠎ᠤ ᠦᠢ ᠣᠯᠠᠨ ᠬᠥᠮᠥᠰ᠎ᠤᠨ ᠵᠣᠪᠠᠭᠤᠷᠢ ᠵᠦᠳᠡᠭᠦᠷᠢ ᠵᠢ ᠠᠷᠢᠯᠭ᠋ᠠᠪᠠ ᠃
ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶᠠᠨ᠎ᠤ ᠲᠤᠰᠬᠠᠢ ᠮᠡᠷᠭᠡᠵᠢᠯᠲᠡᠨ ᠬᠦᠷᠴᠦ ᠢᠷᠡᠭᠰᠡᠨ᠎ᠤ ᠳᠠᠷᠠᠭ᠎ᠠ ᠂ ᠲᠡᠷᠡ ᠳᠠᠷᠤᠢ᠎ᠳᠤ᠎ᠨᠢ ᠠᠤᠬᠠᠨ ᠬᠣᠰᠢᠭᠤᠨ᠎ᠤ ᠬᠢᠲᠠᠳ ᠡᠮᠨᠡᠯᠭᠡ ᠵᠢᠨ ᠮᠣᠩᠭᠣᠯ ᠡᠮᠨᠡᠯᠭᠡ ᠵᠢᠨ ᠬᠣᠷᠢᠶ᠎ᠠ᠎ᠲᠠᠢ ᠠᠵᠢᠯ ᠲᠥᠷᠥᠯ᠎ᠤᠨ ᠰᠢᠰᠲ᠋ᠧᠮ ᠵᠶ᠋ᠡᠷ ᠵᠶ᠋ᠡᠨ ᠬᠠᠪᠰᠤᠷᠤᠨ ᠲᠡᠳᠬᠦᠬᠦ ᠶᠠᠪᠤᠳᠠᠯ᠎ᠢ ᠵᠣᠯᠭ᠋ᠠᠭᠤᠯᠪᠠ ; ᠳᠠᠷᠠᠭ᠎ᠠ ᠡᠳᠦᠷ᠎ᠨᠢ ᠂ ᠬᠣᠶᠠᠷ ᠡᠳᠦᠷ᠎ᠤᠨ ᠬᠤᠭᠤᠴᠠᠭ᠎ᠠ᠎ᠲᠠᠢ ᠬᠥᠳᠡᠭᠡ ᠲᠣᠰᠬᠣᠨ᠎ᠳᠤ ᠡᠮᠴᠢᠯᠡᠭᠦᠯᠬᠦ ᠠᠵᠢᠯᠯᠠᠭ᠎ᠠ ᠠᠤᠬᠠᠨ ᠬᠣᠰᠢᠭᠤᠨ᠎ᠤ ᠰᠢᠨ ᠬᠣᠶ ᠪᠠᠯᠭ᠋ᠠᠰᠤᠨ᠎ᠤ ᠬᠣᠩ ᠨᠢᠶᠠᠩ ᠭᠧᠦ ᠲᠣᠰᠬᠣᠨ ᠂ ᠰᠢᠶᠠ ᠸᠠ ᠪᠠᠯᠭ᠋ᠠᠰᠤᠨ᠎ᠤ ᠲᠠᠯ᠎ᠠ ᠨᠤᠲᠤᠭ᠎ᠤᠨ ᠲᠣᠰᠬᠣᠨ ᠵᠡᠷᠭᠡ ᠬᠥᠳᠡᠭᠡ ᠲᠣᠰᠬᠣᠨ᠎ᠳᠤ ᠶᠠᠪᠤᠭᠳᠠᠵᠠᠢ ᠃
2017 ᠣᠨ᠎ᠠᠴᠠ ᠨᠠᠰᠢ᠂ ᠡᠢ᠌ᠮᠦᠷᠬᠦ ᠵᠣᠯᠭ᠋ᠠᠭᠤᠯᠬᠤ ᠬᠤᠷᠠᠯ᠎ᠢ ᠵᠢᠯ ᠪᠦᠷᠢ ᠨᠢᠭᠡ ᠬᠣᠶᠠᠷ ᠤᠳᠠᠭ᠎ᠠ ᠬᠤᠷᠠᠯᠳᠤᠭᠤᠯᠬᠤ ᠵᠢᠨ ᠬᠠᠮᠲᠤ ᠠᠯᠢ ᠤᠯᠠᠨ ᠴᠢᠬᠤᠯᠠ ᠦᠷ᠎ᠡ ᠪᠦᠲᠦᠭᠡᠯ᠎ᠢ ᠪᠦᠷᠢᠯᠳᠦᠭᠦᠯᠪᠡ; ᠡᠭᠦᠨ᠎ᠲᠠᠢ ᠠᠳᠠᠯᠢ᠎ᠪᠠᠷ ᠂ ᠠᠯᠪᠠᠨ ᠵᠢᠷᠤᠮ᠎ᠤᠨ ᠡᠮᠴᠢᠯᠡᠭᠡᠨ᠎ᠤ ᠠᠵᠢᠯᠯᠠᠭ᠎ᠠ᠎ᠨᠢ ᠦᠷᠭᠦᠯᠵᠢ ᠬᠥᠳᠡᠭᠡ ᠲᠣᠰᠬᠣᠨ᠎ᠳᠤ ᠬᠦᠷᠴᠦ ᠂ ᠠᠤᠬᠠᠨ ᠬᠣᠰᠢᠭᠤᠨ᠎ᠤ ᠨᠤᠲᠤᠭ᠎ᠤᠨ ᠠᠬ᠎ᠠ ᠳᠡᠭᠦᠦ ᠨᠠᠷ᠎ᠲᠤ ᠴᠠᠭ᠎ᠤᠨ ᠪᠣᠷᠣᠭ᠋ᠠᠨ᠎ᠢ ᠬᠦᠷᠭᠡᠵᠦ ᠥᠭᠲᠡᠭ ᠃
ᠲᠣᠰ ᠤᠳᠠᠭ᠋ᠠᠨ᠎ᠤ ᠠᠤᠬᠠᠨ᠎ᠳᠠᠬᠢ ᠠᠶ᠋ᠢᠯᠴᠢᠯᠠᠯᠲᠠ ᠪᠣᠯ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶ᠎ᠠ ᠵᠢᠨ ᠲᠤᠰᠢᠶᠠᠯ ᠠᠴᠠ᠎ᠪᠠᠨ ᠰᠠᠯᠤᠭᠰᠠᠨ ᠴᠢᠳᠠᠪᠤᠷᠢᠲᠠᠨ᠎ᠤ ᠬᠠᠷᠢᠭᠤ ᠰᠤᠷᠪᠤᠯᠵᠢᠯᠠᠬᠤ ᠲᠣᠭᠲᠠᠴᠠ ᠵᠢ ᠰᠦᠪᠡᠭᠴᠢᠯᠡᠨ ᠪᠠᠢ᠌ᠭᠤᠯᠤᠭᠰᠠᠨ ᠨᠢᠭᠡ ᠤᠳᠠᠭ᠋ᠠᠨ᠎ᠤ ᠠᠮᠢᠳᠤᠯᠢᠭ ᠦᠢ᠍ᠯᠡᠳᠦᠯᠭᠡ ᠪᠣᠯᠣᠨ᠎ᠠ ᠃
ᠠᠤᠬᠠᠨ ᠬᠣᠰᠢᠭᠤᠨ᠎ᠤ ᠰᠣᠶᠣᠯ᠎ᠤᠨ ᠰᠠᠭᠤᠷᠢ ᠡᠯᠪᠡᠭ ᠪᠣᠯᠪᠠᠴᠤ ᠭᠠᠵᠠᠷ ᠵᠦᠢ ᠵᠢᠨ ᠣᠷᠴᠢᠨ ᠲᠣᠭᠣᠷᠢᠨ ᠵᠡᠷᠭᠡ ᠬᠦᠴᠦᠨ ᠵᠦᠢ᠍ᠯ᠎ᠳᠤ ᠬᠢᠵᠠᠭ᠋ᠠᠷᠯᠠᠭᠳᠠᠵᠤ ᠂ ᠡᠮ ᠡᠮᠨᠡᠯᠭᠡ ᠵᠢᠨ ᠡᠬᠢ ᠪᠠᠶᠠᠯᠢᠭ ᠵᠶ᠋ᠠᠷ ᠳᠤᠲᠠᠮᠠᠭ ᠪᠠᠢ᠌ᠳᠠᠭ ᠃ ᠠᠤᠬᠠᠨ ᠬᠣᠰᠢᠭᠤᠨ᠎ᠤ ᠡᠮ ᠡᠮᠨᠡᠯᠭᠡ ᠵᠢᠨ ᠬᠢᠷᠢ ᠲᠦᠪᠰᠢᠨ᠎ᠢ ᠦᠨᠳᠦᠰᠦᠨ᠎ᠠᠴᠠ᠎ᠨᠢ ᠳᠡᠭᠡᠭᠰᠢᠯᠡᠭᠦᠯᠬᠦ ᠵᠢᠨ ᠵᠠᠩᠭᠢᠯᠠᠭ᠎ᠠ᠎ᠨᠢ ᠨᠢᠭᠡ ᠪᠦᠯᠦᠭ ᠰᠢᠯᠢᠳᠡᠭ ᠡᠮ ᠡᠮᠨᠡᠯᠭᠡ ᠵᠢᠨ ᠦᠢ᠍ᠯᠡᠴᠢᠯᠡᠭᠡᠨ᠎ᠤ ᠡᠩᠨᠡᠭᠡ ᠵᠢ ᠬᠥᠮᠥᠵᠢᠭᠦᠯᠦᠨ ᠪᠠᠶ᠋ᠢᠭᠤᠯᠬᠤ᠎ᠳᠤ ᠪᠣᠶ᠃ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶ᠎ᠠ ᠴᠢᠳᠠᠪᠤᠷᠢᠲᠠᠨ᠎ᠤ ᠳᠣᠲᠣᠷ᠎ᠠ᠎ᠠᠴᠠ ᠰᠢᠯᠢᠳᠡᠭ᠎ᠢ᠎ᠨᠢ ᠰᠣᠩᠭᠣᠨ ᠲᠤᠰᠠᠯᠠᠬᠤ ᠵᠢ ᠪᠠᠷᠢᠮᠲᠠᠯᠠᠵᠤ ᠂ ᠤᠷᠢᠳ ᠬᠣᠵᠢᠳ 14 ᠴᠢᠳᠠᠪᠤᠷᠢᠲᠠᠨ᠎ᠢ ᠠᠤᠬᠠᠨ ᠬᠣᠰᠢᠭᠤᠨ᠎ᠤ ᠮᠣᠩᠭᠣᠯ ᠬᠢᠲᠠᠳ ᠡᠮᠨᠡᠯᠭᠡ ᠵᠢᠨ ᠬᠣᠷᠢᠶᠠᠨ᠎ᠳᠤ ᠲᠣᠮᠢᠯᠠᠨ ᠠᠵᠢᠯ ᠥᠷᠨᠢᠭᠦᠯᠵᠦ ᠂ ᠲᠤᠰᠠᠯᠠᠨ ᠲᠣᠮᠢᠯᠠᠬᠤ ᠴᠢᠳᠠᠪᠤᠷᠢᠲᠠᠨ᠎ᠤ ᠡᠩᠨᠡᠭᠡ ᠵᠢᠨ ᠪᠦᠲᠦᠴᠡ ᠲᠠᠰᠤᠷᠠᠯᠲᠠ ᠦᠭᠡᠢ ᠵᠣᠬᠢᠰᠲᠠᠢ ᠰᠢᠯᠢᠳᠡᠭᠵᠢᠵᠦ ᠂ ᠵᠠᠯᠠᠭᠤ ᠴᠢᠳᠠᠪᠤᠷᠢᠲᠠᠨ ᠂ ᠥᠨᠳᠥᠷ ᠰᠤᠷᠤᠯᠭ᠎ᠠ ᠵᠢᠨ ᠨᠠᠮᠲᠠᠷ᠎ᠲᠠᠢ ᠪᠠ ᠥᠨᠳᠥᠷ ᠮᠡᠷᠭᠡᠵᠢᠯ᠎ᠤᠨ ᠴᠣᠯᠠ᠎ᠲᠠᠢ ᠴᠢᠳᠠᠪᠤᠷᠢᠲᠠᠨ᠎ᠤ ᠬᠠᠷᠢᠴᠠᠯ ᠤᠯᠠᠮ ᠵᠶ᠋ᠠᠷ ᠨᠡᠮᠡᠭᠳᠡᠵᠦ ᠂ ᠲᠤᠰᠬᠠᠢ ᠮᠡᠷᠭᠡᠵᠢᠯ᠎ᠤᠨ ᠬᠦᠷᠢᠶ᠎ᠡ ᠬᠡᠪᠴᠢᠶ᠎ᠡ᠎ᠨᠢ ᠨᠠᠩ ᠥᠷᠭᠡᠨ ᠳᠡᠯᠭᠡᠷ ᠪᠣᠯᠵᠤ ᠂ ᠵᠡᠭᠦᠦ ᠲᠥᠭᠡᠨᠡᠯᠭᠡ ᠵᠢᠨ ᠰᠠᠯᠠᠭ᠎ᠠ ᠂ ᠠᠮᠠᠨ ᠬᠥᠨᠳᠡᠢ ᠵᠢᠨ ᠰᠠᠯᠠᠭ᠎ᠠ ᠂ ᠵᠢᠷᠦᠬᠡ ᠴᠢᠰᠤᠨ ᠰᠤᠳᠠᠯ᠎ᠤᠨ ᠳᠣᠲᠣᠷ ᠰᠠᠯᠠᠭ᠎ᠠ ᠂ ᠭᠠᠳᠠᠷ ᠰᠠᠯᠠᠭ᠎ᠠ ᠂ ᠰᠠᠴᠤᠷᠠᠭ᠎ᠤᠨ ᠰᠠᠯᠠᠭ᠎ᠠ ᠵᠡᠷᠭᠡ ᠬᠢᠲᠠᠳ ᠡᠸᠦ᠋ᠷᠦᠫᠡ ᠡᠮᠨᠡᠯᠭᠡ ᠵᠢᠨ ᠣᠯᠠᠨ ᠲᠥᠷᠥᠯ᠎ᠤᠨ ᠡᠮᠴᠢᠯᠡᠭᠡᠨ᠎ᠤ ᠲᠤᠰᠬᠠᠢ ᠮᠡᠷᠭᠡᠵᠢᠯ᠎ᠤᠨ ᠰᠠᠯᠠᠭ᠎ᠠ ᠲᠠᠰᠤᠭ ᠪᠤᠶᠤ ᠡᠮᠴᠢᠯᠡᠭᠡᠨ᠎ᠤ ᠮᠡᠷᠭᠡᠵᠢᠯ᠎ᠤᠨ ᠲᠠᠰᠤᠭ᠎ᠤᠨ ᠲᠤᠰᠬᠠᠢ ᠮᠡᠷᠭᠡᠵᠢᠯ᠎ᠤᠨ ᠴᠢᠳᠠᠪᠤᠷᠢᠲᠠᠨ᠎ᠨᠢ ᠠᠤᠬᠠᠨ ᠬᠣᠰᠢᠭᠤᠨ᠎ᠤ ᠬᠢᠲᠠᠳ ᠡᠮᠨᠡᠯᠭᠡ ᠵᠢᠨ ᠮᠣᠩᠭᠣᠯ ᠡᠮᠨᠡᠯᠭᠡ ᠵᠢᠨ ᠬᠣᠷᠢᠶ᠎ᠠ᠎ᠳᠤ ᠲᠡᠷᠢᠭᠦᠨ᠎ᠤ ᠡᠮᠴᠢᠯᠡᠭᠡᠨ᠎ᠤ ᠮᠡᠷᠭᠡᠵᠢᠯ ᠡᠮᠴᠢᠯᠡᠭᠡᠨ᠎ᠤ ᠵᠦᠢ ᠵᠢ ᠠᠪᠴᠢᠷᠠᠭᠰᠠᠨ ᠪᠠᠢ᠌ᠨ᠎ᠠ ᠃ ᠠᠤᠬᠠᠨ ᠬᠣᠰᠢᠭᠤᠨ᠎ᠳᠤ ᠣᠴᠢᠵᠤ ᠥᠩᠭᠡᠷᠡᠭᠰᠡᠨ ᠲᠤᠰᠠᠯᠠᠬᠤ ᠪᠦᠯᠦᠭ᠎ᠤᠨ ᠴᠢᠳᠠᠪᠤᠷᠢᠲᠠᠨ ᠪᠦᠬᠦᠨ ᠲᠤᠰᠠᠯᠠᠬᠤ ᠪᠦᠯᠦᠭ᠎ᠤᠨ ᠴᠠᠭ᠎ᠨᠢ ᠣᠷᠳᠣ ᠣᠬᠣᠷ᠎ᠢ ᠬᠠᠮᠢᠶᠠᠷᠤᠯ ᠦᠭᠡᠢ᠎ᠪᠠᠷ ᠴᠥᠮ ᠣᠪᠣᠷ ᠵᠶ᠋ᠠᠨ ᠳᠠᠷᠤᠵᠤ ᠂ ᠰᠡᠳᠬᠢᠯ ᠰᠠᠨᠠᠭ᠎ᠠ᠎ᠪᠠᠨ ᠲᠣᠭᠲᠠᠭᠤᠨ ᠪᠠᠢ᠌ᠯᠭ᠋ᠠᠵᠤ ᠂ ᠨᠠᠷᠢᠨ ᠨᠢᠭᠲᠠ ᠲᠤᠰᠬᠠᠢ ᠮᠡᠷᠭᠡᠵᠢᠯ᠎ᠤᠨ ᠬᠢᠷᠢ ᠲᠦᠪᠰᠢᠨ ᠪᠠ ᠲᠦᠭᠡᠮᠡᠯ ᠬᠠᠢ᠌ᠷ᠎ᠠ ᠵᠢᠨ ᠠᠷᠠᠳ᠎ᠤᠨ ᠲᠥᠯᠥᠭᠡ ᠵᠢᠳᠬᠦᠬᠦ ᠰᠡᠳᠬᠢᠯᠭᠡ᠎ᠪᠠᠷ ᠵᠶ᠋ᠡᠨ ᠠᠤᠬᠠᠨ ᠬᠥᠮᠥᠨ᠎ᠤ ᠴᠢᠩ ᠦᠨᠡᠨᠴᠢ ᠬᠠᠢ᠌ᠷ᠎ᠠ ᠰᠡᠳᠬᠢᠯᠭᠡ ᠵᠢ ᠣᠯᠳᠠᠭ ᠃ ᠯᠢ ᠮᠢᠩ ᠠᠢ ᠂ ᠰᠦᠨ ᠸᠧᠢ ᠰᠢᠩ ᠂ ᠡᠷᠬᠢᠮ ᠳᠡᠭᠡᠳᠦ ᠵᠡᠷᠭᠡ ᠡᠮᠴᠢ ᠂ ᠲᠤᠰᠠᠯᠠᠬᠤ ᠪᠦᠯᠦᠭ᠎ᠤᠨ᠎ᠬᠢᠨ ᠪᠡᠭᠡᠵᠢᠩ᠎ᠳᠤ ᠪᠤᠴᠠᠵᠤ ᠢᠷᠡᠭᠰᠡᠨ᠎ᠤ ᠳᠠᠷᠠᠭ᠎ᠠ ᠠᠤᠬᠠᠨ ᠬᠣᠰᠢᠭᠤᠨ᠎ᠳᠤ ᠪᠠᠰᠠ ᠪᠠᠢ᠌ᠨ ᠪᠠᠢ᠌ᠨ ᠳᠤᠷᠠᠳᠤᠭᠳᠠᠵᠤ ᠪᠠᠢ᠌ᠪᠠ ᠂ ᠲᠠᠳᠠ ᠪᠠᠰᠠ ᠭᠠᠷᠠᠭ᠎ᠤᠨ ᠰᠡᠭᠦᠯᠴᠢ ᠵᠢᠨ ᠴᠠᠭ ᠵᠶ᠋ᠠᠨ ᠠᠰᠢᠭᠯᠠᠨ ᠠᠤᠬᠠᠨ ᠬᠣᠰᠢᠭᠤᠨ᠎ᠳᠤ ᠣᠯᠠᠨ ᠤᠳᠠᠭ᠎ᠠ ᠠᠯᠪᠠᠨ ᠵᠢᠷᠤᠮ᠎ᠤᠨ ᠡᠮᠴᠢᠯᠡᠭᠡᠨ᠎ᠤ ᠠᠵᠢᠯᠯᠠᠭ᠎ᠠ ᠥᠷᠨᠢᠭᠦᠯᠵᠦ ᠂ 《 ᠦᠷᠭᠦᠯᠵᠢᠯᠡᠨ ᠬᠠᠪᠰᠤᠷᠤᠨ ᠲᠡᠳᠬᠦᠵᠦ ᠂ ᠬᠤᠭᠤᠴᠠᠭ᠎ᠠ ᠠᠯᠤᠰᠯᠠᠨ ᠦᠢ᠍ᠯᠡᠴᠢᠯᠡᠬᠦ 》 ᠲᠤᠰᠢᠶᠠᠯ ᠠᠴᠠ᠎ᠪᠠᠨ ᠰᠠᠯᠤᠭᠰᠠᠨ ᠴᠢᠳᠠᠪᠤᠷᠢᠲᠠᠨ᠎ᠤ ᠬᠠᠷᠢᠭᠤ ᠰᠤᠷᠪᠤᠯᠵᠢᠯᠠᠬᠤ ᠲᠣᠭᠲᠠᠴᠠ᠎ᠨᠢ ᠲᠤᠬᠠᠢ ᠵᠢᠨ ᠭᠠᠵᠠᠷ᠎ᠤᠨ ᠣᠯᠠᠨ ᠲᠦᠮᠡᠨ᠎ᠤ ᠬᠠᠯᠠᠭᠤᠨ ᠬᠦᠷᠢᠶᠡᠯᠡᠯ᠎ᠢ ᠣᠯᠣᠭᠰᠠᠨ ᠪᠠᠢ᠌ᠨ᠎ᠠ ᠃
2021 ᠣᠨ᠎ᠤ 10 ᠰᠠᠷ᠎ᠠ ᠵᠢᠨ 14 ᠤ ᠡᠳᠦᠷ ᠪᠣᠯᠲᠠᠯ᠎ᠠ ᠂ ᠠᠮᠠᠨ ᠬᠥᠨᠳᠡᠢ ᠵᠢᠨ ᠰᠠᠯᠠᠭ᠋ᠠᠨ᠎ᠤ ᠡᠮᠴᠢ ᠡᠷᠬᠢᠮ ᠳᠡᠭᠡᠳᠦ ᠤᠷᠳᠤ ᠬᠤᠭᠤᠴᠠᠭ᠎ᠠ᠎ᠪᠠᠷ ᠡᠮᠨᠡᠯᠭᠡ᠎ᠳᠤ ᠰᠠᠭᠤᠵᠤ ᠬᠠᠪᠰᠤᠷᠤᠨ ᠲᠡᠳᠬᠦᠬᠦ ᠵᠢᠨ ᠬᠠᠮᠲᠤ᠂ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶ᠎ᠠ ᠪᠠᠰᠠ ᠵᠢᠷᠦᠬᠡᠨ᠎ᠤ ᠳᠣᠲᠣᠷ ᠰᠠᠯᠠᠭ᠎ᠠ᠂ ᠠᠮᠢᠰᠬᠤᠯ᠎ᠤᠨ ᠰᠠᠯᠠᠭ᠎ᠠ᠂ ᠰᠠᠴᠤᠷᠠᠭ᠎ᠤᠨ ᠰᠠᠯᠠᠭ᠋ᠠᠨ᠎ᠤ ᠲᠤᠰᠬᠠᠢ ᠮᠡᠷᠭᠡᠵᠢᠯᠲᠡᠨ᠎ᠢ ᠰᠣᠩᠭᠣᠨ ᠲᠣᠮᠢᠯᠠᠵᠤ ᠠᠤᠬᠠᠨ ᠬᠣᠰᠢᠭᠤᠨ᠎ᠳᠤ ᠬᠣᠶᠠᠷ ᠰᠠᠷ᠎ᠠ ᠵᠢᠨ ᠬᠤᠭᠤᠴᠠᠭ᠎ᠠ᠎ᠲᠠᠢ ᠬᠠᠪᠰᠤᠷᠤᠨ ᠲᠡᠳᠬᠦᠬᠦ ᠠᠵᠢᠯᠯᠠᠭ᠎ᠠ ᠥᠷᠨᠢᠭᠦᠯᠵᠡᠢ᠃
ᠬᠠᠪᠰᠤᠷᠤᠨ ᠲᠡᠳᠬᠦᠬᠦ ᠪᠠᠢ᠌ᠴᠠᠭ᠋ᠠᠨ ᠰᠤᠳᠤᠯᠤᠯᠲᠠ ᠵᠢ ᠵᠣᠯᠭ᠋ᠠᠭᠤᠯᠬᠤ ᠬᠤᠷᠠᠯ ᠳᠡᠭᠡᠷ᠎ᠡ᠂ ᠠᠤᠬᠠᠨ ᠬᠣᠰᠢᠭᠤᠨ᠎ᠤ ᠨᠠᠮ᠎ᠤᠨ ᠬᠣᠷᠢᠶᠠᠨ᠎ᠤ ᠪᠠᠢ᠌ᠩᠭᠤ ᠵᠢᠨ ᠭᠡᠰᠢᠭᠦᠨ ᠂ ᠬᠣᠰᠢᠭᠤᠨ᠎ᠤ ᠵᠠᠰᠠᠭ᠎ᠤᠨ ᠣᠷᠳᠣᠨ᠎ᠤ ᠳᠡᠳ᠋ ᠳᠠᠷᠤᠭ᠎ᠠ ᠸᠠᠩ ᠸᠸᠨ ᠽᠠᠨ ᠣᠲᠣ ᠪᠣᠯᠲᠠᠯ᠎ᠠ ᠴᠢᠬᠢᠨ᠎ᠳᠤ ᠰᠣᠨᠣᠰᠳᠠᠵᠤ ᠪᠠᠢ᠌ᠨ᠎ᠠ ᠃
《ᠦᠳᠡᠭᠦᠰ ᠨᠢᠯᠬᠠᠰ ᠵᠢᠴᠢ ᠰᠠᠶᠢᠬᠠᠨ ᠶᠠᠳᠠᠭᠤ ᠠᠴᠠ ᠠᠩᠭᠢᠵᠢᠷᠠᠭᠰᠠᠨ ᠬᠥᠮᠥᠨ ᠠᠮᠠ ᠵᠢᠨ ᠡᠷᠡᠭᠦᠯ ᠮᠡᠨᠳᠦ ᠵᠢᠨ ᠠᠰᠠᠭᠤᠳᠠᠯ ᠢ ᠣᠨᠴᠠᠭ᠋ᠠᠢ᠌ᠯᠠᠨ ᠠᠩᠬᠠᠷᠬᠤ ᠬᠡᠷᠡᠭᠲᠡᠢ》 ᠃
ᠡᠷᠡᠭᠦᠯ ᠬᠠᠮᠠᠭ᠋ᠠᠯᠠᠯ᠎ᠤᠨ ᠠᠵᠢᠯ᠎ᠢ ᠤᠷᠤᠭᠰᠢ ᠰᠢᠯᠵᠢᠭᠦᠯᠵᠦ᠂ ᠤᠷᠢᠳᠴᠢᠯᠠᠨ ᠰᠡᠷᠭᠡᠢ᠌ᠯᠡᠬᠦ ᠡᠷᠡᠭᠦᠯ ᠮᠡᠨᠳᠦ ᠵᠢ ᠬᠠᠮᠠᠭ᠋ᠠᠯᠠᠬᠤ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠤᠬᠠᠭᠤᠯᠭ᠎ᠠ ᠵᠢᠨ ᠠᠵᠢᠯ᠎ᠢ ᠰᠠᠢ᠌ᠲᠤᠷ ᠬᠢᠵᠦ᠂ ᠪᠠᠭ᠎ᠠ ᠡᠪᠡᠳᠴᠢᠨ᠎ᠠᠴᠠ ᠪᠣᠯᠵᠤ ᠬᠦᠨᠳᠦ ᠡᠪᠡᠳᠴᠢᠨ ᠪᠣᠯᠵᠤ᠂ ᠡᠪᠡᠳᠴᠢᠨ᠎ᠠᠴᠠ ᠪᠣᠯᠵᠤ ᠶᠠᠳᠠᠭᠤᠷᠠᠬᠤ᠎ᠠᠴᠠ ᠰᠡᠷᠭᠡᠢ᠌ᠯᠡᠬᠦ ᠬᠡᠷᠡᠭᠲᠡᠢ᠃
ᠬᠣᠶᠠᠷ ᠰᠠᠷ᠎ᠠ ᠵᠢᠨ ᠡᠮ ᠡᠮᠨᠡᠯᠭᠡ ᠵᠢᠨ ᠬᠠᠪᠰᠤᠷᠤᠨ ᠲᠡᠳᠬᠦᠬᠦ ᠶᠠᠪᠤᠴᠠ᠎ᠳᠤ᠂ ᠲᠤᠰᠠᠯᠠᠨ ᠲᠣᠮᠢᠯᠠᠭᠰᠠᠨ ᠺᠠᠳ᠋ᠷ ᠥᠷᠥᠰᠢᠶᠡᠯ ᠰᠡᠳᠬᠢᠯ ᠵᠶ᠋ᠡᠨ ᠦᠷᠭᠦᠯᠵᠢᠯᠡᠭᠦᠯᠵᠦ᠂ ᠦᠨᠡᠨ ᠰᠡᠳᠬᠢᠯ᠎ᠠᠴᠠ᠎ᠪᠠᠨ ᠬᠠᠪᠰᠤᠷᠤᠯᠴᠠᠵᠤ᠂ ᠲᠡᠳᠡ ᠡᠮᠨᠡᠯᠭᠡ ᠵᠢᠨ ᠬᠣᠷᠢᠶᠠᠨ᠎ᠤ ᠬᠠᠮᠢᠶᠠᠷᠤᠯᠲᠠ᠂ ᠴᠢᠳᠠᠪᠤᠷᠢᠲᠠᠨ᠎ᠢ ᠬᠥᠮᠥᠵᠢᠭᠦᠯᠬᠦ᠂ ᠰᠢᠨᠵᠢᠯᠡᠭᠡᠨ᠎ᠤ ᠰᠠᠯᠠᠭ᠎ᠠ ᠵᠢᠨ ᠪᠠᠢ᠌ᠭᠤᠯᠤᠯᠲᠠ᠂ ᠰᠢᠨ᠎ᠡ ᠮᠡᠷᠭᠡᠵᠢᠯ ᠰᠢᠨ᠎ᠡ ᠲᠦᠷᠦᠯ ᠵᠦᠢ᠍ᠯ᠎ᠢ ᠥᠷᠨᠢᠭᠦᠯᠬᠦ ᠵᠡᠷᠭᠡ ᠲᠠᠯ᠎ᠠ᠎ᠪᠠᠷ ᠠᠵᠢᠯ ᠵᠶ᠋ᠠᠨ ᠭᠦᠨᠵᠡᠭᠡᠢ ᠥᠷᠨᠢᠭᠦᠯᠦᠭᠰᠡᠨ ᠵᠶ᠋ᠡᠷ ᠪᠠᠷᠠᠬᠤ ᠦᠭᠡᠢ ᠪᠠᠰᠠ ᠠᠯᠤᠰ᠎ᠠᠴᠠ ᠬᠠᠮᠲᠤᠷᠠᠨ ᠣᠨᠣᠰᠢᠯᠠᠬᠤ᠂ ᠤᠯᠠᠨ ᠰᠢᠨᠵᠢᠯᠡᠭᠡᠨ᠎ᠤ ᠰᠠᠯᠠᠭ᠎ᠠ᠎ᠪᠠᠷ ᠬᠠᠮᠲᠤᠷᠠᠨ ᠣᠨᠣᠰᠢᠯᠠᠬᠤ᠂ ᠡᠪᠡᠳᠴᠢᠨ ᠡᠮᠭᠡᠭ᠎ᠢ ᠤᠷᠢᠳᠴᠢᠯᠠᠨ ᠰᠡᠷᠭᠡᠢ᠌ᠯᠡᠬᠦ ᠵᠡᠷᠭᠡ ᠲᠠᠯ᠎ᠠ᠎ᠪᠠᠷ ᠲᠣᠪᠣᠢ᠌ᠮ᠎ᠠ ᠠᠮᠵᠢᠯᠲᠠ ᠣᠯᠵᠠᠢ᠃ ᠮᠣᠩᠭᠣᠯ ᠡᠮᠨᠡᠯᠭᠡ ᠂ ᠬᠢᠲᠠᠳ ᠡᠮᠨᠡᠯᠭᠡ ᠂ ᠡᠸᠦ᠋ᠷᠦᠫᠡ ᠡᠮᠨᠡᠯᠭᠡ 《 ᠭᠤᠷᠪᠠᠨ ᠡᠮᠴᠢᠯᠡᠭᠡ ᠵᠢ ᠠᠭᠤᠰᠤᠯᠴᠠᠭᠤᠯᠬᠤ 》 ᠡᠮᠴᠢᠯᠡᠭᠡᠨ᠎ᠤ ᠦᠢ᠍ᠯᠡᠴᠢᠯᠡᠭᠡ ᠵᠢ ᠨᠡᠢ᠌ᠳᠡᠮ ᠪᠦᠷᠬᠦᠭᠦᠯᠵᠦ ᠂ ᠢᠦᠢ ᠸᠸᠨ ᠂ ᠸᠠᠩ ᠫᠧᠩ ᠂ ᠭᠣᠸ᠋ ᠴᠤᠸᠠᠩ ᠵᠡᠷᠭᠡ ᠡᠮᠴᠢ᠎ᠪᠠᠷ ᠪᠦᠷᠢᠯᠳᠦᠭᠰᠡᠨ ᠡᠮᠴᠢᠯᠡᠭᠡᠨ᠎ᠤ ᠬᠠᠪᠰᠤᠷᠤᠨ ᠲᠡᠳᠬᠦᠬᠦ ᠪᠦᠯᠬᠦᠮ ᠣᠯᠠᠨ ᠤᠳᠠᠭ᠎ᠠ ᠦᠨᠳᠦᠰᠦᠨ ᠱᠠᠲᠤᠨ᠎ᠳᠤ ᠭᠦᠨᠵᠡᠭᠡᠢ᠌ᠷᠡᠨ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠤᠬᠠᠭᠤᠯᠭ᠎ᠠ ᠬᠥᠮᠦᠵᠢᠯ ᠪᠠ ᠠᠯᠪᠠᠨ ᠵᠢᠷᠤᠮ᠎ᠤᠨ ᠡᠮᠴᠢᠯᠡᠭᠡᠨ᠎ᠤ ᠠᠵᠢᠯᠯᠠᠭ᠎ᠠ ᠵᠢ ᠥᠷᠨᠢᠭᠦᠯᠪᠡ ᠃ ᠲᠠᠳᠠ ᠣᠯᠠᠨ ᠲᠦᠮᠡᠨ᠎ᠳᠤ ᠡᠯ᠎ᠡ ᠲᠥᠷᠥᠯ᠎ᠤᠨ ᠲᠤᠰᠬᠠᠢ ᠮᠡᠷᠭᠡᠵᠢᠯ᠎ᠤᠨ ᠪᠠᠢ᠌ᠴᠠᠭ᠋ᠠᠯᠲᠠ ᠵᠢ ᠨᠢᠭᠡᠳ ᠨᠢᠭᠡ᠎ᠪᠠᠷ ᠬᠢᠵᠦ ᠂ ᠡᠯ᠎ᠡ ᠵᠦᠢ᠍ᠯ᠎ᠤᠨ ᠠᠰᠠᠭᠤᠳᠠᠯ᠎ᠢ ᠬᠦᠯᠢᠴᠡᠩᠭᠦᠢ᠎ᠪᠠᠷ ᠬᠠᠷᠢᠭᠤᠯᠵᠤ ᠂ ᠥᠪᠡᠷᠮᠢᠴᠡ ᠡᠮᠴᠢᠯᠡᠭᠡᠨ᠎ᠤ ᠰᠠᠨᠠᠭᠤᠯᠭ᠎ᠠ ᠳᠤᠷᠠᠳᠬᠤ ᠵᠢᠨ ᠬᠠᠮᠲᠤ 《 ᠤᠷᠢᠳᠴᠢᠯᠠᠨ ᠰᠡᠷᠭᠡᠢ᠌ᠯᠡᠬᠦ᠎ᠪᠠᠷ ᠭᠣᠣᠯ ᠪᠣᠯᠭ᠋ᠠᠬᠤ 》 ᠣᠢ᠌ᠯᠠᠭ᠋ᠠᠭᠳᠠᠬᠤᠨ᠎ᠢ ᠥᠷᠭᠡᠨ ᠵᠶ᠋ᠡᠷ ᠤᠬᠠᠭᠤᠯᠵᠤ ᠂ ᠠᠤᠬᠠᠨ ᠬᠣᠰᠢᠭᠤᠨ᠎ᠤ ᠣᠯᠠᠨ ᠲᠦᠮᠡᠨ᠎ᠢ ᠵᠥᠪ ᠣᠨᠣᠪᠴᠢᠲᠠᠶ ᠡᠪᠡᠳᠴᠢᠨ ᠦᠵᠡᠭᠦᠯᠬᠦ ᠤᠬᠠᠮᠰᠠᠷ᠎ᠲᠠᠢ ᠪᠣᠯᠭ᠋ᠠᠬᠤ᠎ᠪᠠᠷ ᠬᠥᠲᠥᠯᠥᠨ ᠵᠢᠯᠣᠭᠣᠳᠪᠠ ᠃ ᠠᠤᠬᠠᠨ ᠬᠥᠮᠥᠰ᠎ᠤᠨ ᠨᠡᠢ᠌ᠳᠡᠮ᠎ᠳᠡᠭᠡᠨ ᠳᠠᠪᠤᠰᠤ ᠶᠡᠬᠡᠲᠡᠢ ᠮᠢᠬ᠎ᠠ ᠶᠡᠬᠡᠲᠡᠢ ᠠᠮᠢᠳᠤᠷᠠᠯ᠎ᠤᠨ ᠳᠠᠳᠬᠠᠯ᠎ᠳᠤ ᠴᠢᠭᠯᠡᠭᠦᠯᠦᠨ ᠂ ᠬᠠᠪᠰᠤᠷᠤᠨ ᠲᠡᠳᠬᠦᠬᠦ ᠪᠦᠯᠬᠦᠮ᠎ᠤᠨ᠎ᠬᠢᠨ ᠬᠢᠲᠠᠳ ᠡᠮᠨᠡᠯᠭᠡ ᠵᠢᠨ ᠰᠤᠪᠢᠯᠠᠯᠲᠠ ᠵᠢᠨ ᠡᠮᠴᠢᠯᠡᠭᠡ ᠵᠢ ᠵᠦᠢ ᠵᠣᠬᠢᠰᠲᠠᠢ ᠥᠷᠨᠢᠭᠦᠯᠵᠦ ᠂ ᠣᠯᠠᠨ᠎ᠢ ᠬᠥᠲᠥᠯᠥᠨ ᠵᠢᠯᠤᠭᠣᠳᠴᠤ ᠪᠠᠢ᠌ᠭ᠋ᠠᠳ ᠢᠳᠡᠭᠡᠨ ᠤᠮᠳᠠᠭ᠋ᠠᠨ᠎ᠤ ᠪᠦᠲᠦᠴᠡ ᠵᠢ᠎ᠨᠢ ᠲᠣᠬᠢᠷᠠᠭᠤᠯᠬᠤ ᠵᠢᠨ ᠬᠠᠮᠲᠤ ᠡᠮᠴᠢ ᠵᠢᠨ ᠬᠤᠪᠢ ᠬᠥᠮᠥᠨ᠎ᠤ ᠸᠢᠴᠠᠲ᠎ᠢ ᠡᠪᠡᠳᠴᠢᠲᠡᠨ᠎ᠳᠤ ᠰᠠᠨᠠᠭ᠋ᠠᠴᠢᠯᠠᠭ᠎ᠠ ᠠᠴᠠ᠎ᠪᠠᠨ ᠬᠦᠷᠭᠡᠨ ᠥᠭᠴᠦ ᠂ ᠠᠤᠬᠠᠨ ᠬᠣᠰᠢᠭᠤᠨ᠎ᠤ ᠠᠬ᠎ᠠ ᠳᠡᠭᠦᠦ ᠨᠠᠷ᠎ᠲᠤ ᠬᠡᠵᠢᠶ᠎ᠡ ᠬᠠᠮᠢᠭ᠎ᠠ ᠴᠤ᠌ ᠭᠡᠰᠡᠨ ᠲᠤᠰᠬᠠᠢ ᠮᠡᠷᠭᠡᠵᠢᠯ᠎ᠤᠨ ᠵᠢᠯᠣᠭᠣᠳᠤᠯᠭ᠎ᠠ ᠬᠠᠩᠭ᠋ᠠᠬᠤ ᠵᠢᠨ ᠲᠥᠯᠥᠭᠡ ᠶᠤᠮ ᠃
ᠲᠠᠪᠤᠨ ᠵᠢᠯ᠎ᠤᠨ ᠲᠤᠷᠰᠢ᠂ ᠬᠣᠶᠠᠷ ᠭᠠᠵᠠᠷ᠎ᠤᠨ ᠡᠮᠨᠡᠯᠭᠡ ᠵᠢᠨ ᠬᠣᠷᠢᠶ᠎ᠠ ᠰᠢᠨᠵᠢᠯᠡᠬᠦ ᠤᠬᠠᠭ᠋ᠠᠨ ᠮᠡᠷᠭᠡᠵᠢᠯ ᠵᠶ᠋ᠡᠷ ᠴᠢᠳᠠᠪᠤᠷᠢ ᠣᠯᠭᠣᠵᠤ᠂ ᠭᠠᠷ ᠬᠣᠯᠪᠣᠨ ᠰᠢᠯᠢᠳᠡᠭ ᠡᠮᠴᠢᠯᠡᠭᠡᠨ᠎ᠤ ᠦᠢ᠍ᠯᠡᠴᠢᠯᠡᠭᠡ ᠵᠢ ᠴᠣᠭᠴᠠᠯᠠᠪᠠ᠃ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶᠠᠨ᠎ᠤ ᠨᠡᠢ᠌ᠰᠯᠡᠯ᠎ᠤᠨ ᠨᠠᠷᠠᠲᠤ ᠬᠢᠲᠠᠳ ᠡᠮᠴᠢ ᠂ ᠳᠣᠲᠣᠷ ᠪᠥᠭᠡᠷ᠎ᠡ ᠵᠢᠨ ᠳᠣᠲᠣᠷ ᠰᠠᠯᠠᠭ᠋ᠠᠨ᠎ᠤ ᠡᠷᠬᠢᠯᠡᠭᠴᠢ ᠯᠢ ᠵᠢᠶᠠᠨ ᠮᠢᠨ ᠂ ᠨᠡᠢ᠌ᠰᠯᠡᠯ᠎ᠤᠨ ᠨᠠᠷᠠᠲᠤ ᠬᠢᠲᠠᠳ ᠡᠮᠴᠢ ᠂ ᠲᠠᠷᠢᠬᠢᠨ ᠡᠪᠡᠳᠴᠢᠨ᠎ᠤ ᠰᠠᠯᠠᠭ᠋ᠠᠨ᠎ᠤ ᠡᠷᠬᠢᠯᠡᠭᠴᠢ ᠹᠧᠩ ᠰᠢᠤᠸᠠᠢ ᠬᠥᠩ ᠵᠡᠷᠭᠡ ᠨᠠᠷᠠᠲᠤ ᠡᠮᠴᠢ ᠵᠢᠨ ᠲᠤᠰᠬᠠᠢ ᠮᠡᠷᠭᠡᠵᠢᠯᠲᠡᠨ ᠬᠠᠷᠠᠭ᠋ᠠᠨ ᠳᠠᠪᠲᠠᠮᠵᠢ ᠵᠢᠨ ᠰᠣᠯᠢᠯᠴᠠᠭ᠎ᠠ᠎ᠪᠠᠷ ᠳᠡᠮᠵᠢᠨ ᠠᠰᠠᠭᠤᠨ ᠣᠨᠣᠰᠢᠯᠠᠬᠤ ᠦᠢ᠍ᠯᠡᠴᠢᠯᠡᠭᠡ ᠪᠠ ᠬᠠᠮᠲᠤᠷᠠᠨ ᠣᠨᠣᠰᠢᠯᠠᠬᠤ ᠵᠢᠯᠣᠭᠣᠳᠤᠯᠭ᠎ᠠ ᠥᠷᠨᠢᠭᠦᠯᠪᠡ ᠃ ᠬᠣᠶᠠᠷ ᠲᠠᠯ᠎ᠠ ᠵᠢᠨ ᠡᠮᠨᠡᠯᠭᠡ ᠵᠢᠨ ᠶᠠᠪᠤᠳᠠᠯ᠎ᠤᠨ ᠰᠠᠯᠠᠭ᠎ᠠ ᠵᠢ ᠠᠯᠤᠰ᠎ᠠᠴᠠ ᠵᠣᠯᠭ᠋ᠠᠭᠤᠯᠵᠤ᠂ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶ᠎ᠠ ᠵᠢᠨ ᠲᠤᠷᠰᠢᠯᠭ᠎ᠠ ᠠᠷᠭ᠎ᠠ ᠬᠢᠳᠡᠯ᠎ᠢ ᠠᠤᠬᠠᠨ ᠬᠣᠰᠢᠭᠤᠨ᠎ᠤ ᠮᠣᠩᠭᠣᠯ ᠬᠢᠲᠠᠳ ᠡᠮᠨᠡᠯᠭᠡ ᠵᠢᠨ ᠬᠣᠷᠢᠶ᠎ᠠ ᠵᠢᠨ ᠪᠣᠳᠠᠲᠠᠢ ᠪᠠᠢ᠌ᠳᠠᠯ᠎ᠲᠠᠢ ᠤᠶᠠᠯᠳᠤᠭᠤᠯᠤᠨ ᠂ ᠡᠮᠴᠢᠯᠡᠭᠡᠨ᠎ᠤ ᠭᠣᠣᠯᠯᠠᠬᠤ ᠳᠦᠷᠢᠮ᠎ᠢ ᠡᠮᠬᠢᠯᠡᠨ ᠳᠢᠭᠯᠡᠵᠦ ᠂ ᠬᠠᠮᠢᠶ᠎ᠠ ᠪᠦᠬᠦᠢ ᠠᠵᠢᠯᠯᠠᠬᠤ ᠶᠠᠪᠤᠴᠠ ᠵᠢᠴᠢ ᠬᠠᠮᠢᠶᠠᠷᠤᠯᠲᠠ ᠵᠢᠨ ᠵᠠᠭᠪᠤᠷ᠎ᠢ ᠰᠠᠢ᠌ᠵᠢᠷᠠᠭᠤᠯᠤᠨ ᠂ ᠭᠠᠵᠠᠷ ᠣᠷᠣᠨ᠎ᠤ ᠪᠠᠢ᠌ᠳᠠᠯᠳᠤᠨᠢ ᠲᠣᠬᠢᠷᠠᠭᠤᠯᠤᠨ ᠵᠠᠰᠠᠪᠤᠷᠢ ᠣᠷᠣᠭᠤᠯᠬᠤ ᠰᠠᠨᠠᠯ ᠳᠤᠷᠠᠳᠴᠤ ᠂ ᠳᠡᠭᠡᠳᠦ ᠳᠠᠪᠬᠤᠷᠭ᠎ᠠ ᠵᠢᠨ ᠵᠢᠷᠤᠭ ᠲᠥᠯᠥᠪᠯᠡᠭᠡ ᠵᠢᠨ ᠲᠠᠯ᠎ᠠ᠎ᠪᠠᠷ ᠴᠢᠩᠭ᠎ᠠ ᠬᠦᠴᠦᠲᠡᠢ ᠪᠠᠲᠤᠯᠠᠭ᠎ᠠ ᠣᠯᠭᠣᠨ᠎ᠠ ᠃
ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶ᠎ᠠ᠎ᠨᠢ ᠠᠤᠬᠠᠨ ᠬᠣᠰᠢᠭᠤᠨ᠎ᠤ ᠬᠢᠲᠠᠳ ᠡᠮᠨᠡᠯᠭᠡ ᠵᠢᠨ ᠮᠣᠩᠭᠣᠯ ᠡᠮᠨᠡᠯᠭᠡ ᠵᠢᠨ ᠬᠣᠷᠢᠶ᠎ᠠ᠎ᠳᠤ ᠡᠭᠦᠷᠢᠳᠡ ᠶᠠᠪᠤᠬᠤ ᠦᠭᠡᠢ ᠠᠵᠢᠯᠯᠠᠬᠤ ᠠᠩᠭᠢ ᠦᠯᠡᠳᠡᠭᠡᠵᠦ ᠥᠭᠭᠦᠭᠰᠡᠨ ᠪᠠᠢ᠌ᠨ᠎ᠠ ᠃ ᠠᠤᠬᠠᠨ ᠬᠣᠰᠢᠭᠤᠨ᠎ᠤ ᠡᠨᠡ ᠬᠦ᠌ ᠬᠠᠯᠠᠭᠤᠨ ᠬᠥᠷᠥᠰᠥᠨ᠎ᠳᠤ ᠂ ᠲᠤᠰᠠᠯᠠᠬᠤ ᠡᠮᠴᠢ ᠨᠢᠭᠡᠪᠦᠷᠢ ᠴᠥᠮ ᠨᠢᠭᠡ ᠰᠡᠳᠬᠢᠯ ᠵᠶ᠋ᠡᠷ ᠰᠢᠮᠳᠠᠨ ᠰᠤᠳᠤᠯᠵᠤ ᠂ ᠠᠤᠬᠠᠨ ᠬᠥᠮᠥᠨ᠎ᠳᠤ ᠲᠣᠬᠢᠷᠠᠬᠤ ᠠᠯᠢ ᠣᠯᠠᠨ ᠰᠠᠢ᠌ᠨ ᠠᠷᠭ᠎ᠠ ᠵᠢ ᠦᠯᠡᠳᠡᠭᠡᠭᠰᠡᠨ ᠪᠠᠢ᠌ᠨ᠎ᠠ ᠃
ᠠᠮᠠᠨ ᠬᠥᠨᠳᠡᠢ ᠵᠢᠨ ᠰᠠᠯᠠᠭ᠋ᠠᠨ᠎ᠤ ᠡᠮᠴᠢ ᠡᠷᠬᠢᠮ ᠳᠡᠭᠡᠳᠦ᠎ᠨᠢ 2021 ᠣᠨ᠎ᠤ ᠡᠬᠢ᠎ᠪᠠᠷ ᠠᠤᠬᠠᠨ ᠬᠣᠰᠢᠭᠤᠨ᠎ᠳᠤ ᠬᠦᠷᠴᠦ ᠬᠠᠪᠰᠤᠷᠤᠨ ᠲᠡᠳᠬᠦᠪᠡ᠂ ᠲᠡᠷᠡ ᠬᠤᠪᠢ ᠬᠥᠮᠥᠨ᠎ᠤ ᠤᠯᠠᠨ ᠵᠢᠯ᠎ᠤᠨ ᠠᠵᠢᠯ᠎ᠤᠨ ᠲᠤᠷᠰᠢᠯᠭ᠎ᠠ᠎ᠲᠠᠢ᠎ᠪᠠᠨ ᠤᠶᠠᠯᠳᠤᠭᠤᠯᠵᠤ᠂ ᠬᠡᠷᠡᠭ᠎ᠤᠨ ᠵᠢᠱ᠌ᠢᠶ᠎ᠡ᠎ᠪᠠᠷ ᠵᠢᠭ᠋ᠠᠨ ᠰᠤᠷᠭ᠋ᠠᠬᠤ᠂ ᠬᠦᠴᠢᠷ ᠲᠦᠪᠡᠭᠲᠡᠢ ᠡᠪᠡᠳᠴᠢᠨ᠎ᠤ ᠵᠢᠱ᠌ᠢᠶ᠎ᠡ᠎ᠪᠠᠷ ᠶᠠᠷᠢᠯᠴᠠᠬᠤ᠂ ᠰᠤᠳᠤᠯᠤᠨ ᠶᠠᠷᠢᠯᠴᠠᠵᠤ ᠰᠣᠯᠢᠯᠴᠠᠬᠤ ᠵᠡᠷᠭᠡ ᠬᠡᠯᠪᠡᠷᠢ᠎ᠪᠠᠷ ᠤᠯᠠᠨ ᠲᠠᠯ᠎ᠠ ᠵᠢᠨ ᠳᠦᠷᠢᠮᠵᠢᠭᠰᠡᠨ ᠪᠣᠯᠪᠠᠰᠤᠷᠠᠯ ᠵᠢᠴᠢ ᠡᠮᠴᠢᠯᠡᠭᠡᠨ᠎ᠤ ᠦᠵᠡᠭᠦᠯᠦᠯᠭᠡ ᠵᠢᠨ ᠵᠢᠭ᠋ᠠᠨ ᠰᠤᠷᠭ᠋ᠠᠯᠲᠠ ᠵᠢ ᠥᠷᠨᠢᠭᠦᠯᠵᠡᠢ; ᠮᠡᠰᠡ ᠵᠠᠰᠠᠯ᠎ᠤᠨ ᠳᠠᠷᠠᠭ᠋ᠠᠬᠢ ᠠᠵᠢᠯᠯᠠᠭ᠋ᠠᠨ᠎ᠤ ᠵᠢᠷᠤᠮᠵᠢᠭᠰᠠᠨ ᠪᠣᠯᠪᠠᠰᠤᠷᠠᠭᠤᠯᠤᠯ᠎ᠤᠨ ᠨᠠᠢ᠌ᠷᠠᠭᠤᠯᠤᠨ ᠪᠢᠴᠢᠬᠦ ᠠᠵᠢᠯᠯᠠᠭ᠋ᠠᠨ᠎ᠤ ᠵᠤᠷᠰᠢᠯ᠎ᠲᠠᠢ ᠤᠶᠠᠯᠳᠤᠭᠤᠯᠤᠨ ᠂ ᠲᠤᠬᠠᠢ ᠵᠢᠨ ᠭᠠᠵᠠᠷ᠎ᠤᠨ ᠡᠮᠴᠢ ᠵᠢᠨ ᠪᠡᠶ᠎ᠡ᠎ᠪᠠᠨ ᠳᠠᠭ᠋ᠠᠭ᠋ᠠᠵᠤ ᠮᠡᠰᠡ ᠵᠠᠰᠠᠯ ᠬᠢᠬᠦ᠎ᠳᠤ ᠣᠨᠣᠯ᠎ᠤᠨ ᠳᠡᠮᠵᠢᠯᠭᠡ ᠬᠠᠩᠭ᠋ᠠᠵᠤ ᠂ ᠲᠤᠬᠠᠢ ᠵᠢᠨ ᠭᠠᠵᠠᠷ᠎ᠤᠨ ᠡᠮᠨᠡᠯᠭᠡ ᠵᠢᠨ ᠬᠣᠷᠢᠶ᠎ᠠ ᠵᠢᠨ ᠠᠮᠠᠨ ᠬᠥᠨᠳᠡᠢ ᠵᠢᠨ ᠰᠠᠯᠠᠭ᠋ᠠᠨ᠎ᠤ ᠲᠣᠰ ᠲᠥᠷᠥᠯ᠎ᠤᠨ ᠡᠮᠴᠢᠯᠡᠭᠡᠨ᠎ᠤ ᠵᠦᠢ᠍ᠯᠡᠰ᠎ᠤᠨ ᠬᠣᠭᠣᠰᠤᠨ᠎ᠢ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ᠎ᠲᠠᠢ ᠳᠡᠭᠡᠳᠦ ᠬᠡᠮᠵᠢᠶ᠎ᠡ᠎ᠪᠠᠷ ᠬᠠᠷᠢᠯᠴᠠᠵᠤ᠂ ᠡᠮᠨᠡᠯᠭᠡ ᠵᠢᠨ ᠬᠣᠷᠢᠶᠠᠨ᠎ᠤ ᠠᠮᠠᠨ ᠬᠥᠨᠳᠡᠢ ᠵᠢᠨ ᠰᠠᠯᠠᠭ᠎ᠠ ᠵᠢ ᠤᠶᠠᠯᠳᠤᠭᠤᠯᠤᠨ ᠨᠢᠭᠡ ᠪᠦᠯᠦᠭ ᠲᠡᠷᠢᠭᠦᠨ᠎ᠤ ᠮᠠᠲ᠋ᠧᠷᠢᠶᠠᠯ᠎ᠢ ᠲᠤᠰᠠᠯᠠᠵᠤ᠂ ᠪᠠᠰᠠ ᠥᠪᠡᠷ᠎ᠤᠨ ᠵᠠᠷᠤᠳᠠᠯ ᠵᠶ᠋ᠠᠷ ᠵᠶ᠋ᠠᠨ ᠨᠢᠭᠡ ᠪᠦᠯᠦᠭ ᠬᠣᠷᠣᠭᠳᠠᠯ ᠮᠠᠲ᠋ᠧᠷᠢᠶᠠᠯ᠎ᠢ ᠬᠤᠳᠠᠯᠳᠤᠨ ᠠᠪᠴᠤ᠂ ᠶᠡᠷᠦᠩᠬᠡᠢ ᠰᠠᠯᠠᠭ᠋ᠠᠨ᠎ᠤ ᠬᠥᠮᠥᠰ᠎ᠲᠤ ᠲᠡᠷᠢᠭᠦᠨ᠎ᠤ ᠮᠠᠲ᠋ᠧᠷᠢᠶᠠᠯ᠎ᠤᠨ ᠬᠡᠷᠡᠭᠯᠡᠯᠲᠡ ᠵᠢ ᠣᠢ᠌ᠯᠠᠭ᠋ᠠᠭᠤᠯᠤᠨ ᠡᠵᠡᠮᠰᠢᠭᠦᠯᠪᠡ; ᠠᠤᠬᠠᠨ ᠬᠣᠰᠢᠭᠤᠨ᠎ᠤ ᠲᠤᠬᠠᠢ ᠵᠢᠨ ᠭᠠᠵᠠᠷ᠎ᠤᠨ ᠡᠮᠴᠢ ᠵᠢ ᠢᠳᠡᠪᠬᠢᠲᠡᠢ᠎ᠪᠠᠷ ᠵᠣᠬᠢᠴᠠᠭᠤᠯᠤᠨ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶ᠎ᠠ᠎ᠳᠤ ᠣᠴᠢᠭᠤᠯᠵᠤ ᠵᠡᠷᠡᠮᠳᠡᠭ᠎ᠲᠤ ᠵᠠᠰᠠᠪᠤᠷᠢ ᠣᠷᠣᠭᠤᠯᠵᠤ ᠂ ᠰᠢᠨᠵᠢᠯᠡᠭᠡᠨ᠎ᠤ ᠰᠠᠯᠠᠭ᠎ᠠ ᠵᠢᠨ ᠪᠠᠢ᠌ᠭᠤᠯᠤᠯᠲᠠ ᠵᠢ ᠲᠡᠭᠦᠯᠳᠡᠷᠵᠢᠭᠦᠯᠦᠨ ᠂ ᠡᠮᠨᠡᠯᠭᠡ ᠵᠢᠨ ᠲᠡᠷᠡ ᠪᠠᠰᠠ ᠠᠮᠠᠷᠠᠯᠲᠠ ᠵᠢᠨ ᠴᠠᠭ ᠵᠶ᠋ᠠᠨ ᠠᠰᠢᠭᠯᠠᠨ ᠰᠠᠯᠠᠭ᠎ᠠ ᠵᠢ ᠬᠠᠪᠰᠤᠷᠤᠨ ᠡᠯ᠎ᠡ ᠵᠦᠢ᠍ᠯ᠎ᠤᠨ ᠳᠦᠷᠢᠮ᠎ᠢ ᠲᠡᠭᠦᠯᠳᠡᠷᠵᠢᠭᠦᠯᠵᠦ᠂ 《ᠡᠪᠡᠳᠴᠢᠨ᠎ᠤ ᠥᠩᠭᠡᠷᠡᠯᠲᠡ ᠵᠢ ᠪᠢᠴᠢᠬᠦ ᠦᠨᠳᠦᠰᠦᠨ ᠵᠢᠷᠤᠮᠵᠢᠯ》 ᠤᠨ ᠪᠣᠯᠪᠠᠰᠤᠷᠠᠯ᠎ᠢ ᠵᠣᠬᠢᠶᠠᠨ ᠪᠠᠢ᠌ᠭᠤᠯᠤᠨ ᠥᠷᠨᠢᠭᠦᠯᠵᠦ᠂ ᠶᠡᠷᠦᠩᠬᠡᠢ ᠰᠠᠯᠠᠭ᠎ᠠ ᠵᠢᠨ ᠡᠪᠡᠳᠴᠢᠨ᠎ᠤ ᠥᠩᠭᠡᠷᠡᠯᠲᠡ ᠵᠢ ᠪᠢᠴᠢᠬᠦ ᠵᠢ ᠵᠢᠷᠤᠮᠵᠢᠭᠤᠯᠵᠠᠢ ᠁
ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠨ ᠡᠮᠨᠡᠯᠭᠡ ᠵᠢᠨ ᠬᠣᠷᠢᠶᠠᠨ᠎ᠤ ᠵᠡᠭᠦᠦ ᠲᠥᠭᠡᠨᠡᠯᠭᠡ ᠵᠢᠨ ᠰᠠᠯᠠᠭ᠋ᠠᠨ᠎ᠤ ᠡᠮᠴᠢ ᠯᠢ ᠮᠢᠩ ᠠᠢ (ᠪᠠᠷᠠᠭᠤᠨ᠎ᠠᠴᠠ ᠨᠢᠭᠡ) ᠠᠤᠬᠠᠨ ᠬᠣᠰᠢᠭᠤᠨ᠎ᠤ ᠡᠪᠡᠳᠴᠢᠲᠡᠨ᠎ᠳᠤ ᠡᠪᠡᠳᠴᠢᠨ᠎ᠳᠤ᠎ᠨᠢ ᠲᠠᠭ᠋ᠠᠷᠠᠭᠤᠯᠵᠤ ᠡᠮᠨᠡᠨ ᠵᠠᠰᠠᠪᠠ᠃ (ᠠᠤᠬᠠᠨ ᠬᠣᠰᠢᠭᠤᠨ᠎ᠤ ᠬᠠᠮ ᠵᠠᠭᠤᠴᠢᠯᠠᠭᠤᠷ᠎ᠤᠨ ᠲᠥᠪ᠎ᠠᠴᠠ ᠵᠢᠷᠤᠭ ᠬᠠᠩᠭ᠋ᠠᠨ᠎ᠠ )
ᠵᠡᠭᠦᠦ ᠲᠥᠭᠡᠨᠡᠯᠭᠡ ᠵᠢᠨ ᠰᠠᠯᠠᠭ᠋ᠠᠨ᠎ᠤ ᠡᠮᠴᠢ ᠯᠢ ᠮᠢᠩ ᠠᠢ᠂ 2018 ᠣᠨ᠎ᠠᠴᠠ ᠡᠬᠢᠯᠡᠨ ᠬᠠᠪᠰᠤᠷᠤᠨ ᠲᠡᠳᠬᠦᠬᠦ ᠡᠭᠦᠷᠭᠡ ᠵᠢ ᠡᠭᠦᠷᠭᠡᠯᠡᠵᠦ᠂ ᠲᠡᠷᠡ ᠲᠤᠬᠠᠢ ᠵᠢᠨ ᠭᠠᠵᠠᠷ᠎ᠤᠨ ᠬᠦᠢ᠍ᠲᠡᠨ ᠨᠣᠢ᠌ᠲᠠᠨᠤ ᠬᠤᠶᠠᠩ ᠡᠪᠡᠳᠴᠢᠨ᠎ᠤ ᠲᠠᠷᠴᠢᠯᠠᠭ᠋ᠠᠯᠢ ᠤᠯᠠᠨ ᠵᠢᠯ ᠠᠮᠰᠠᠭᠰᠠᠨ ᠡᠪᠡᠳᠴᠢᠲᠡᠨ᠎ᠳᠤ ᠬᠢᠯᠭ᠋ᠠᠰᠤᠨ ᠭᠤᠤᠷᠰᠤ ᠵᠢᠨ ᠵᠡᠭᠦᠦ ᠵᠢᠨ ᠵᠠᠰᠠᠯ᠎ᠤᠨ ᠰᠢᠨ᠎ᠡ ᠵᠢ ᠡᠭᠦᠳᠴᠦ ᠥᠭᠴᠡᠢ; ᠲᠡᠷᠡ ᠨᠠᠰᠤᠨ ᠲᠤᠷᠰᠢᠲᠠ ᠵᠢᠨ ᠰᠣᠷᠣᠭᠰᠠᠨ ᠵᠦᠢ᠍ᠯ ᠵᠶ᠋ᠡᠨ ᠲᠤᠬᠠᠢ ᠵᠢᠨ ᠭᠠᠵᠠᠷ᠎ᠤᠨ ᠡᠮᠨᠡᠯᠭᠡ ᠵᠢᠨ ᠬᠣᠷᠢᠶ᠎ᠠ ᠵᠢᠨ ᠬᠠᠮᠲᠤ ᠨᠥᠬᠥᠳ᠎ᠲᠡᠭᠡᠨ ᠤᠯᠠᠮᠵᠢᠯᠠᠨ ᠥᠭᠴᠦ ᠂ ᠬᠢᠲᠠᠳ ᠡᠮ ᠡᠮᠨᠡᠯᠭᠡ ᠵᠢᠴᠢ ᠵᠡᠭᠦᠦ ᠲᠥᠭᠡᠨᠡᠯᠭᠡ ᠂ ᠰᠣᠷᠣᠭᠤᠯ ᠲᠠᠯᠪᠢᠬᠤ ᠂ ᠴᠠᠩᠬ᠎ᠠ ᠬᠤᠰᠤᠬᠤ ᠵᠡᠷᠭᠡ ᠮᠡᠷᠭᠡᠵᠢᠯ᠎ᠤᠨ ᠲᠤᠬᠠᠢ᠌ᠯᠠᠭᠰᠠᠨ ᠠᠵᠢᠯ᠎ᠤᠨ ᠪᠣᠯᠪᠠᠰᠤᠷᠠᠭᠤᠯᠤᠯ᠎ᠢ ᠨᠡᠶ᠋ᠢᠲᠡ 30 ᠭᠠᠷᠤᠢ ᠲᠠᠯᠠᠪᠤᠷ ᠥᠷᠨᠢᠭᠦᠯᠵᠦ ᠂ 25 ᠵᠦᠢ᠍ᠯ᠎ᠤᠨ ᠲᠣᠬᠢᠷᠠᠮᠵᠢᠲᠠᠢ ᠮᠡᠷᠭᠡᠵᠢᠯ᠎ᠢ ᠳᠡᠯᠭᠡᠷᠡᠭᠦᠯᠦᠨ ᠂ ᠡᠮᠨᠡᠯᠭᠡ ᠵᠢᠨ ᠠᠵᠢᠯᠲᠠᠨ᠎ᠢ 300 ᠭᠠᠷᠤᠢ ᠬᠥᠮᠥᠨ ᠤᠳᠠᠭ᠎ᠠ ᠪᠣᠯᠪᠠᠰᠤᠷᠠᠭᠤᠯᠵᠤ ᠂ ᠠᠤᠬᠠᠨ ᠬᠣᠰᠢᠭᠤᠨ᠎ᠳᠤ 《 2018 ᠣᠨ᠎ᠤ ᠡᠷᠡᠭᠦᠯ ᠮᠡᠨᠳᠦ᠎ᠪᠠᠷ ᠶᠠᠳᠠᠭᠤ ᠵᠢ ᠲᠡᠳᠬᠦᠬᠦ ᠠᠵᠢᠯ᠎ᠤᠨ ᠲᠡᠷᠢᠭᠦᠨ᠎ᠤ ᠬᠤᠪᠢ ᠬᠥᠮᠥᠨ》 ᠂ 2019 ᠣᠨ᠎ᠤ 《 ᠳᠣᠭᠳᠣᠯᠤᠭᠰᠠᠨ ᠲᠡᠯᠡᠶ ᠵᠢᠨ ᠣᠷᠣᠨ 》 ᠵᠡᠷᠭᠡ ᠠᠷᠪᠠᠨ ᠲᠣᠮᠣ ᠬᠥᠮᠥᠨ ᠵᠶ᠋ᠡᠷ ᠦᠨᠡᠯᠡᠭᠳᠡᠵᠡᠢ ᠃
ᠡᠪᠡᠳᠴᠢᠲᠡᠨ᠎ᠤ ᠭᠠᠳᠠᠷ ᠰᠠᠯᠠᠭ᠋ᠠᠨ᠎ᠤ ᠮᠡᠰᠡ ᠵᠠᠰᠠᠯ᠎ᠤᠨ ᠳᠠᠷᠠᠭ᠎ᠠ ᠡᠪᠡᠳᠬᠦ ᠪᠠ ᠬᠣᠳᠣᠭᠣᠳᠤ ᠭᠡᠳᠡᠰᠦᠨ᠎ᠤ ᠠᠵᠢᠯᠯᠠᠭ᠎ᠠ ᠵᠢᠨ ᠰᠡᠷᠭᠦᠯᠲᠡ᠎ᠨᠢ ᠡᠩ᠎ᠤᠨ ᠠᠰᠠᠭᠤᠳᠠᠯ ᠪᠣᠯᠵᠤ᠂ ᠡᠨᠡ᠎ᠨᠢ ᠭᠠᠳᠠᠷ ᠰᠠᠯᠠᠭ᠋ᠠᠨ᠎ᠤ ᠠᠵᠢᠯ᠎ᠳᠤ ᠨᠡᠩ ᠥᠨᠳᠥᠷ ᠱᠠᠭ᠋ᠠᠷᠳᠠᠯᠭ᠎ᠠ ᠳᠤᠷᠠᠳᠴᠠᠢ᠄ ᠵᠣᠭᠣᠰ ᠪᠠᠭ᠎ᠠ ᠵᠠᠷᠤᠬᠤ᠂ ᠡᠮᠴᠢᠯᠡᠭᠡᠨ᠎ᠤ ᠠᠴᠢ ᠲᠤᠰᠠ ᠰᠠᠢ᠌ᠨ᠂ ᠡᠳᠡᠭᠡᠷᠡᠬᠦ᠎ᠨᠢ ᠬᠤᠷᠳᠤᠨ ᠪᠠᠢ᠌ᠳᠠᠭ᠃ ᠭᠠᠳᠠᠷ ᠰᠠᠯᠠᠭ᠋ᠠᠨ᠎ᠤ ᠡᠮᠴᠢ ᠰᠦᠨ ᠸᠧᠢ ᠰᠢᠩ ᠭᠠᠳᠠᠷ ᠰᠠᠯᠠᠭ᠋ᠠᠨ᠎ᠤ ᠠᠵᠢᠯ᠎ᠤᠨ ᠲᠤᠷᠰᠢᠯᠭ᠎ᠠ᠎ᠲᠠᠢ᠎ᠪᠠᠨ ᠤᠶᠠᠯᠳᠤᠭᠤᠯᠤᠨ᠂ ᠰᠤᠷᠪᠤᠯᠵᠢ ᠪᠢᠴᠢᠭ᠎ᠢ ᠶᠡᠬᠡ ᠬᠡᠮᠵᠢᠶ᠎ᠡ᠎ᠪᠠᠷ ᠪᠠᠢ᠌ᠴᠠᠭ᠋ᠠᠨ ᠦᠵᠡᠵᠦ᠂ ᠲᠣᠬᠢᠷᠠᠮᠵᠢᠲᠠᠢ ᠬᠢᠲᠠᠳ ᠡᠮ᠎ᠢ ᠡᠷᠢᠨ ᠣᠯᠵᠤ᠂ ᠨᠤᠨᠳᠠᠭ ᠲᠠᠯᠬᠠᠳᠠᠬᠤ᠂ ᠪᠠᠯ᠎ᠢ ᠨᠠᠢ᠌ᠷᠠᠭᠤᠯᠤᠭᠰᠠᠨᠤ ᠳᠠᠷᠠᠭ᠎ᠠ ᠲᠦᠷᠬᠢᠵᠦ᠂ ᠬᠣᠶᠠᠷ ᠲᠠᠯ᠎ᠠ ᠵᠢᠨ ᠭᠤᠷᠪᠠᠨ ᠭᠠᠵᠠᠷ ᠵᠡᠷᠭᠡ ᠪᠠᠯᠴᠢᠷ᠎ᠲᠤ ᠪᠠᠯᠴᠢᠷᠢ ᠨᠠᠭ᠋ᠠᠵᠤ᠂ ᠲᠣᠭᠲᠠᠭᠰᠠᠨ ᠴᠠᠭ᠎ᠲᠤ ᠰᠣᠯᠢᠨ᠎ᠠ᠂ ᠮᠡᠰᠡ ᠵᠠᠰᠠᠯ ᠬᠢᠭᠰᠡᠨ᠎ᠤ ᠳᠠᠷᠠᠭ᠎ᠠ ᠡᠪᠡᠳᠴᠢᠲᠡᠨ ᠳᠠᠷᠠᠭ᠎ᠠ ᠡᠳᠦᠷ᠎ᠨᠢ ᠬᠡᠢ ᠭᠠᠳᠠᠭᠰᠢᠯᠠᠭᠤᠯᠵᠤ᠂ ᠥᠩᠭᠡᠷᠡᠭᠰᠡᠨ᠎ᠤ᠎ᠬᠢ᠎ᠠᠴᠠ᠎ᠪᠠᠨ ᠬᠠᠭ᠋ᠠᠰ ᠡᠳᠦᠷ᠎ᠠᠴᠠ ᠨᠢᠭᠡ ᠡᠳᠦᠷ ᠣᠬᠣᠷ ᠪᠣᠯᠭ᠋ᠠᠭ᠋ᠠᠳ ᠨᠡᠯᠢᠶᠡᠳ ᠰᠠᠢ᠌ᠨ ᠡᠮᠴᠢᠯᠡᠭᠡᠨ᠎ᠤ ᠦᠷ᠎ᠡ ᠳ᠋ᠦᠩ᠎ᠢ ᠣᠯᠣᠭᠰᠠᠨ ᠪᠠᠢ᠌ᠨ᠎ᠠ᠃
ᠲᠥᠪ ᠭᠣᠣᠯᠴᠢ ᠪᠥᠭᠡᠳ ᠴᠢᠳᠠᠪᠤᠷᠢ᠎ᠲᠠᠢ ᠪᠣᠯᠪᠠᠰᠤ ᠠᠨᠠᠭ᠋ᠠᠬᠤ ᠤᠬᠠᠭ᠋ᠠᠨ᠎ᠢ ᠪᠠᠳᠠᠷᠠᠭᠤᠯᠤᠮᠤᠢ (ᠰᠢᠭᠦᠮᠵᠢᠯᠡᠯ ᠥᠭᠦᠯᠡᠯ) ᠃ ᠪᠡᠭᠡᠵᠢᠩ᠎ᠤᠨ ᠬᠢᠲᠠᠳ ᠡᠸᠦ᠋ᠷᠦᠫᠡ ᠡᠮᠨᠡᠯᠭᠡ ᠵᠢ ᠤᠶᠠᠯᠳᠤᠭᠤᠯᠤᠭᠰᠠᠨ ᠡᠮᠨᠡᠯᠭᠡ ᠵᠢᠨ ᠬᠣᠷᠢᠶ᠎ᠠ ᠪᠣᠯᠣᠨ ᠠᠤᠬᠠᠨ ᠬᠣᠰᠢᠭᠤᠨ᠎ᠤ ᠮᠣᠩᠭᠣᠯ ᠬᠢᠲᠠᠳ ᠡᠮᠨᠡᠯᠭᠡ ᠵᠢᠨ ᠬᠣᠷᠢᠶ᠎ᠠ ᠮᠢᠩᠭ᠋ᠠᠨ ᠭᠠᠵᠠᠷ ᠬᠠᠢ᠌ᠷ᠎ᠠ ᠰᠡᠳᠬᠢᠯᠭᠡ᠎ᠪᠠᠨ ᠬᠠᠮᠲᠤᠳᠬᠠᠵᠤ᠂ ᠪᠡᠭᠡᠵᠢᠩ ᠮᠣᠩᠭᠣᠯ᠎ᠤᠨ ᠬᠠᠪᠰᠤᠷᠤᠨ ᠲᠡᠳᠬᠦᠭᠰᠡᠨ《ᠡᠮᠨᠡᠯᠭᠡ》ᠵᠠᠮ᠎ᠤᠨ ᠬᠠᠭᠤᠳᠠᠰᠤ ᠵᠢ ᠪᠢᠴᠢᠭᠯᠡᠪᠡ᠂ ᠡᠨᠡᠬᠦ ᠬᠠᠭᠤᠳᠠᠰᠤ ᠵᠤᠨ᠎ᠤ 7 ᠰᠠᠷ᠎ᠠ᠎ᠳᠤ ᠳᠠᠬᠢᠨᠲᠠ ᠦᠷᠭᠦᠯᠵᠢᠯᠡᠪᠡ᠃ (ᠬᠸ ᠰᠢᠶᠣᠣ ᠬᠤᠢ)