ᠬᠠᠬᠢᠷ ᠡᠪᠦᠯ᠎ᠤᠨ ᠤᠯᠠᠷᠢᠯ᠎ᠳᠤ᠂ ᠲᠠᠯᠠᠳ ᠬᠣᠰᠢᠭᠤᠨ᠎ᠤ ᠡᠩᠬᠡᠪᠠᠢ ᠪᠠᠯᠭ᠋ᠠᠰᠤᠨ᠎ᠤ ᠤᠯᠠᠭ᠋ᠠᠨ ᠲᠣᠰᠬᠣᠨ᠎ᠳᠤ ᠬᠦᠷᠬᠦ᠎ᠳᠤ᠂ ᠵᠠᠮ᠎ᠤᠨ ᠬᠣᠶᠠᠷ ᠬᠠᠵᠠᠭᠤ᠎ᠪᠠᠷ ᠬᠡᠷ ᠪᠠᠶ᠋ᠢᠰᠢᠩ ᠲᠡᠭᠰᠢ ᠴᠡᠪᠡᠷᠬᠡᠨ᠂ ᠬᠦᠷᠢᠶ᠎ᠡ ᠬᠠᠰᠢᠶ᠎ᠠ ᠴᠡᠪᠡᠷ ᠴᠡᠮᠴᠡᠭᠡᠷ ᠬᠠᠷᠠᠭᠳᠠᠨ᠎ᠠ᠃ ᠲᠦᠯᠡᠰᠢ ᠵᠢ ᠪᠤᠯᠤᠩ᠎ᠳᠤ ᠡᠮᠬᠢ ᠳᠠᠷᠠᠭ᠎ᠠ᠎ᠲᠠᠢ᠎ᠪᠠᠷ ᠣᠪᠣᠭ᠋ᠠᠯᠠᠨ ᠲᠠᠯᠪᠢᠵᠤ᠂ ᠬᠡᠷ᠎ᠤᠨ ᠵᠢᠭᠦᠷᠲᠡᠨ᠎ᠢ ᠬᠠᠰᠢᠶᠠᠯᠠᠨ ᠲᠡᠵᠢᠭᠡᠭᠡᠳ᠂ ᠥᠩᠭᠡᠷᠡᠭᠰᠡᠨ᠎ᠤ ᠪᠤᠵᠠᠷ ᠮᠠᠭᠤᠬᠠᠶ ᠬᠠᠭᠤᠴᠢᠨ ᠳᠦᠷᠰᠦ ᠪᠠᠶ᠋ᠢᠳᠠᠯ᠎ᠨᠢ ᠨᠢᠭᠡᠨᠲᠡ ᠪᠤᠴᠠᠯᠲᠠ ᠥᠬᠡᠶ ᠠᠷᠢᠯᠵᠠᠶ᠃ ᠤᠳᠤ ᠵᠢᠨ ᠤᠯᠠᠭ᠋ᠠᠨ ᠲᠣᠰᠬᠣᠨ᠎ᠳᠤ᠂ ᠲᠣᠰᠬᠣᠨ᠎ᠤ ᠳᠦᠷᠰᠦ ᠪᠠᠶ᠋ᠢᠳᠠᠯ᠎ᠨᠢ ᠭᠤᠶᠤ᠂ ᠠᠵᠤ ᠦᠢ᠍ᠯᠡᠰ᠎ᠨᠢ ᠬᠥᠭᠵᠢᠯ ᠪᠠᠳᠠᠷᠠᠯ᠎ᠲᠠᠢ᠃
ᠯᠢᠦ ᠶᠠ ᠯᠧᠦ᠎ᠲᠠᠢ ᠠᠭᠤᠯᠵᠠᠬᠤ ᠦᠶ᠎ᠡ᠎ᠳᠤ᠂ ᠲᠡᠷᠡ ᠶᠠᠭ ᠤᠯᠠᠭ᠋ᠠᠨ ᠲᠣᠰᠬᠣᠨ᠂ ᠤᠯᠠᠭ᠋ᠠᠨ ᠠᠮᠢᠳᠤ ᠪᠣᠳᠠᠰ᠎ᠤᠨ ᠮᠠᠰ᠎ᠤᠨ ᠮᠥᠬᠥᠯᠢᠭ᠎ᠤᠨ ᠦᠢ᠍ᠯᠡᠳᠪᠦᠷᠢ᠎ᠳᠤ ᠮᠠᠰᠢᠨ᠎ᠤ ᠠᠵᠢᠯᠯᠠᠭ᠋ᠠᠨ᠎ᠤ ᠪᠠᠶ᠋ᠢᠳᠠᠯ᠎ᠢ ᠲᠠᠨᠢᠯᠴᠠᠭᠤᠯᠵᠤ ᠪᠠᠶ᠋ᠢᠪᠠ᠃
《ᠶᠠᠮᠠᠷ ᠴᠤ᠌ ᠤᠴᠢᠷ ᠦᠭᠡᠶ᠂ ᠪᠢ ᠡᠨᠳᠡ ᠰᠠᠭᠤᠬᠤ ᠨᠡᠩ ᠳᠤᠷᠠᠲᠠᠶ》 ᠭᠡᠵᠦ ᠡᠳᠦᠷ ᠪᠦᠷᠢ ᠲᠣᠰᠬᠣᠨ ᠵᠶ᠋ᠠᠷ ᠲᠣᠭᠣᠷᠢᠵᠤ᠂ ᠣᠷᠴᠢᠨ ᠲᠣᠭᠣᠷᠢᠨ᠎ᠤ ᠠᠷᠢᠭᠤᠨ ᠴᠡᠪᠡᠷ᠎ᠢ ᠪᠠᠶ᠋ᠢᠴᠠᠭ᠋ᠠᠨ ᠦᠵᠡᠵᠦ᠂ ᠬᠡᠷᠡᠭᠴᠡᠭᠡ᠎ᠲᠠᠢ ᠡᠷᠦᠬᠡ ᠵᠢ ᠬᠠᠪᠰᠤᠷᠬᠤ᠎ᠨᠢ ᠨᠢᠭᠡᠨᠲᠡ ᠯᠢᠦ ᠶᠠ ᠯᠧᠦ ᠵᠢᠨ ᠵᠠᠩᠰᠢᠯ ᠪᠣᠯᠵᠠᠶ᠃
ᠡᠨᠡ ᠵᠢᠯ 32 ᠨᠠᠰᠤᠲᠠᠢ ᠯᠢᠦ ᠶᠠ ᠯᠧᠦ 2021 ᠣᠨ᠎ᠤ 7 ᠰᠠᠷ᠎ᠠ᠎ᠳᠤ ᠳᠠᠯᠠᠳ ᠬᠣᠰᠢᠭᠤᠨ᠎ᠤ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢ ᠨᠢᠭᠡᠳᠦᠯᠲᠡᠢ ᠲᠥᠯᠥᠪᠵᠢᠭᠦᠯᠦᠨ ᠬᠥᠭᠵᠢᠭᠦᠯᠬᠦ ᠲᠥᠪ᠎ᠠᠴᠠ ᠤᠯᠠᠭ᠋ᠠᠨ ᠲᠣᠰᠬᠣᠨ᠎ᠳᠤ ᠨᠢᠭᠡᠳᠦᠭᠡᠷ ᠱᠦᠵᠢ ᠵᠢᠨ ᠲᠤᠰᠢᠶᠠᠯ᠎ᠢ ᠡᠭᠦᠷᠭᠡᠯᠡᠭᠦᠯᠬᠦ᠎ᠪᠠᠷ ᠰᠣᠩᠭᠣᠭᠳᠠᠪᠠ᠃ ᠲᠣᠰᠬᠣᠨ᠎ᠳᠤ ᠰᠠᠭᠤᠭᠰᠠᠨ᠎ᠠᠴᠠ ᠨᠠᠰᠢ᠂ ᠲᠡᠷᠡ ᠲᠣᠰᠬᠣᠨ᠎ᠤ 《ᠬᠣᠶᠠᠷ ᠵᠥᠪᠯᠡᠯ》᠎ᠤᠨ ᠪᠠᠭ᠎ᠤᠨ ᠪᠦᠷᠢᠯᠳᠦᠬᠦᠨ᠎ᠲᠠᠢ ᠬᠠᠮᠲᠤ᠎ᠪᠠᠷ ᠴᠢᠷᠮᠠᠶ᠋ᠢᠵᠤ ᠪᠠᠶ᠋ᠢᠭ᠋ᠠᠳ ᠨᠠᠮ᠎ᠤᠨ ᠡᠭᠦᠷ᠎ᠢ ᠬᠦᠴᠦᠷᠬᠡᠭᠵᠢᠭᠦᠯᠵᠦ᠂ ᠠᠵᠤ ᠦᠢ᠍ᠯᠡᠰ᠎ᠢ ᠬᠥᠭᠵᠢᠭᠦᠯᠵᠦ᠂ ᠤᠯᠠᠨ ᠲᠠᠯ᠎ᠠ ᠵᠢᠨ᠎ᠬᠢᠨ ᠪᠡᠯᠡ ᠮᠥᠩᠭᠥ ᠵᠢ ᠵᠣᠬᠢᠴᠠᠭᠤᠯᠤᠨ ᠤᠯᠠᠭ᠋ᠠᠨ᠎ᠤ ᠠᠮᠢᠳᠤ ᠪᠣᠳᠠᠰ᠎ᠤᠨ ᠮᠠᠰ᠎ᠤᠨ ᠮᠥᠬᠥᠯᠢᠭ᠎ᠤᠨ ᠦᠢ᠍ᠯᠡᠳᠪᠦᠷᠢ ᠵᠢ ᠪᠠᠶ᠋ᠢᠭᠤᠯᠵᠤ᠂ ᠲᠣᠰᠬᠣᠨ᠎ᠤ ᠬᠠᠮᠲᠤ ᠵᠢᠨ ᠠᠵᠤ ᠠᠬᠤᠢ ᠤᠤᠯ᠎ᠤᠨ 5 ᠲᠦᠮᠡᠨ ᠲᠥᠭᠥᠷᠢᠭ ᠪᠠᠶ᠋ᠢᠭᠰᠠᠨ᠎ᠠᠴᠠ᠎ᠪᠠᠨ ᠤᠳᠤ 20 ᠲᠦᠮᠡᠨ ᠲᠥᠭᠥᠷᠢᠭ ᠪᠣᠯᠤᠨ ᠨᠡᠮᠡᠭᠳᠡᠪᠡ᠃
ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ ᠪᠣᠯᠤᠭᠰᠠᠨ᠎ᠤ ᠬᠤᠪᠢ᠎ᠳᠤ ᠤᠷᠢᠳᠠᠪᠠᠷ ᠲᠣᠰᠬᠣᠨ᠎ᠤ ᠰᠠᠢ᠍ᠢ᠍ᠨ ᠬᠥᠮᠦᠨ ᠪᠣᠯᠬᠤ ᠬᠡᠷᠡᠭᠲᠡᠢ᠂ ᠯᠢᠦ ᠶᠠ ᠯᠧᠦ ᠦᠷᠭᠦᠯᠵᠢ 《ᠶᠠᠭᠤ ᠬᠢᠬᠦ᠂ ᠶᠠᠭ᠋ᠠᠬᠢᠵᠤ ᠬᠢᠬᠦ》 ᠵᠢ ᠪᠣᠳᠣᠯᠬᠢᠯᠠᠵᠤ᠂ ᠠᠶ᠋ᠢᠯ ᠡᠷᠦᠬᠡ᠎ᠪᠠᠷ ᠬᠦᠷᠴᠦ ᠲᠣᠰᠬᠣᠨ᠎ᠤ ᠨᠡᠶ᠋ᠢᠭᠡᠮ᠎ᠤᠨ ᠪᠠᠶ᠋ᠢᠳᠠᠯ ᠠᠷᠠᠳ᠎ᠤᠨ ᠰᠠᠨᠠᠭ᠎ᠠ ᠵᠢ ᠣᠶ᠋ᠢᠯᠠᠭ᠋ᠠᠵᠤ᠂ ᠮᠠᠰᠢ ᠲᠦᠷᠭᠡᠨ ᠵᠶ᠋ᠠᠷ ᠰᠢᠨ᠎ᠡ ᠳᠦᠷᠢ᠎ᠳᠤ ᠣᠷᠣᠵᠤ᠂ ᠰᠢᠨ᠎ᠡ ᠠᠵᠢᠯ᠎ᠤᠨ ᠪᠠᠶ᠋ᠢᠷᠢ᠎ᠳᠤ ᠵᠣᠬᠢᠴᠠᠵᠤ᠂ ᠠᠷᠠᠳ ᠤᠯᠠᠨ᠎ᠤ ᠰᠡᠳᠬᠢᠯ᠎ᠤᠨ ᠦᠭᠡ ᠵᠢ ᠰᠣᠨᠣᠰᠴᠤ᠂ ᠠᠷᠠᠳ ᠤᠯᠠᠨ᠎ᠳᠤ ᠢᠯᠡᠭᠦᠬᠡᠨ ᠤᠴᠢᠷ ᠶᠠᠪᠤᠳᠠᠯ ᠪᠦᠲᠦᠭᠡᠵᠦ᠂ ᠪᠣᠳᠠᠲᠤ ᠠᠵᠢᠯᠯᠠᠭ᠎ᠠ᠎ᠪᠠᠷ ᠵᠶ᠋ᠠᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠬᠦᠴᠦᠨ ᠨᠡᠮᠡᠷᠢᠯᠡᠵᠡᠢ᠃
ᠨᠢᠭᠡ ᠤᠳᠠᠭ᠋ᠠᠨ᠎ᠤ ᠠᠶ᠋ᠢᠯᠴᠢᠯᠠᠯᠲᠠ ᠵᠢᠨ ᠳᠤᠮᠳᠠ ᠯᠢᠦ ᠶᠠ ᠯᠧᠦ 65 ᠨᠠᠰᠤᠲᠠᠶ ᠴᠡᠷᠢᠭ᠎ᠠᠴᠠ ᠬᠠᠯᠠᠭᠳᠠᠭᠰᠠᠨ ᠵᠡᠮᠳᠡᠭ ᠬᠥᠮᠦᠨ ᠰᠢᠤᠢ ᠹᠠᠩ ᠱᠤ ᠵᠢᠨ ᠬᠥᠳᠡᠯᠮᠦᠷᠢ ᠵᠢᠨ ᠴᠢᠳᠠᠪᠤᠷᠢ ᠪᠠᠭᠤᠷᠠᠶ ᠪᠠᠶ᠋ᠢᠬᠤ ᠵᠢ ᠣᠶ᠋ᠢᠯᠠᠭ᠋ᠠᠵᠤ᠂ ᠲᠡᠳᠡᠨ᠎ᠢ ᠬᠠᠪᠰᠤᠷᠤᠨ ᠪᠣᠳᠠᠲᠠᠶ ᠬᠦᠴᠢᠷᠳᠡᠯ᠎ᠢ᠎ᠨᠢ ᠰᠢᠶᠳᠪᠦᠷᠢᠯᠡᠵᠦ ᠥᠭᠬᠦ ᠵᠢᠨ ᠬᠠᠮᠲᠤ ᠦᠷᠭᠦᠯᠵᠢ ᠲᠡᠳᠡᠨ᠎ᠤ ᠭᠡᠷ᠎ᠲᠤ ᠣᠴᠢᠵᠤ ᠠᠵᠢᠯ ᠬᠠᠪᠰᠤᠷᠳᠠᠭ ᠪᠠᠶ᠋ᠢᠪᠠ᠃
ᠯᠢᠦ ᠶᠠ ᠯᠧᠦ 2010 ᠣᠨ᠎ᠤ 12 ᠰᠠᠷ᠎ᠠ᠎ᠳᠤ ᠴᠡᠷᠢᠭ᠎ᠠᠴᠠ ᠬᠠᠯᠠᠭᠳᠠᠵᠤ᠂ ᠴᠡᠷᠢᠭ᠎ᠠᠴᠠ ᠬᠠᠯᠠᠭᠳᠠᠭᠰᠠᠨ᠎ᠤ ᠳᠠᠷᠠᠭ᠎ᠠ᠂ ᠮᠥᠨ ᠯᠡ ᠴᠡᠷᠢᠭ᠎ᠤᠨ ᠬᠥᠮᠦᠨ᠎ᠤ ᠪᠠᠷᠢᠮᠵᠢᠶ᠎ᠠ᠎ᠪᠠᠷ ᠥᠪᠡᠷ᠎ᠢ᠎ᠪᠠᠨ ᠴᠢᠩᠭ᠎ᠠ ᠱᠠᠭ᠋ᠠᠷᠳᠠᠵᠤ ᠪᠠᠶ᠋ᠢᠪᠠ᠃ ᠨᠣᠭᠣᠭ᠋ᠠᠨ ᠴᠡᠷᠢᠭ᠎ᠤᠨ ᠬᠤᠪᠴᠠᠰᠤ᠎ᠪᠠᠨ ᠲᠠᠢ᠍ᠯᠤᠭ᠋ᠠᠳ ᠰᠢᠷ᠎ᠠ ᠰᠢᠷᠣᠶ᠎ᠳᠤ ᠣᠷᠣᠪᠠ᠃ 《ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ ᠵᠢᠨ ᠲᠡᠷᠡ ᠮᠥᠴᠡ᠎ᠠᠴᠠ ᠡᠬᠢᠯᠡᠨ᠂ ᠪᠢ ᠥᠪᠡᠷ᠎ᠤᠨ ᠴᠢᠷᠮᠠᠶ᠋ᠢᠯᠭ᠎ᠠ᠎ᠪᠠᠷ ᠵᠶ᠋ᠠᠨ ᠲᠣᠰᠬᠣᠨ᠎ᠤ ᠠᠷᠠᠳ ᠵᠶ᠋ᠠᠨ ᠪᠠᠶᠠᠵᠢᠭᠤᠯᠵᠤ᠂ ᠠᠮᠢᠳᠤᠷᠠᠯ ᠡᠳᠦᠷ᠎ᠠᠴᠠ ᠡᠳᠦᠷ ᠥᠭᠡᠳᠡᠯᠡᠨ ᠰᠠᠶ᠋ᠢᠵᠢᠷᠠᠬᠤ ᠵᠢ ᠬᠦᠰᠡᠵᠦ ᠪᠠᠶ᠋ᠢᠨ᠎ᠠ》᠃
ᠬᠡᠳᠦᠶ᠋ᠢᠪᠡᠷ ᠲᠣᠰᠬᠣᠨ᠎ᠳᠤ ᠤᠳᠠᠭ᠋ᠠᠨ ᠰᠠᠭᠤᠭᠰᠠᠨ ᠦᠭᠡᠢ ᠪᠣᠯᠪᠠᠴᠤ ᠯᠢᠦ ᠶᠠ ᠯᠧᠦ ᠲᠣᠰᠬᠣᠨ᠎ᠤ ᠬᠥᠮᠦᠰ᠎ᠲᠠᠢ ᠮᠠᠰᠢ ᠲᠠᠨᠢᠯ ᠲᠠᠰᠤᠯ ᠪᠣᠯᠵᠠᠢ᠃ ᠡᠳᠦᠷ ᠲᠤᠳᠤᠮ᠎ᠤᠨ ᠲᠣᠰᠬᠣᠨ᠎ᠤ ᠠᠷᠠᠳ᠎ᠢ ᠰᠤᠷᠪᠤᠯᠵᠢᠯᠠᠬᠤ᠎ᠠᠴᠠ ᠭᠠᠳᠠᠨ᠎ᠠ᠂ ᠲᠠᠷᠢᠶᠠᠨ ᠭᠠᠵᠠᠷ᠎ᠤᠨ ᠤᠰᠤᠨ ᠠᠰᠢᠭᠯᠠᠯᠲᠠ᠂ ᠠᠵᠤ ᠦᠢ᠍ᠯᠡᠰ᠎ᠤᠨ ᠬᠥᠭᠵᠢᠯᠲᠡ ᠵᠡᠷᠭᠡ ᠡᠯ᠎ᠡ ᠵᠦᠢ᠍ᠯ᠎ᠤᠨ ᠠᠵᠢᠯ᠎ᠤᠨ ᠳᠤᠮᠳᠠ᠂ ᠯᠢᠦ ᠶᠠ ᠯᠧᠦ ᠲᠣᠰᠬᠣᠨ᠎ᠤ ᠬᠥᠮᠦᠰ᠎ᠲᠤ ᠵᠠᠯᠠᠭᠤ ᠨᠠᠰᠤᠨ᠎ᠤ᠂ ᠬᠦᠴᠢᠷ ᠵᠣᠪᠠᠭᠤᠷᠢ ᠵᠢ ᠠᠮᠰᠠᠬᠤ ᠰᠠᠢ᠍ᠢ᠍ᠨ ᠰᠠᠭᠤᠭᠳᠠᠯ ᠦᠯᠡᠳᠡᠭᠡᠵᠡᠢ᠃
ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠠᠵᠤ ᠦᠢ᠍ᠯᠡᠰ᠎ᠢ ᠡᠷᠬᠡᠪᠰᠢ ᠤᠷᠢᠳᠠᠪᠠᠷ ᠬᠥᠭᠵᠢᠭᠦᠯᠬᠦ ᠬᠡᠷᠡᠭᠲᠡᠢ᠃ ᠯᠢᠦ ᠶᠠ ᠯᠧᠦ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠠᠵᠢᠯ᠎ᠤᠨ ᠱᠠᠭ᠋ᠠᠷᠳᠠᠯᠭ᠎ᠠ ᠵᠢᠨ ᠲᠣᠭᠣᠷᠢᠨ᠎ᠳᠤ᠂ ᠤᠯᠠᠭ᠋ᠠᠨ ᠲᠣᠰᠬᠣᠨ᠎ᠤ ᠪᠣᠳᠠᠲᠤ ᠪᠠᠶ᠋ᠢᠳᠠᠯ᠎ᠳᠤ ᠰᠠᠭᠤᠷᠢᠯᠠᠵᠤ᠂ ᠬᠥᠭᠵᠢᠯᠲᠡ ᠵᠢᠨ ᠰᠡᠳᠬᠢᠴᠡ᠎ᠪᠠᠨ ᠲᠣᠳᠣᠷᠬᠠᠶ᠋ᠢᠯᠠᠵᠤ᠂ ᠠᠵᠤ ᠦᠢ᠍ᠯᠡᠰ ᠪᠣᠯᠤᠨ ᠲᠣᠰᠬᠣᠨ᠎ᠤ ᠬᠠᠮᠲᠤ ᠵᠢᠨ ᠠᠵᠤ ᠠᠬᠤᠢ ᠵᠢᠨ ᠬᠥᠭᠵᠢᠯᠲᠡ ᠵᠢ ᠲᠥᠯᠥᠪᠵᠢᠭᠦᠯᠪᠡ᠃ ᠤᠯᠠᠭ᠋ᠠᠨ ᠲᠣᠰᠬᠣᠨ᠎ᠤ ᠠᠵᠤ ᠦᠢ᠍ᠯᠡᠰ᠎ᠤᠨ ᠬᠥᠭᠵᠢᠯᠲᠡ ᠵᠢᠨ ᠳᠤᠲᠠᠭᠤᠳᠠᠯ᠎ᠢ ᠨᠥᠬᠥᠪᠥᠷᠢᠯᠡᠬᠦ ᠵᠢᠨ ᠲᠥᠯᠥᠭᠡ᠂ ᠯᠢᠦ ᠶᠠ ᠯᠧᠦ ᠠᠵᠤ ᠦᠢ᠍ᠯᠡᠰ᠎ᠤᠨ ᠬᠥᠭᠵᠢᠯᠲᠡ ᠵᠢᠨ ᠲᠦᠷᠦᠯ ᠵᠦᠢ᠍ᠯ᠎ᠤᠨ ᠪᠡᠯᠡ ᠮᠥᠩᠭᠥ ᠵᠢ 397 ᠲᠦᠮᠡᠨ ᠲᠥᠭᠥᠷᠢᠭ ᠤᠯᠬᠤ᠎ᠪᠠᠷ ᠤᠯᠠᠨ ᠲᠠᠯ᠎ᠠ ᠵᠢᠨ᠎ᠬᠢᠨ ᠵᠣᠬᠢᠴᠠᠭᠤᠯᠵᠤ᠂ ᠠᠮᠢᠳᠤ ᠪᠣᠳᠠᠰ᠎ᠤᠨ ᠮᠠᠰ᠎ᠤᠨ ᠮᠥᠬᠥᠯᠢᠭ ᠪᠣᠯᠪᠠᠰᠤᠷᠠᠭᠤᠯᠬᠤ ᠦᠢ᠍ᠯᠡᠳᠪᠦᠷᠢ ᠲᠣᠰᠬᠣᠨ᠎ᠤ ᠬᠠᠮᠲᠤ ᠵᠢᠨ ᠠᠵᠤ ᠠᠬᠤᠢ ᠵᠢᠨ ᠲᠦᠷᠦᠯ ᠵᠦᠢ᠍ᠯ᠎ᠢ 1 ᠰᠢᠨ᠎ᠡ᠎ᠪᠠᠷ ᠪᠠᠶ᠋ᠢᠭᠤᠯᠵᠤ᠂ ᠰᠠᠭᠤᠷᠢ ᠲᠥᠬᠥᠭᠡᠷᠦᠮᠵᠢ ᠵᠢᠨ ᠪᠦᠳᠦᠭᠡᠨ ᠪᠠᠶ᠋ᠢᠭᠤᠯᠤᠯᠲᠠ ᠵᠢ ᠨᠢᠭᠡᠨᠲᠡ ᠳᠠᠭᠤᠰᠬᠠᠵᠤ᠂ ᠶᠠᠭ ᠲᠥᠬᠥᠭᠡᠷᠦᠮᠵᠢ ᠵᠢ ᠲᠤᠷᠰᠢᠨ ᠳᠤᠬᠢᠷᠠᠭᠤᠯᠵᠤ ᠪᠤᠢ᠂ ᠠᠰᠢᠭᠯᠠᠯᠲᠠ᠎ᠳᠤ ᠣᠷᠣᠭᠤᠯᠤᠭᠰᠠᠨ᠎ᠤ ᠳᠠᠷᠠᠭ᠎ᠠ ᠪᠣᠯᠪᠠᠰᠤᠷᠠᠭᠤᠯᠬᠤ ᠦᠢ᠍ᠯᠡᠳᠪᠦᠷᠢ᠎ᠨᠢ ᠲᠤᠬᠠᠢ ᠵᠢᠨ ᠭᠠᠵᠠᠷ ᠪᠣᠯᠤᠨ ᠡᠷᠬᠢᠨ ᠲᠣᠭᠣᠷᠢᠨ᠎ᠤ ᠰᠢᠶᠠᠩ ᠪᠠᠯᠭ᠋ᠠᠰᠤ ᠵᠢᠨ ᠡᠰᠢ ᠰᠦᠷᠡᠯ᠎ᠢ ᠬᠤᠷᠢᠶᠠᠨ ᠠᠪᠤᠭᠰᠠᠨ᠎ᠤ ᠳᠠᠷᠠᠭ᠎ᠠ᠂ ᠬᠡᠮᠬᠡᠯᠬᠦ᠂ ᠰᠢᠯᠢᠨ ᠰᠣᠩᠭᠣᠬᠤ᠂ ᠬᠣᠯᠢᠵᠤ ᠳᠠᠷᠤᠭ᠋ᠠᠳ ᠲᠡᠵᠢᠭᠡᠯ ᠪᠣᠷᠳᠣᠭ᠋ᠠᠨ᠎ᠤ ᠮᠥᠬᠥᠯᠢᠭ ᠪᠣᠯᠭ᠋ᠠᠨ ᠭᠠᠳᠠᠭᠰᠢ ᠪᠣᠷᠣᠯᠠᠭᠤᠯᠪᠠ; ᠡᠷᠬᠢᠨ ᠲᠣᠭᠣᠷᠢᠨ᠎ᠤ ᠵᠠᠷᠢᠮ ᠬᠠᠶᠠᠭᠳᠠᠮᠠᠯ ᠮᠣᠳᠣ ᠵᠡᠷᠭᠡ ᠠᠮᠢᠳᠤ ᠪᠣᠳᠠᠰ᠎ᠤᠨ ᠬᠣᠭ ᠨᠣᠪᠰᠢ ᠵᠢ ᠬᠡᠮᠬᠡᠬᠦ᠂ ᠬᠡᠮᠬᠡᠬᠦ᠂ ᠰᠢᠷᠣᠶ ᠠᠷᠢᠯᠭ᠋ᠠᠬᠤ᠎ᠪᠠᠷ ᠳᠠᠮᠵᠢᠭᠤᠯᠤᠨ ᠠᠮᠢᠳᠤ ᠪᠣᠳᠠᠰ᠎ᠤᠨ ᠲᠦᠯᠡᠰᠢ ᠵᠢᠨ ᠮᠥᠬᠥᠯᠢᠭ᠎ᠢ ᠳᠠᠷᠤᠵᠤ ᠴᠠᠬᠢᠯᠭ᠋ᠠᠨ ᠦᠢ᠍ᠯᠡᠳᠪᠦᠷᠢ᠂ ᠡᠮ᠎ᠤᠨ ᠦᠢ᠍ᠯᠡᠳᠪᠦᠷᠢ᠎ᠳᠤ ᠬᠠᠩᠭ᠋ᠠᠬᠤ ᠬᠡᠷᠡᠭᠲᠡᠶ᠃ ᠭᠠᠷᠤᠯᠲᠠ᠎ᠨᠢ ᠴᠠᠭ ᠪᠦᠷᠢ 3 ᠲᠣᠨ ᠣᠷᠴᠢᠮ ᠪᠠᠶ᠋ᠢᠪᠠᠯ᠂ ᠲᠣᠰᠬᠣᠨ᠎ᠤ ᠬᠠᠮᠲᠤ ᠵᠢᠨ ᠠᠵᠤ ᠠᠬᠤᠶ ᠵᠢᠨ ᠵᠢᠯ᠎ᠤᠨ ᠠᠰᠢᠭ ᠣᠷᠣᠯᠭ᠎ᠠ ᠵᠢ 20 ᠲᠦᠮᠡᠨ ᠲᠥᠭᠥᠷᠢᠭ ᠪᠡᠶᠡᠯᠡᠭᠦᠯᠵᠦ᠂ ᠡᠷᠬᠢᠨ ᠲᠣᠭᠣᠷᠢᠨ᠎ᠤ ᠲᠣᠰᠬᠣᠨ᠎ᠤ ᠠᠷᠠᠳ᠎ᠢ ᠳᠠᠶ᠋ᠢᠴᠢᠯᠠᠨ 6 ᠬᠥᠮᠦᠨ᠎ᠳᠤ ᠠᠵᠢᠯ ᠣᠯᠭᠣᠬᠤ ᠵᠢᠨ ᠬᠠᠮᠲᠤ ᠶᠠᠳᠠᠭᠤ᠎ᠠᠴᠠ ᠠᠩᠭᠢᠵᠢᠷᠠᠭᠰᠠᠨ ᠡᠷᠦᠬᠡ ᠵᠢ ᠤᠷᠢᠳᠠᠪᠠᠷ ᠡᠯᠰᠡᠨ ᠬᠡᠷᠡᠭᠯᠡᠵᠦ᠂ ᠡᠰᠢ ᠰᠦᠷᠡᠯ᠎ᠢ ᠡᠬᠢ ᠪᠠᠶᠠᠯᠢᠭᠵᠢᠭᠤᠯᠤᠨ ᠠᠰᠢᠭᠯᠠᠬᠤ ᠵᠢ ᠵᠢᠯ ᠪᠦᠷᠢ 5000 ᠲᠣᠨ ᠪᠡᠶᠡᠯᠡᠭᠦᠯᠵᠦ᠂ ᠥᠭᠦᠭᠰᠡᠨ ᠮᠣᠳᠣ᠂ ᠬᠠᠶᠠᠭᠳᠠᠮᠠᠯ ᠮᠣᠳᠣ ᠵᠢ ᠵᠢᠯ ᠪᠦᠷᠢ 3000 ᠲᠣᠨ ᠪᠣᠯᠪᠠᠰᠤᠷᠠᠭᠤᠯᠵᠤ ᠬᠣᠷᠢᠶᠠᠨ ᠠᠪᠬᠤ ᠵᠢ ᠪᠡᠶᠡᠯᠡᠭᠦᠯᠵᠦ᠂ ᠤᠯᠠᠭ᠋ᠠᠨ ᠲᠣᠰᠬᠣᠨ᠎ᠤ ᠬᠥᠮᠦᠰ᠎ᠤᠨ ᠣᠷᠣᠰᠢᠨ ᠰᠠᠭᠤᠬᠤ ᠣᠷᠴᠢᠨ ᠲᠣᠭᠣᠷᠢᠨ᠎ᠢ ᠴᠡᠭᠴᠡᠯᠡᠨ ᠵᠠᠰᠠᠬᠤ᠎ᠳᠤ ᠵᠢᠯ ᠪᠦᠷᠢ 2000 ᠲᠣᠨ ᠠᠮᠢᠳᠤ ᠪᠣᠳᠠᠰ᠎ᠤᠨ ᠬᠣᠭ ᠨᠣᠪᠰᠢ ᠵᠢ ᠪᠠᠭ᠋ᠠᠰᠬᠠᠨ᠎ᠠ᠃
ᠨᠠᠮ᠎ᠤᠨ ᠭᠡᠰᠢᠭᠦᠨ᠎ᠤ ᠣᠯᠠᠨ ᠲᠦᠮᠡᠨ᠎ᠲᠠᠢ ᠬᠠᠷᠢᠯᠴᠠᠬᠤ 《ᠵᠢᠷᠭᠤᠭ᠋ᠠᠨ ᠨᠢᠭᠡ》 ᠵᠢᠨ ᠠᠵᠢᠯ᠎ᠤᠨ ᠲᠣᠭᠲᠠᠴᠠ ᠵᠢ ᠨᠠᠷᠢᠨ ᠬᠢᠨᠠᠮᠠᠭ᠋ᠠᠶ ᠨᠠᠶ᠋ᠢᠳᠠᠪᠤᠷᠢᠵᠢᠭᠤᠯᠵᠤ᠂ ᠣᠯᠠᠨ ᠲᠦᠮᠡᠨ᠎ᠤ ᠦᠢ᠍ᠯᠡᠳᠪᠦᠷᠢᠯᠡᠯ ᠠᠮᠢᠳᠤᠷᠠᠯ᠎ᠤᠨ ᠪᠠᠶ᠋ᠢᠳᠠᠯ᠎ᠢ ᠯᠠᠪᠳᠠᠭᠤᠨ ᠪᠠᠲᠤᠲᠠᠶ ᠡᠵᠡᠮᠰᠢᠵᠦ᠂ ᠣᠯᠠᠨ ᠲᠦᠮᠡᠨ ᠭᠡᠷ᠎ᠲᠤ᠎ᠨᠢ ᠬᠦᠷᠴᠦ ᠠᠰᠠᠭᠤᠳᠠᠯ᠎ᠢ ᠲᠤᠰᠬᠠᠵᠤ ᠪᠠᠶ᠋ᠢᠭᠰᠠᠨ᠎ᠠᠴᠠ᠎ᠪᠠᠨ ᠰᠠᠨᠠᠭ᠋ᠠᠴᠢᠯᠠᠭ᠎ᠠ᠎ᠠᠴᠠ᠎ᠪᠠᠨ ᠡᠷᠦᠬᠡ᠎ᠳᠤ ᠣᠷᠣᠵᠤ ᠠᠰᠠᠭᠤᠳᠠᠯ᠎ᠢ ᠡᠷᠢᠬᠦ ᠪᠣᠯᠵᠤ᠂ ᠪᠦᠬᠦ ᠲᠣᠰᠬᠣᠨ᠎ᠳᠤ ᠨᠡᠶ᠋ᠢᠲᠡ 61 ᠨᠠᠮ᠎ᠤᠨ ᠭᠡᠰᠢᠭᠦᠨ᠎ᠲᠠᠢ᠂ ᠨᠠᠰᠤ ᠠᠬᠠᠰᠢᠷᠠᠵᠤ ᠪᠡᠶ᠎ᠡ ᠮᠠᠭᠤᠳᠠᠭᠰᠠᠨ ᠵᠡᠷᠭᠡ ᠣᠯᠠᠨ ᠲᠦᠮᠡᠨ᠎ᠲᠠᠢ ᠬᠠᠷᠢᠯᠴᠠᠬᠤ ᠴᠢᠳᠠᠪᠤᠷᠢ ᠦᠭᠡᠶ 30 ᠨᠠᠮ᠎ᠤᠨ ᠭᠡᠰᠢᠭᠦᠨ᠎ᠢ ᠭᠠᠷᠭ᠋ᠠᠪᠠᠯ᠂ ᠦᠯᠡᠳᠡᠭᠰᠡᠨ 31 ᠨᠠᠮ᠎ᠤᠨ ᠭᠡᠰᠢᠭᠦᠨ ᠪᠦᠬᠦ ᠲᠣᠰᠬᠣᠨ᠎ᠤ 342 ᠡᠷᠦᠬᠡ ᠣᠯᠠᠨ ᠲᠦᠮᠡᠨ᠎ᠲᠠᠢ ᠬᠠᠷᠢᠯᠴᠠᠵᠤ᠂ ᠲᠣᠰᠬᠣᠨ᠎ᠤ ᠨᠠᠮ᠎ᠤᠨ ᠡᠭᠦᠷ᠎ᠤᠨ ᠬᠣᠶᠠᠷ ᠵᠥᠪᠯᠡᠯ ᠪᠣᠯᠤᠨ ᠲᠣᠰᠬᠣᠨ᠎ᠳᠤ ᠰᠠᠭᠤᠭ᠎ᠠ ᠠᠵᠢᠯᠯᠠᠬᠤ ᠠᠩᠭᠢ 31 ᠨᠠᠮ᠎ᠤᠨ ᠭᠡᠰᠢᠭᠦᠨ᠎ᠢ ᠳᠠᠭ᠋ᠠᠭᠤᠯᠤᠨ ᠣᠯᠠᠨ ᠲᠦᠮᠡᠨ᠎ᠤ ᠭᠡᠷ᠎ᠲᠤ ᠬᠦᠷᠴᠦ ᠠᠶ᠋ᠢᠯᠴᠢᠯᠠᠨ ᠰᠤᠷᠪᠤᠯᠵᠢᠯᠠᠪᠠ᠃ ᠣᠯᠠᠨ ᠲᠦᠮᠡᠨ᠎ᠤ ᠦᠢ᠍ᠯᠡᠳᠪᠦᠷᠢᠯᠡᠯ ᠠᠮᠢᠳᠤᠷᠠᠯ᠎ᠤᠨ ᠪᠠᠶ᠋ᠢᠳᠠᠯ᠎ᠢ ᠪᠦᠬᠦ ᠲᠠᠯ᠎ᠠ᠎ᠪᠠᠷ ᠡᠵᠡᠮᠰᠢᠵᠦ᠂ ᠤᠯᠠᠨ ᠲᠦᠮᠡᠨ᠎ᠳᠤ ᠣᠷᠣᠰᠢᠵᠤ ᠪᠠᠶ᠋ᠢᠭ᠎ᠠ ᠪᠣᠳᠠᠲᠠᠶ ᠬᠦᠴᠢᠷᠳᠡᠯ ᠪᠠ ᠠᠰᠠᠭᠤᠳᠠᠯ᠎ᠢ ᠰᠢᠶᠳᠪᠦᠷᠢᠯᠡᠵᠦ᠂ ᠤᠯᠠᠨ ᠲᠦᠮᠡᠨ᠎ᠢ ᠬᠠᠪᠰᠤᠷᠤᠨ ᠪᠣᠳᠠᠲᠠᠶ ᠬᠦᠴᠢᠷᠳᠡᠯ᠎ᠢ᠎ᠨᠢ ᠨᠡᠢ᠍ᠢ᠍ᠳᠡ 38 ᠬᠤᠪᠢ ᠰᠢᠶᠳᠪᠦᠷᠢᠯᠡᠵᠦ᠂ ᠭᠠᠷᠠᠭ ᠪᠦᠷᠢ ᠬᠠᠷᠢᠯᠴᠠᠬᠤ᠂ ᠬᠠᠭ᠋ᠠᠰ ᠰᠠᠷ᠎ᠠ ᠪᠦᠷᠢ ᠰᠤᠷᠪᠤᠯᠵᠢᠯᠠᠬᠤ᠂ ᠤᠯᠠᠨ ᠲᠦᠮᠡᠨ᠎ᠤ ᠬᠦᠴᠢᠷᠳᠡᠯ᠎ᠢ ᠴᠠᠭ ᠲᠤᠬᠠᠶ᠎ᠳᠤᠨᠢ ᠣᠶ᠋ᠢᠯᠠᠭ᠋ᠠᠬᠤ ᠵᠢ ᠪᠡᠶᠡᠯᠡᠭᠦᠯᠵᠦ᠂ ᠵᠠᠷᠢᠮ ᠬᠦᠴᠢᠷ ᠲᠦᠪᠡᠭᠲᠡᠶ ᠠᠰᠠᠭᠤᠳᠠᠯ᠎ᠢ ᠴᠠᠭ ᠲᠤᠬᠠᠶ᠎ᠳᠤᠨᠢ ᠰᠤᠳᠤᠯᠤᠨ ᠰᠢᠶᠳᠪᠦᠷᠢᠯᠡᠵᠦ᠂ ᠤᠯᠠᠨ ᠲᠦᠮᠡᠨ᠎ᠤ ᠬᠦᠴᠢᠷᠳᠡᠯ᠎ᠲᠠᠢ 5 ᠠᠰᠠᠭᠤᠳᠠᠯ᠎ᠢ ᠰᠢᠶᠳᠪᠦᠷᠢᠯᠡᠵᠦ᠂ ᠤᠯᠠᠨ ᠲᠦᠮᠡᠨ᠎ᠲᠠᠢ ᠬᠠᠷᠢᠯᠴᠠᠬᠤ ᠪᠠ ᠤᠯᠠᠨ ᠲᠦᠮᠡᠨ᠎ᠳᠤ ᠦᠢ᠍ᠯᠡᠴᠢᠯᠡᠬᠦ 《ᠡᠴᠦᠰ᠎ᠤᠨ ᠨᠢᠭᠡ ᠺᠢᠯᠣᠮᠧᠲᠷ》᠎ᠢ ᠦᠨᠡᠨ ᠬᠦ᠌ ᠨᠡᠪᠲᠡᠷᠡᠭᠦᠯᠵᠦ᠂ ᠥᠷᠭᠡᠨ ᠤᠯᠠᠨ ᠲᠦᠮᠡᠨ᠎ᠤ ᠮᠠᠭᠲᠠᠭ᠋ᠠᠯ ᠰᠠᠶ᠋ᠢᠰᠢᠶᠠᠯ᠎ᠢ ᠣᠯᠤᠭᠰᠠᠨ ᠪᠠᠶ᠋ᠢᠨ᠎ᠠ᠃
ᠣᠷᠴᠢᠨ ᠲᠣᠭᠣᠷᠢᠨ᠎ᠤ ᠠᠷᠢᠭᠤᠨ ᠴᠡᠪᠡᠷ᠎ᠢ ᠴᠡᠭᠴᠡᠯᠡᠨ ᠵᠠᠰᠠᠬᠤ ᠵᠢᠨ 《ᠤᠯᠠᠭ᠋ᠠᠨ᠎ᠤ ᠣᠷᠣᠰᠢᠨ ᠰᠠᠭᠤᠬᠤ ᠣᠷᠴᠢᠨ ᠲᠣᠭᠣᠷᠢᠨ᠎ᠢ ᠴᠡᠭᠴᠡᠯᠡᠨ ᠵᠠᠰᠠᠬᠤ ᠠᠵᠢᠯᠯᠠᠭ᠎ᠠ ᠵᠢᠨ ᠲᠥᠰᠦᠯ》᠎ᠢ ᠲᠣᠭᠲᠠᠭ᠋ᠠᠵᠤ᠂ ᠲᠣᠰᠬᠣᠨ᠎ᠤ ᠬᠣᠶᠠᠷ ᠵᠥᠪᠯᠡᠯ ᠵᠢᠴᠢ ᠲᠣᠰᠬᠣᠨ᠎ᠳᠤ ᠰᠠᠭᠤᠭ᠎ᠠ ᠠᠵᠢᠯᠯᠠᠬᠤ ᠠᠩᠭᠢ ᠵᠢᠨ ᠪᠦᠬᠦ ᠬᠥᠮᠦᠰ ᠢᠳᠡᠪᠬᠢᠲᠡᠶ ᠣᠷᠣᠯᠴᠠᠵᠤ᠂ ᠴᠠᠭ ᠲᠤᠬᠠᠶ᠎ᠳᠤᠨᠢ ᠴᠤᠤᠷᠢᠶᠠᠲᠤᠨ ᠳᠠᠭ᠋ᠠᠵᠤ᠂ ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ ᠯᠢᠦ ᠶᠠ ᠯᠧᠦ ᠡᠯ᠎ᠡ ᠬᠣᠷᠰᠢᠶᠠᠨ᠎ᠤ ᠬᠡᠰᠡᠭ ᠳᠠᠭ᠋ᠠᠭ᠋ᠠᠴᠢᠯᠠᠭᠰᠠᠨ ᠭᠡᠰᠢᠭᠦᠳ᠎ᠢ ᠳᠠᠭ᠋ᠠᠭᠤᠯᠤᠨ ᠪᠦᠬᠦ ᠲᠣᠰᠬᠣᠨ᠎ᠤ 13 ᠬᠣᠷᠰᠢᠶᠠᠨ᠎ᠳᠤ ᠬᠦᠷᠴᠦ ᠳᠠᠶ᠋ᠢᠴᠢᠯᠠᠯᠲᠠ ᠵᠢᠨ ᠶᠡᠬᠡ ᠬᠤᠷᠠᠯ᠎ᠢ ᠵᠣᠬᠢᠶᠠᠨ ᠪᠠᠶ᠋ᠢᠭᠤᠯᠤᠨ ᠬᠤᠷᠠᠯᠳᠤᠭᠤᠯᠵᠤ᠂ 《ᠤᠯᠠᠭ᠋ᠠᠨ᠎ᠤ ᠮᠧᠶ ᠶᠤᠸᠠᠨ》 ᠡᠷᠦᠬᠡ ᠵᠢᠨ ᠲᠠᠩᠰᠠ ᠡᠪᠬᠡᠮᠡᠯ ᠪᠠ ᠤᠯᠠᠭ᠋ᠠᠨ᠎ᠤ ᠮᠧᠶ ᠶᠤᠸᠠᠨ᠎ᠤ 《ᠤᠯᠠᠭ᠋ᠠᠨ ᠬᠠᠷ᠎ᠠ ᠰᠠᠮᠪᠠᠷ᠎ᠠ》 ᠵᠢ ᠪᠠᠶ᠋ᠢᠭᠤᠯᠵᠤ᠂ 《ᠤᠯᠠᠭ᠋ᠠᠨ᠎ᠤ ᠮᠧᠶ ᠶᠤᠸᠠᠨ》 ᠬᠤᠪᠢ ᠬᠤᠷᠠᠮᠳᠤᠭᠤᠯᠵᠤ ᠰᠣᠯᠢᠬᠤ ᠬᠡᠲᠦ ᠳᠡᠯᠭᠡᠭᠦᠷ ᠵᠶ᠋ᠠᠷ ᠳᠠᠮᠵᠢᠭᠤᠯᠤᠨ ᠣᠷᠳᠣ ᠬᠤᠭᠤᠴᠠᠭ᠋ᠠᠨ᠎ᠤ ᠪᠦᠲᠦᠮᠵᠢᠲᠡᠶ ᠲᠣᠭᠲᠠᠴᠠ ᠵᠢ ᠪᠣᠶ ᠪᠣᠯᠭ᠋ᠠᠵᠤ᠂ ᠲᠠᠷᠢᠶᠠᠴᠢᠨ ᠡᠷᠦᠬᠡ ᠵᠢᠨ ᠬᠥᠮᠦᠰ᠎ᠤᠨ ᠣᠷᠣᠰᠢᠨ ᠰᠠᠭᠤᠬᠤ ᠣᠷᠴᠢᠨ ᠲᠣᠭᠣᠷᠢᠨ᠎ᠢ ᠴᠡᠭᠴᠡᠯᠡᠨ ᠵᠠᠰᠠᠬᠤ ᠠᠵᠢᠯᠯᠠᠭ᠎ᠠ ᠵᠢ ᠢᠳᠡᠪᠬᠢᠲᠡᠶ ᠥᠷᠨᠢᠭᠦᠯᠬᠦ ᠵᠢ ᠵᠣᠷᠢᠭᠵᠢᠭᠤᠯᠤᠨ᠂ ᠤᠯᠠᠭ᠋ᠠᠨᠲᠣᠰᠬᠣᠨᠤ ᠣᠷᠴᠢᠨ ᠲᠣᠭᠣᠷᠢᠨ᠎ᠤ ᠡᠷᠡᠭᠦᠯ ᠬᠠᠮᠠᠭ᠋ᠠᠯᠠᠯ᠎ᠤᠨ ᠲᠠᠰ ᠳᠠᠪᠬᠤᠷᠭ᠎ᠠ ᠵᠢ ᠳᠡᠭᠡᠭᠰᠢᠯᠡᠭᠦᠯᠬᠦ ᠪᠠ ᠮᠠᠯᠴᠢᠨ ᠲᠠᠷᠢᠶᠠᠴᠢᠨ᠎ᠢ ᠬᠥᠲᠥᠯᠦᠨ ᠵᠢᠯᠣᠭᠣᠳᠴᠤ ᠪᠠᠶ᠋ᠢᠭ᠋ᠠᠳ ᠦᠵᠡᠯ ᠰᠠᠨᠠᠭ᠎ᠠ ᠲᠠᠨᠢᠯᠲᠠ ᠵᠢ᠎ᠨᠢ ᠳᠡᠭᠡᠭᠰᠢᠯᠡᠭᠦᠯᠵᠦ᠂ ᠡᠷᠡᠭᠦᠯ ᠴᠡᠪᠡᠷ ᠲᠡᠭᠰᠢ ᠠᠮᠢᠳᠤᠷᠠᠯ᠎ᠤᠨ ᠵᠠᠩ ᠳᠠᠳᠬᠠᠯ᠎ᠲᠠᠢ ᠪᠣᠯᠭ᠋ᠠᠨ᠎ᠠ᠃ 《ᠤᠯᠠᠭ᠋ᠠᠨ ᠮᠧᠶ ᠶᠤᠸᠠᠢ》 ᠬᠤᠪᠢ ᠬᠤᠷᠠᠮᠳᠤᠭᠤᠯᠵᠤ ᠵᠣᠭᠣᠰ ᠰᠣᠯᠢᠬᠤ ᠬᠡᠲᠦ ᠳᠡᠯᠭᠡᠭᠦᠷ᠎ᠨᠢ 《ᠨᠢᠭᠡ ᠰᠠᠷ᠎ᠠ᠎ᠳᠤ ᠨᠢᠭᠡ ᠤᠳᠠᠭ᠎ᠠ ᠲᠣᠭᠣᠷᠢᠨ ᠪᠠᠶ᠋ᠢᠴᠠᠭ᠋ᠠᠬᠤ᠂ ᠨᠢᠭᠡ ᠤᠯᠠᠷᠢᠯ᠎ᠳᠤ ᠨᠢᠭᠡ ᠤᠳᠠᠭ᠎ᠠ ᠵᠣᠭᠣᠰ ᠰᠣᠯᠢᠬᠤ᠂ ᠨᠢᠭᠡ ᠵᠢᠯ᠎ᠳᠤ ᠨᠢᠭᠡ ᠤᠳᠠᠭ᠎ᠠ ᠱᠠᠩᠨᠠᠵᠤ ᠲᠣᠷᠭ᠋ᠠᠬᠤ》 ᠠᠵᠢᠯ᠎ᠤᠨ ᠳᠠᠷᠠᠭ᠋ᠠᠯᠠᠯ᠎ᠢ ᠲᠣᠭᠲᠠᠭ᠋ᠠᠵᠤ᠂ ᠰᠦᠯᠵᠢᠶᠡᠨ᠎ᠤ ᠠᠵᠢᠯᠲᠠᠨ ᠰᠠᠷ᠎ᠠ ᠪᠦᠷᠢ ᠲᠣᠭᠲᠠᠮᠠᠯ ᠬᠤᠭᠤᠴᠠᠭ᠎ᠠ᠎ᠲᠠᠢ᠎ᠪᠠᠷ ᠲᠣᠰᠬᠣᠨ᠎ᠤ ᠠᠷᠠᠳ᠎ᠤᠨ ᠡᠭᠦᠳᠡᠨ ᠡᠮᠦᠨ᠎ᠡ᠂ ᠬᠡᠷ ᠳᠣᠲᠣᠷ᠎ᠠ᠂ ᠬᠦᠷᠢᠶ᠎ᠡ ᠬᠠᠰᠢᠶ᠎ᠠ ᠵᠢ ᠠᠳᠠᠯᠢᠳᠬᠠᠨ ᠰᠢᠯᠭ᠋ᠠᠷᠠᠭᠤᠯᠵᠤ ᠵᠠᠷᠯᠠᠨ ᠨᠡᠶ᠋ᠢᠲᠡᠯᠡᠨ᠎ᠡ᠃ ᠭᠠᠴᠠᠭ᠋ᠠᠨ᠎ᠤ ᠠᠷᠠᠳ ᠠᠳᠠᠯᠢᠳᠬᠠᠨ ᠰᠢᠯᠭ᠋ᠠᠷᠠᠭᠤᠯᠵᠤ ᠬᠤᠪᠢ ᠬᠤᠷᠠᠮᠳᠤᠭᠤᠯᠬᠤ᠎ᠪᠠᠷ ᠳᠠᠮᠵᠢᠭᠤᠯᠤᠨ ᠠᠮᠢᠳᠤᠷᠠᠯ᠎ᠤᠨ ᠡᠳ᠋ ᠪᠣᠳᠠᠰ ᠵᠶ᠋ᠠᠨ ᠰᠣᠯᠢᠵᠤ ᠠᠪᠴᠤ ᠪᠣᠯᠤᠨ᠎ᠠ᠃
【ᠠᠳᠠᠯᠢᠳᠬᠠᠨ ᠰᠢᠯᠭ᠋ᠠᠷᠠᠭᠤᠯᠬᠤ᠎ᠨᠢ ᠡᠴᠦᠰ᠎ᠤᠨ ᠵᠣᠷᠢᠯᠭ᠎ᠠ ᠪᠢᠰᠢ᠂ ᠵᠠᠩᠭᠢᠯᠠᠭ᠎ᠠ᠎ᠨᠢ ᠭᠠᠴᠠᠭ᠋ᠠᠨ᠎ᠤ ᠠᠷᠠᠳ᠎ᠢ ᠬᠥᠲᠥᠯᠥᠨ ᠵᠢᠯᠣᠭᠣᠳᠴᠤ ᠪᠠᠶ᠋ᠢᠭ᠋ᠠᠳ ᠠᠮᠢᠳᠤᠷᠠᠯ᠎ᠤᠨ ᠦᠵᠡᠯᠲᠡ ᠵᠢ᠎ᠨᠢ ᠬᠤᠪᠢᠷᠠᠭᠤᠯᠵᠤ᠂ ᠡᠷᠡᠭᠦᠯ ᠬᠠᠮᠠᠭ᠋ᠠᠯᠠᠯ᠎ᠢ ᠴᠢᠬᠤᠯᠠᠴᠢᠯᠠᠬᠤ ᠰᠠᠶ᠋ᠢᠨ ᠰᠠᠶ᠋ᠢᠬᠠᠨ ᠠᠮᠢᠳᠤᠷᠠᠯ᠎ᠤᠨ ᠳᠠᠳᠬᠠᠯ᠎ᠲᠠᠢ ᠪᠣᠯᠭ᠋ᠠᠬᠤ ᠶᠠᠪᠤᠳᠠᠯ ᠪᠣᠯᠤᠨ᠎ᠠ᠃ 】 ᠭᠡᠵᠦ ᠤᠯᠠᠭ᠋ᠠᠨ ᠲᠣᠰᠬᠣᠨ᠎ᠤ ᠨᠠᠮ᠎ᠤᠨ ᠡᠭᠦᠷ᠎ᠤᠨ ᠳᠡᠳ᠋ ᠱᠦᠵᠢ ᠾᠧ ᠵᠢᠶᠸ ᠬᠡᠯᠡᠪᠡ᠃
ᠯᠢᠦ ᠶᠠ ᠯᠧᠦ ᠱᠦᠵᠢ ᠲᠣᠰᠬᠣᠨ᠎ᠳᠤ ᠰᠠᠭᠤᠭᠰᠠᠨ᠎ᠠᠴᠠ ᠨᠠᠰᠢ᠂ ᠤᠯᠠᠭ᠋ᠠᠨ ᠲᠣᠰᠬᠣᠨ᠎ᠤ ᠲᠥᠬᠥᠭᠡᠷᠦᠮᠵᠢ ᠵᠢᠨ ᠪᠦᠳᠦᠬᠡᠨ ᠪᠠᠶ᠋ᠢᠭᠤᠯᠤᠯᠲᠠ ᠪᠣᠯᠤᠨ ᠠᠵᠤ ᠦᠢ᠍ᠯᠡᠰ᠎ᠤᠨ ᠬᠥᠭᠵᠢᠯᠲᠡ ᠵᠢ ᠬᠣᠶᠠᠷ ᠲᠠᠯ᠎ᠠ᠎ᠠᠴᠠ ᠠᠳᠬᠤᠵᠤ᠂ ᠣᠷᠣᠯᠭ᠎ᠠ᠎ᠪᠠᠨ ᠨᠡᠮᠡᠭᠳᠡᠭᠦᠯᠦᠨ ᠪᠠᠶᠠᠵᠢᠭᠤᠯᠬᠤ ᠪᠠ ᠬᠥᠳᠡᠭᠡ ᠲᠣᠰᠬᠣᠨ᠎ᠤ ᠰᠤᠷᠲᠠᠯ ᠪᠣᠯᠪᠠᠰᠤᠨ᠎ᠢ ᠵᠡᠷᠭᠡ᠎ᠪᠡᠷ ᠠᠬᠢᠭᠤᠯᠵᠤ᠂ ᠬᠤᠪᠢᠷᠠᠯᠲᠠ ᠰᠡᠮᠬᠡᠨ ᠭᠠᠷᠴᠠᠢ᠃ ᠤᠯᠠᠭ᠋ᠠᠨᠲᠣᠰᠬᠣᠨᠳᠤ᠂ ᠬᠥᠮᠦᠨ᠎ᠤ ᠠᠪᠬᠤ ᠦᠭᠡᠢ ᠡᠰᠢ ᠰᠦᠷᠡᠯ᠎ᠢ 〈ᠬᠦᠨᠳᠦᠳᠡᠨ〉 ᠪᠣᠯᠭ᠋ᠠᠵᠤ᠂ ᠬᠠᠶᠠᠭᠳᠠᠮᠠᠯ ᠲᠦᠯᠡᠭᠡ ᠮᠣᠳᠣ ᠵᠢ ᠤᠷᠬᠢᠭ᠋ᠠᠳ 〈ᠡᠳ᠋ ᠮᠥᠩᠭᠥᠨ᠎ᠤ ᠮᠣᠳᠣ〉 ᠪᠣᠯᠭ᠋ᠠᠭᠰᠠᠨ ᠪᠠᠶ᠋ᠢᠨ᠎ᠠ᠃ ᠤᠯᠠᠭ᠋ᠠᠨ᠎ᠤ ᠠᠮᠢᠳᠤ ᠪᠣᠳᠠᠰ᠎ᠤᠨ ᠮᠠᠰ᠎ᠤᠨ ᠮᠥᠬᠥᠯᠢᠭ᠎ᠤᠨ ᠦᠢ᠍ᠯᠡᠳᠪᠦᠷᠢ ᠪᠠᠶ᠋ᠢᠭᠤᠯᠤᠭᠳᠠᠭᠰᠠᠨ᠎ᠨᠢ ᠡᠰᠢ ᠰᠦᠷᠡᠯ ᠲᠦᠯᠡᠭᠡ ᠡᠪᠡᠰᠦ ᠵᠢ ᠰᠢᠲᠠᠭ᠋ᠠᠬᠤ ᠪᠠ ᠳᠤᠷ᠎ᠠ᠎ᠪᠠᠷ ᠵᠶ᠋ᠠᠨ ᠣᠪᠣᠭ᠋ᠠᠯᠠᠵᠤ ᠳᠤᠷ᠎ᠠ᠎ᠪᠠᠷ ᠵᠶ᠋ᠠᠨ ᠲᠠᠯᠪᠢᠬᠤ ᠠᠰᠠᠭᠤᠳᠠᠯ᠎ᠢ ᠰᠢᠢ᠍ᠳᠪᠦᠷᠢᠯᠡᠭᠰᠡᠨ ᠮᠥᠷᠲᠡᠭᠡᠨ ᠪᠠᠰᠠ ᠲᠣᠰᠬᠣᠨ᠎ᠤ ᠲᠡᠵᠢᠭᠡᠯ ᠪᠣᠷᠳᠣᠭ᠎ᠠ ᠬᠦᠷᠦᠯᠴᠡᠬᠦ ᠦᠭᠡᠢ ᠪᠠᠶ᠋ᠢᠳᠠᠯ᠎ᠢ ᠨᠥᠬᠥᠪᠥᠷᠢᠯᠡᠵᠦ᠂ ᠲᠣᠰᠬᠣᠨ᠎ᠤ ᠬᠠᠮᠲᠤ ᠵᠢᠨ ᠠᠵᠤ ᠠᠬᠤᠢ ᠵᠢ ᠪᠤᠵᠠᠭ᠋ᠠᠶ᠋ᠢᠷᠠᠭᠤᠯᠤᠭᠰᠠᠨ ᠪᠠᠶ᠋ᠢᠨ᠎ᠠ᠃ ᠲᠣᠰ ᠲᠥᠷᠥᠯ ᠵᠦᠶᠯ᠎ᠨᠢ ᠵᠢᠯ ᠪᠦᠷᠢ 20 ᠲᠦᠮᠡᠨ ᠲᠥᠭᠥᠷᠢᠭ᠎ᠤᠨ ᠴᠡᠪᠡᠷ ᠠᠰᠢᠭ ᠬᠣᠨᠵᠢᠪᠣᠷᠢ᠎ᠲᠠᠢ ᠪᠥᠭᠡᠳ ᠲᠣᠰᠬᠣᠨ᠎ᠤ ᠬᠡᠰᠡᠭ ᠲᠠᠷᠢᠶᠠᠴᠢᠨ ᠡᠷᠦᠬᠡ ᠵᠢ ᠳᠠᠶ᠋ᠢᠴᠢᠯᠠᠨ ᠣᠷᠣᠯᠭ᠎ᠠ ᠵᠢ᠎ᠨᠢ ᠨᠡᠮᠡᠭᠳᠡᠭᠦᠯᠵᠦ ᠪᠠᠶ᠋ᠢᠨ᠎ᠠ》 ᠭᠡᠵᠦ ᠤᠯᠠᠭ᠋ᠠᠨ ᠲᠣᠰᠬᠣᠨ᠎ᠤ ᠨᠠᠮ᠎ᠤᠨ ᠡᠭᠦᠷ᠎ᠤᠨ ᠱᠦᠵᠢ ᠯᠢᠦ ᠰᠢᠶᠤᠤ ᠬᠤ ᠪᠠᠶᠠᠷᠲᠠᠶ᠎ᠪᠠᠷ ᠬᠡᠯᠡᠪᠡ᠃
ᠯᠢᠦ ᠶᠠ ᠯᠧᠦ ᠲᠣᠰᠬᠣᠨ᠎ᠳᠤ ᠰᠠᠭᠤᠭᠰᠠᠨ᠎ᠠᠴᠠ ᠨᠠᠰᠢᠬᠢ ᠣᠯᠤᠯᠲᠠ᠎ᠪᠠᠨ ᠡᠷᠭᠢᠴᠡᠭᠦᠯᠬᠦ ᠵᠢᠨ ᠬᠠᠮᠲᠤ ᠪᠠᠰᠠ ᠥᠪᠡᠷ᠎ᠤᠨ ᠪᠡᠶ᠎ᠡ᠎ᠳᠡᠭᠡᠨ ᠰᠢᠨ᠎ᠡ ᠠᠵᠢᠯ᠎ᠤᠨ ᠲᠥᠯᠥᠪᠯᠡᠭᠡ ᠲᠣᠭᠲᠠᠭ᠋ᠠᠵᠠᠢ᠃ ᠯᠢᠦ ᠶᠠ ᠯᠧᠦ ᠵᠢᠨ ᠦᠵᠡᠬᠦ᠎ᠪᠠᠷ᠂ ᠲᠣᠰᠬᠣᠨ᠎ᠤ ᠬᠠᠮᠲᠤ ᠵᠢᠨ ᠠᠵᠤ ᠠᠬᠤᠢ ᠵᠢ ᠰᠠᠶ᠋ᠢᠲᠤᠷ ᠬᠥᠭᠵᠢᠭᠦᠯᠬᠦ᠂ ᠤᠯᠠᠨ ᠲᠦᠮᠡᠨ᠎ᠤ ᠰᠣᠶᠣᠯ᠎ᠤᠨ ᠠᠮᠢᠳᠤᠷᠠᠯ᠎ᠢ ᠪᠠᠶᠠᠯᠢᠭᠵᠢᠭᠤᠯᠬᠤ᠂ ᠲᠠᠷᠢᠶᠠᠨ ᠭᠠᠵᠠᠷ᠎ᠤᠨ ᠤᠰᠤᠨ ᠠᠰᠢᠭᠯᠠᠯᠲᠠ ᠵᠢ ᠪᠦᠳᠦᠭᠡᠨ ᠪᠠᠶ᠋ᠢᠭᠤᠯᠬᠤ ᠵᠡᠷᠭᠡ ᠡᠯ᠎ᠡ ᠵᠦᠢ᠍ᠯ᠎ᠤᠨ ᠠᠵᠢᠯ ᠪᠣᠯ ᠴᠥᠮ ᠡᠨᠡ ᠵᠢᠯ᠎ᠤᠨ ᠭᠣᠣᠯᠳᠠᠯᠭ᠎ᠠ ᠪᠣᠯᠤᠨ᠎ᠠ᠂ ᠲᠡᠷᠡ ᠪᠠᠰᠠ ᠲᠣᠰᠬᠣᠨ᠎ᠳᠤ ᠨᠡᠩ ᠤᠯᠠᠨ ᠪᠣᠳᠠᠲᠤ ᠶᠠᠪᠤᠳᠠᠯ ᠰᠠᠢ᠍ᠢ᠍ᠨ ᠶᠠᠪᠤᠳᠠᠯ ᠬᠢᠵᠦ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠨᠡᠩ ᠶᠡᠬᠡ ᠴᠢᠷᠮᠠᠶ᠋ᠢᠯᠭ᠎ᠠ ᠪᠠ ᠬᠤᠪᠢ ᠨᠡᠮᠡᠷᠢ ᠦᠵᠡᠭᠦᠯᠬᠦ᠎ᠪᠠᠷ ᠴᠢᠷᠮᠠᠶ᠋ᠢᠨ᠎ᠠ ᠭᠡᠪᠡ᠃