ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠪᠠᠶᠠᠵᠢᠯ᠎ᠤᠨ ᠬᠤᠰᠢᠭᠤᠴᠢ
ᠪᠠᠶᠠᠵᠢᠯ᠎ᠤᠨ ᠬᠤᠰᠢᠭᠤᠴᠢ   -   ᠪᠠᠶᠠᠵᠢᠯ᠎ᠤᠨ ᠬᠤᠰᠢᠭᠤᠴᠢ
【ᠲᠣᠰᠬᠣᠨ᠎ᠳᠤ ᠰᠠᠭᠤᠵᠤ ᠬᠠᠪᠰᠤᠷᠤᠨ ᠲᠡᠳᠬᠦᠬᠦ 】 ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠠᠴᠠ ᠬᠤᠸᠠᠳᠧ ᠰᠢᠶᠠᠨ᠎ᠤ ᠪᠠᠶᠠᠨᠲᠠᠯ᠎ᠠ ᠲᠣᠰᠬᠣᠨ᠎ᠤ ᠬᠦᠴᠢᠷᠳᠡᠯᠲᠡᠶ ᠣᠯᠠᠨ ᠲᠦᠮᠡᠨ᠎ᠳᠤ ᠬᠠᠶ᠋ᠢᠷ᠎ᠠ ᠬᠠᠯᠠᠮᠵᠢ ᠬᠦᠷᠭᠡᠪᠡ
ᠨᠡᠶ᠋ᠢᠲᠡᠯᠡᠭᠰᠡᠨ ᠴᠠᠭ᠄ 2021-12-31

   2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠬᠦᠷᠴᠦ ᠢᠷᠡᠬᠦ ᠭᠡᠵᠦ ᠪᠠᠶ᠋ᠢᠨ᠎ᠠ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠠᠴᠠ ᠬᠤᠸᠠᠳᠤ ᠰᠢᠶᠠᠨ᠎ᠤ ᠪᠠᠶᠠᠨᠲᠠᠯ᠎ᠠ ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ᠎ᠳᠤ ᠲᠣᠮᠢᠯᠠᠨ ᠰᠠᠭᠤᠯᠭ᠋ᠠᠭᠰᠠᠨ ᠡᠮᠦᠨ᠎ᠡ ᠬᠤᠭᠤᠴᠠᠭ᠋ᠠᠨ᠎ᠤ ᠮᠥᠷ᠎ᠤᠨ ᠪᠠᠶ᠋ᠢᠴᠠᠭ᠋ᠠᠯᠲᠠ᠎ᠪᠠᠷ ᠳᠡᠮᠵᠢᠨ ᠰᠤᠷᠪᠤᠯᠵᠢᠯᠠᠵᠤ᠂ ᠣᠳᠣᠬᠠᠨ᠎ᠳᠤ ᠪᠦᠬᠦ ᠲᠣᠰᠬᠣᠨ᠎ᠳᠤ ᠨᠡᠶ᠋ᠢᠲᠡ 70 ᠡᠷᠦᠬᠡ ᠣᠯᠠᠨ ᠲᠦᠮᠡᠨ᠎ᠤ ᠠᠮᠢᠳᠤᠷᠠᠯ ᠬᠦᠴᠢᠷᠳᠡᠯ᠎ᠲᠠᠢ ᠪᠠᠶ᠋ᠢᠬᠤ ᠵᠢ ᠣᠶ᠋ᠢᠯᠠᠭ᠋ᠠᠵᠤ᠂ ᠪᠠᠶᠠᠨᠲᠠᠯ᠎ᠠ ᠲᠣᠰᠬᠣᠨ᠎ᠤ ᠠᠷᠠᠳ᠎ᠤᠨ ᠵᠥᠪᠯᠡᠯ᠎ᠲᠠᠢ ᠨᠡᠪᠲᠡᠷᠡᠯᠴᠡᠨ ᠰᠤᠳᠤᠯᠤᠭᠰᠠᠨ᠎ᠤ ᠳᠠᠷᠠᠭ᠎ᠠ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠪᠣᠯᠤᠨ ᠥᠪᠡᠷᠲᠡᠭᠡᠨ ᠵᠠᠰᠠᠬᠤ ᠣᠷᠣᠨ᠎ᠤ ᠨᠡᠶ᠋ᠢᠭᠡᠮ᠎ᠤᠨ ᠬᠣᠷᠢᠶ᠎ᠠ ᠵᠢᠨ ᠠᠵᠢᠯᠴᠢᠨ ᠴᠢᠳᠠᠪᠤᠷᠢᠲᠠᠨ (ᠨᠢᠭᠦᠯᠡᠰᠦᠩᠭᠦᠶ ᠵᠢᠨ ᠶᠡᠷᠦᠩᠬᠡᠶ ᠡᠪᠯᠡᠯ)᠎ᠤ ᠦᠢ᠍ᠯᠡᠴᠢᠯᠡᠭᠡᠨ᠎ᠤ ᠲᠥᠪ᠎ᠲᠠᠢ ᠳᠠᠷᠤᠶ᠋ᠢᠬᠠᠨ ᠬᠠᠷᠢᠯᠴᠠᠵᠤ᠂ 4 ᠲᠦᠮᠡᠨ ᠲᠥᠭᠥᠷᠢᠭ᠎ᠤᠨ ᠡᠳ᠋ ᠪᠣᠳᠠᠰ᠎ᠤᠨ ᠲᠤᠰᠠᠯᠠᠮᠵᠢ ᠳᠡᠮᠵᠢᠯᠭᠡ ᠵᠢ ᠤᠯᠬᠤ ᠵᠢᠨ ᠬᠠᠮᠲᠤ ᠡᠳ᠋ ᠪᠣᠳᠠᠰ᠎ᠢ ᠬᠦᠷᠭᠡᠵᠦ ᠥᠭᠭᠦᠭᠰᠡᠨ᠎ᠤ ᠳᠠᠷᠠᠭ᠎ᠠ ᠬᠠᠮᠤᠭ᠎ᠤᠨ ᠲᠡᠷᠢᠭᠦᠨ᠎ᠳᠤ ᠡᠷᠦᠬᠡ᠎ᠳᠤ ᠲᠠᠷᠬᠠᠭ᠋ᠠᠵᠤ᠂ ᠪᠠᠶᠠᠨᠲᠠᠯ᠎ᠠ ᠲᠣᠰᠬᠣᠨ᠎ᠤ ᠬᠦᠴᠢᠷᠳᠡᠯᠲᠡᠶ ᠣᠯᠠᠨ ᠲᠦᠮᠡᠨ᠎ᠳᠤ ᠨᠠᠮ ᠪᠠ ᠵᠠᠰᠠᠭ᠎ᠤᠨ ᠣᠷᠳᠣᠨ᠎ᠤ ᠬᠦᠷᠭᠡᠭᠰᠡᠨ ᠬᠠᠯᠠᠭᠤᠨ ᠳᠤᠯᠠᠭ᠋ᠠᠨ᠎ᠢ ᠬᠠᠬᠢᠷ ᠬᠦᠶᠲᠡᠨ ᠡᠪᠦᠯ᠎ᠤᠨ ᠤᠯᠠᠷᠢᠯ᠎ᠳᠤ ᠮᠡᠳᠡᠷᠡᠭᠦᠯᠵᠦ᠂ ᠲᠡᠳᠡᠨ᠎ᠤ ᠬᠠᠯᠠᠭᠤᠨ ᠳᠤᠯᠠᠭ᠋ᠠᠨ᠂ ᠥᠯᠵᠡᠶ ᠪᠡᠯᠭᠡ᠎ᠲᠠᠢ ᠰᠢᠨᠡᠯᠡᠬᠦ ᠵᠢ ᠦᠨᠡᠨ ᠬᠦ᠌ ᠪᠠᠲᠤᠯᠠᠬᠤ ᠬᠡᠷᠡᠭᠲᠡᠶ ᠭᠡᠵᠡᠶ᠃
   12 ᠰᠠᠷ᠎ᠠ ᠵᠢᠨ 24᠎ᠤ ᠡᠳᠦᠷ᠂ ᠲᠤᠲᠤᠷᠭ᠎ᠠ᠂ ᠴᠠᠭ᠋ᠠᠨ ᠭᠤᠯᠢᠷ ᠪᠣᠯᠤᠨ ᠬᠤᠮᠠ ᠵᠢᠨ ᠲᠤᠰᠤ ᠳᠦᠭᠦᠷᠲᠡᠯ᠎ᠡ ᠲᠡᠭᠡᠭᠡᠭᠰᠡᠨ ᠨᠢᠭᠡᠨ ᠠᠴᠢᠶᠠᠨ᠎ᠤ ᠮᠠᠰᠢᠨ ᠲᠡᠷᠭᠡ᠂ ᠡᠪᠦᠯ᠎ᠤᠨ ᠭᠦᠨ ᠴᠠᠰᠤ᠎ᠲᠠᠢ ᠬᠠᠮᠲᠤ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠪᠠᠶ᠋ᠢᠲᠸᠯᠠ ᠲᠣᠰᠬᠣᠨ᠎ᠤ ᠬᠦᠴᠢᠷᠳᠡᠯᠲᠡᠢ ᠤᠯᠠᠨ ᠲᠦᠮᠡᠨ᠎ᠳᠤ ᠬᠠᠨᠳᠤᠭᠤᠯᠤᠭᠰᠠᠨ ᠬᠠᠶ᠋ᠢᠷ᠎ᠠ ᠬᠠᠯᠠᠮᠵᠢ ᠵᠢ ᠠᠪᠴᠤ ᠲᠣᠰᠬᠣᠨ᠎ᠤ ᠠᠷᠠᠳ᠎ᠤᠨ ᠵᠥᠪᠯᠡᠯ᠎ᠳᠤ ᠢᠷᠡᠪᠡ᠃ ᠲᠣᠰᠬᠣᠨ᠎ᠤ ᠬᠦᠴᠢᠷᠳᠡᠯ᠎ᠲᠠᠢ ᠣᠯᠠᠨ ᠲᠦᠮᠡᠨ᠎ᠤ ᠣᠯᠠᠩᠬᠢ᠎ᠨᠢ ᠬᠥᠳᠡᠯᠵᠦ ᠪᠠᠷᠢᠬᠤ᠎ᠳᠤ ᠳᠥᠭᠥᠮ ᠦᠭᠡᠢ ᠨᠠᠰᠤᠲᠠᠨ ᠪᠣᠯᠬᠤ ᠵᠢ ᠪᠣᠳᠣᠯᠬᠢᠯᠠᠭ᠋ᠠᠳ᠂ ᠡᠭᠦᠨ᠎ᠤ ᠳᠡᠭᠡᠷ᠎ᠡ ᠴᠠᠰᠤ᠎ᠲᠠᠢ ᠡᠳᠦᠷ ᠵᠠᠮ ᠭᠤᠯᠭᠤᠮᠠᠲᠠᠭ᠋ᠠᠶ᠂ ᠠᠭ᠋ᠠᠷ᠎ᠤᠨ ᠳᠤᠯᠠᠭ᠋ᠠᠨ ᠳᠣᠣᠷ᠎ᠠ ᠵᠡᠷᠭᠡ ᠪᠣᠳᠠᠲᠤ ᠪᠠᠶ᠋ᠢᠳᠠᠯ᠎ᠢ ᠨᠡᠮᠡᠪᠡᠯ᠂ ᠭᠠᠴᠠᠭ᠋ᠠᠨ᠎ᠤ ᠠᠷᠠᠳ᠎ᠤᠨ ᠵᠥᠪᠯᠡᠯ᠎ᠤᠨ ᠰᠤᠳᠤᠯᠤᠨ ᠲᠣᠭᠲᠠᠭ᠋ᠠᠭᠰᠠᠨ ᠵᠶ᠋ᠠᠷ᠂ ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ ᠪᠣᠯᠤᠨ ᠲᠣᠰᠬᠣᠨ᠎ᠤ ᠺᠠᠳ᠋ᠷ ᠠᠮᠤ ᠪᠤᠳᠠᠭ᠎ᠠ᠂ ᠭᠤᠯᠢᠷ᠂ ᠲᠣᠰᠣ ᠵᠡᠷᠭᠡ ᠲᠣᠬᠣᠨᠢᠭᠤᠯᠬᠤ ᠡᠳ᠋ ᠪᠣᠳᠠᠰ᠎ᠢ ᠬᠦᠴᠢᠷᠳᠡᠯ᠎ᠲᠠᠢ ᠣᠯᠠᠨ ᠲᠦᠮᠡᠨ ᠨᠢᠭᠡᠪᠦᠷᠢ᠎ᠳᠤ ᠥᠪᠡᠷ᠎ᠤᠨ ᠪᠡᠶ᠎ᠡ᠎ᠪᠠᠷ ᠵᠶ᠋ᠠᠨ ᠬᠦᠷᠭᠡᠵᠦ᠂ ᠤᠯᠠᠨ ᠲᠦᠮᠡᠨ᠎ᠳᠤ ᠲᠦᠬᠦᠮ ᠦᠵᠡᠭᠦᠯᠬᠦ ᠵᠢᠨ ᠬᠠᠮᠲᠤ ᠡᠨᠡᠬᠦ ᠲᠣᠬᠢᠶᠠᠯ᠎ᠢ ᠠᠰᠢᠭᠯᠠᠨ ᠳᠠᠬᠢᠨᠲᠠ ᠡᠷᠦᠭᠡ᠎ᠳᠤ ᠣᠷᠣᠵᠤ ᠤᠯᠠᠨ ᠲᠦᠮᠡᠨ᠎ᠲᠠᠢ ᠰᠠᠨᠠᠯ ᠵᠶ᠋ᠠᠨ ᠭᠦᠨᠵᠡᠭᠡᠢ ᠰᠣᠯᠢᠯᠴᠠᠵᠤ᠂ ᠤᠯᠠᠨ ᠲᠦᠮᠡᠨ᠎ᠤ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢ ᠪᠡᠶᠡᠯᠡᠭᠦᠯᠬᠦ ᠲᠤᠬᠠᠢ ᠬᠠᠮᠤᠭ᠎ᠤᠨ ᠦᠨᠡᠨ ᠪᠣᠳᠠᠲᠠᠢ ᠪᠣᠳᠣᠯᠬᠢᠯᠠᠯ ᠪᠠ ᠰᠠᠨᠠᠭᠤᠯᠭ᠎ᠠ ᠵᠢ ᠣᠶ᠋ᠢᠯᠠᠭ᠋ᠠᠬᠤ ᠵᠢᠨ ᠬᠠᠮᠲᠤ ᠬᠥᠳᠡᠯᠮᠦᠷᠢᠯᠡᠬᠦ ᠴᠢᠳᠠᠪᠤᠷᠢ᠎ᠲᠠᠢ ᠬᠦᠴᠢᠷᠳᠡᠯᠲᠡᠢ ᠤᠯᠠᠨ ᠲᠦᠮᠡᠨ᠎ᠤ ᠦᠷᠭᠦᠯᠵᠢᠯᠡᠨ ᠰᠤᠷᠤᠯᠴᠠᠯᠭ᠎ᠠ᠎ᠪᠠᠨ ᠴᠢᠩᠭ᠋ᠠᠳᠬᠠᠵᠤ᠂ ᠴᠢᠷᠮᠠᠶ᠋ᠢᠨ ᠲᠡᠮᠡᠴᠡᠵᠦ᠂ ᠨᠠᠮ ᠪᠣᠯᠤᠨ ᠵᠠᠰᠠᠭ᠎ᠤᠨ ᠣᠷᠳᠣᠨ ᠵᠢᠴᠢ ᠨᠡᠶ᠋ᠢᠭᠡᠮ᠎ᠤᠨ ᠡᠯ᠎ᠡ ᠲᠠᠯ᠎ᠠ ᠵᠢᠨ᠎ᠬᠢᠨ᠎ᠤ ᠬᠠᠮᠲᠤ ᠵᠢᠨ ᠬᠠᠯᠠᠮᠵᠢᠯᠠᠯ ᠬᠠᠪᠰᠤᠷᠤᠯᠭ᠎ᠠ ᠵᠢᠨ ᠳᠣᠣᠷ᠎ᠠ ᠵᠣᠯ ᠵᠢᠷᠭ᠋ᠠᠯᠲᠤ ᠠᠮᠢᠳᠤᠷᠠᠯ᠎ᠢ ᠡᠳ᠋ᠯᠡᠬᠦ ᠵᠢ ᠵᠣᠷᠢᠭᠵᠢᠭᠤᠯᠤᠨ᠎ᠠ᠃
   《ᠨᠠᠮ᠎ᠳᠤ ᠲᠠᠯᠠᠷᠬᠠᠵᠤ ᠪᠠᠢ᠍ᠨ᠎ᠠ᠂ ᠵᠠᠰᠠᠭ᠎ᠤᠨ ᠣᠷᠳᠣᠨ᠎ᠠᠴᠠ ᠪᠢᠳᠡᠨ᠎ᠢ ᠬᠠᠷᠠᠭ᠋ᠠᠯᠵᠠᠭᠰᠠᠨ᠎ᠳᠤ ᠲᠠᠯᠠᠷᠬᠠᠵᠤ ᠪᠠᠢ᠍ᠨ᠎ᠠ!》 《ᠪᠠᠶᠠᠷᠯᠠᠯ᠎ᠠ᠂ ᠲᠠ ᠨᠠᠷ᠎ᠲᠤ ᠪᠠᠶᠠᠷᠯᠠᠯ᠎ᠠ!》 ᠭᠡᠵᠦ ᠲᠡᠭ᠎ᠠᠴᠠ ᠳᠣᠷᠣᠭᠰᠢ 30 ᠭ᠋ᠷᠠᠳᠦ᠋ᠰ᠎ᠤᠨ ᠬᠠᠬᠢᠷ ᠬᠦᠢ᠍ᠳᠡᠨ᠎ᠢ ᠬᠠᠶ᠋ᠢᠬᠤᠷᠤᠯ ᠦᠭᠡᠢ᠎ᠪᠠᠷ ᠡᠷᠤᠭᠡ᠎ᠳᠤ ᠬᠦᠷᠴᠦ ᠲᠣᠬᠣᠨᠢᠭᠤᠯᠬᠤ ᠡᠳ᠋ ᠪᠣᠳᠠᠰ ᠲᠠᠷᠬᠠᠭ᠋ᠠᠬᠤ᠎ᠳᠤ᠂ ᠠᠵᠢᠯᠲᠠᠳ᠎ᠤᠨ ᠤᠯᠠᠨ ᠲᠦᠮᠡᠨ᠎ᠤ ᠶᠠᠷᠢᠭᠰᠠᠨ ᠬᠠᠮᠤᠭ᠎ᠤᠨ ᠤᠯᠠᠨ ᠦᠭᠡ᠎ᠨᠢ ᠳᠠᠷᠤᠢ ᠡᠨᠡ ᠬᠡᠳᠦᠨ ᠦᠭᠡ ᠵᠢ ᠰᠣᠨᠣᠰᠴᠤ᠂ ᠤᠯᠠᠨ ᠲᠦᠮᠡᠨ᠎ᠤ ᠬᠠᠮᠤᠭ᠎ᠤᠨ ᠦᠨᠡᠨ ᠰᠡᠳᠬᠢᠯ᠎ᠤᠨ ᠦᠭᠡ ᠵᠢ ᠲᠥᠯᠥᠭᠡᠯᠡᠵᠦ ᠪᠠᠶ᠋ᠢᠨ᠎ᠠ᠃ ᠲᠣᠰ ᠤᠳᠠᠭ᠋ᠠᠨ᠎ᠤ ᠲᠣᠬᠣᠨᠢᠭᠤᠯᠬᠤ ᠠᠵᠢᠯᠯᠠᠭ᠎ᠠ᠎ᠳᠤ ᠪᠠᠶᠠᠨᠲᠠᠯ᠎ᠠ ᠲᠣᠰᠬᠣᠨ᠎ᠤ 70 ᠡᠷᠦᠬᠡ ᠬᠦᠴᠢᠷᠳᠡᠯᠲᠡᠶ ᠣᠯᠠᠨ ᠲᠦᠮᠡᠨ᠎ᠢ ᠲᠣᠬᠣᠨᠢᠭᠤᠯᠵᠤ᠂ 70 ᠤᠭᠤᠲᠠ ᠲᠤᠲᠤᠷᠭ᠎ᠠ᠂ 70 ᠰᠠᠭᠤᠯᠠᠭ᠎ᠠ᠎ᠲᠠᠢ ᠣᠯᠣᠰᠣᠨ᠎ᠤ ᠲᠣᠰᠣ ᠪᠠ 140 ᠤᠭᠤᠲᠠ ᠭᠤᠯᠢᠷ ᠲᠦᠭᠡᠭᠡᠭᠰᠡᠨ ᠪᠠᠶ᠋ᠢᠨ᠎ᠠ᠃᠎ᠢ ᠲᠣᠬᠣᠨᠢᠭᠤᠯᠬᠤ ᠠᠵᠢᠯᠯᠠᠭ᠎ᠠ᠎ᠨᠢ ᠪᠠᠶᠠᠨᠲᠠᠯ᠎ᠠ ᠲᠣᠰᠬᠣᠨ᠎ᠤ 70 ᠡᠷᠦᠬᠡ ᠬᠦᠴᠢᠷᠳᠡᠯᠲᠡᠶ ᠣᠯᠠᠨ ᠲᠦᠮᠡᠨ᠎ᠢ ᠲᠣᠬᠣᠨᠢᠭᠤᠯᠵᠤ᠂ 70 ᠤᠭᠤᠲᠠ ᠲᠤᠲᠤᠷᠭ᠎ᠠ᠂ 70 ᠰᠠᠭᠤᠯᠠᠭ᠎ᠠ᠎ᠲᠠᠢ ᠣᠯᠣᠰᠣᠨ ᠲᠣᠰᠣ ᠪᠠ 140 ᠤᠭᠤᠲᠠ ᠭᠤᠯᠢᠷ ᠲᠦᠭᠡᠭᠡᠵᠡᠶ᠃
    ᠡᠨᠡ ᠤᠳᠠᠭ᠋ᠠᠨ᠎ᠤ ᠴᠠᠭ᠋ᠠᠨ ᠰᠠᠷ᠎ᠠ ᠵᠢᠨ ᠲᠣᠬᠣᠨᠢᠭᠤᠯᠬᠤ ᠠᠵᠢᠯᠯᠠᠭ᠎ᠠ᠎ᠨᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠪᠣᠯᠤᠨ ᠪᠠᠶᠠᠨᠲᠠᠯ᠎ᠠ ᠲᠣᠰᠬᠣᠨ᠎ᠤ ᠠᠷᠠᠳ᠎ᠤᠨ ᠬᠣᠭᠣᠷᠣᠨᠳᠣᠬᠢ ᠬᠠᠶ᠋ᠢᠷ᠎ᠠ ᠰᠡᠳᠬᠢᠯᠭᠡ ᠵᠢ ᠣᠶ᠋ᠢᠷᠠᠲᠤᠭᠤᠯᠤᠭᠰᠠᠨ ᠵᠶ᠋ᠠᠷ ᠪᠠᠷᠠᠬᠤ ᠦᠭᠡᠶ᠂ ᠪᠠᠶᠠᠨᠲᠠᠯ᠎ᠠ ᠲᠣᠰᠬᠣᠨ᠎ᠤ ᠶᠠᠳᠠᠭᠤ ᠬᠦᠴᠢᠷᠳᠡᠯᠲᠡᠢ ᠤᠯᠠᠨ ᠲᠦᠮᠡᠨ᠎ᠳᠤ ᠨᠠᠮ ᠪᠣᠯᠤᠨ ᠵᠠᠰᠠᠭ᠎ᠤᠨ ᠣᠷᠳᠣᠨ᠎ᠤ ᠬᠠᠶ᠋ᠢᠷ᠎ᠠ ᠬᠠᠯᠠᠮᠵᠢ ᠵᠢ ᠬᠦᠷᠲᠡᠭᠡᠬᠦ ᠵᠢᠨ ᠬᠠᠮᠲᠤ ᠲᠡᠳᠡᠨ᠎ᠤ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢ ᠴᠢᠷᠮᠠᠶ᠋ᠢᠨ ᠪᠡᠶᠡᠯᠡᠭᠦᠯᠬᠦ ᠢᠲᠡᠭᠡᠯ ᠵᠣᠷᠢᠭ᠎ᠢ ᠪᠠᠲᠤᠳᠬᠠᠵᠤ᠂ ᠪᠠᠶᠠᠨᠲᠠᠯ᠎ᠠ ᠲᠣᠰᠬᠣᠨ᠎ᠤ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠬᠡᠬᠦ ᠪᠠ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢ ᠪᠦᠲᠦᠮᠵᠢᠲᠡᠢ ᠵᠣᠯᠭ᠋ᠠᠭᠤᠯᠬᠤ᠎ᠳᠤ ᠪᠠᠲᠤ ᠪᠡᠬᠢ ᠤᠯᠠᠨ ᠲᠦᠮᠡᠨ᠎ᠤ ᠰᠠᠭᠤᠷᠢ ᠵᠢ ᠲᠠᠯᠪᠢᠭᠰᠠᠨ ᠪᠠᠶ᠋ᠢᠨ᠎ᠠ᠃  

ᠢᠷᠡᠯᠲᠡ᠄ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠥᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠲᠤᠪᠴᠢᠶ᠎ᠠ
          
ᠬᠠᠮᠢᠶ᠎ᠡ ᠪᠦᠬᠦᠢ ᠰᠣᠨᠢᠨ
【ᠨᠢᠭᠡᠳᠦᠭᠡᠷ ᠱᠦᠵᠢ ᠵᠢᠨ ᠴᠤᠭ ᠵᠢᠪᠬᠤᠭ᠎ᠠ】 ᠳ᠋ᠠᠨ ᠶᠦᠩ ᠯᠢ᠄ ᠴᠡᠷᠢᠭ᠎ᠤᠨ ᠨᠣᠭᠣᠭ᠋ᠠᠨ ᠬᠤᠪᠴᠠᠰᠤ᠎ᠪᠠᠨ ᠲᠠᠢ᠍ᠢ᠍ᠯᠵᠤ ᠰᠢᠷ᠎ᠠ ᠬᠥᠷᠥᠰᠥᠨ᠎ᠳᠤ ᠬᠦᠴᠦ᠎ᠪᠠᠨ ᠵᠣᠷᠢᠭᠤᠯᠪᠠ
【ᠨᠢᠭᠡᠳᠦᠭᠡᠷ ᠱᠦᠵᠢ ᠵᠢᠨ ᠴᠣᠭ ᠵᠢᠪᠬᠤᠭ᠎ᠠ 】 ᠭᠦᠸᠧ ᠶᠠᠨ ᠯᠦᠩ᠄ 《ᠤᠳᠬᠤᠭᠤᠷ ᠲᠡᠷᠭᠡ》 ᠵᠢᠨ ᠱᠦᠵᠢ ᠣᠯᠠᠨ ᠲᠦᠮᠡᠨ᠎ᠤ ᠰᠡᠳᠬᠢᠯ᠎ᠢ ᠮᠡᠳᠡᠭᠴᠢ
【ᠶᠠᠳᠠᠭᠤ᠎ᠠᠴᠠ ᠠᠩᠭᠢᠵᠢᠷᠠᠭᠰᠠᠨ ᠦᠯᠢᠭᠡᠷ 】 《ᠮᠠᠨ᠎ᠤ ᠭᠡᠷ ᠶᠠᠳᠠᠭᠤ ᠬᠦᠴᠢᠷᠳᠡᠯᠲᠡᠢ ᠡᠷᠦᠬᠡ ᠪᠠᠶ᠋ᠢᠭᠰᠠᠨ᠎ᠠᠴᠠ᠎ᠪᠠᠨ ᠪᠠᠶᠠᠨ ᠴᠢᠨᠡᠭᠡᠯᠢᠭ ᠡᠷᠦᠬᠡ ᠪᠣᠯᠵᠠᠢ》
【ᠦᠨᠳᠦᠰᠦᠨ ᠱᠠᠲᠤᠨ᠎ᠤ ᠴᠤᠭ ᠵᠢᠪᠬᠤᠭ᠎ᠠ】 ᠴᠢ ᠰᠢᠶᠤᠤ ᠵᠢᠩ᠄ ᠬᠥᠳᠡᠭᠡ ᠲᠣᠰᠬᠣᠨ᠎ᠤ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠦᠷ᠎ᠡ ᠪᠦᠲᠦᠭᠡᠯ ᠭᠠᠷᠭ᠋ᠠᠨ᠎ᠠ
【ᠦᠨᠳᠦᠰᠦᠨ ᠱᠠᠲᠤᠨ᠎ᠤ ᠴᠤᠭ ᠵᠢᠪᠬᠤᠭ᠎ᠠ】 ᠴᠢ ᠰᠢᠶᠤᠤ ᠵᠢᠩ᠄ ᠬᠥᠳᠡᠭᠡ ᠲᠣᠰᠬᠣᠨ᠎ᠤ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠦᠷ᠎ᠡ ᠪᠦᠲᠦᠭᠡᠯ ᠭᠠᠷᠭ᠋ᠠᠨ᠎ᠠ
 
            