ᠥᠷᠯᠥᠭᠡ ᠡᠷᠲᠡ᠂ ᠲᠣᠰᠬᠤᠨ ᠤ ᠠᠩᠬᠠᠨ ᠤ ᠤᠲᠤᠭ᠎ᠠ ᠮᠠᠨᠠᠷᠠᠬᠤ ᠦᠶ᠎ᠡ ᠳᠤ᠂ ︽ᠭᠠᠭ᠋ᠠᠶ ᠲᠡᠵᠢᠭᠡᠭᠴᠢ︾ ᠯᠢ | ᠮᠤᠩ ᠤᠨ ᠲᠡᠵᠢᠭᠡᠨ ᠦᠷᠡᠵᠢᠭᠦᠯᠬᠦ ᠲᠠᠯᠠᠪᠠᠶ ᠳᠤ ᠳ᠋ᠧᠩ ᠠᠰᠠᠭᠠᠪᠠ᠃ | ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠬᠤᠷᠴᠢᠨ ᠪᠠᠯᠭᠠᠰᠤᠨ ᠤ ᠶᠤᠸᠠᠨ ᠳ᠋ᠠ ᠲᠣᠰᠬᠤᠨ ᠳᠤ᠂ | ᠡᠨᠡ ᠵᠢᠯ 55 ᠨᠠᠰᠤᠲᠠᠢ ᠯᠢ ᠮᠧᠩ ᠪᠣᠯ ᠬᠥᠮᠦᠨ ᠪᠦᠬᠦᠨ ᠤ ᠮᠡᠳᠡᠳᠡᠭ ᠬᠥᠮᠦᠨ ᠶᠤᠮ᠃ ᠤᠢᠢᠷ᠎ᠠ ᠶᠢᠨ ᠵᠢᠯ ᠠᠴᠠ᠂ | ᠲᠡᠷᠡ ᠪᠡᠶ᠎ᠡ ᠪᠠᠨ ᠳᠠᠭᠠᠭᠠᠵᠤ ᠦᠢᠯᠡᠰ ᠪᠤᠰᠬᠠᠬᠤ ᠪᠠᠷ ᠲᠠᠮᠵᠢᠨ᠂ ᠭᠠᠭ᠋ᠠᠢ ᠲᠡᠵᠢᠭᠡᠨ ᠦᠷᠡᠵᠢᠭᠦᠯᠬᠦ ᠬᠦᠷᠢᠶᠡᠨ ᠳᠤ | ᠠᠮᠵᠢᠯᠲᠠ ᠲᠠᠢ ᠵᠠᠮ ᠢ ᠨᠡᠭᠡᠭᠡᠵᠡᠢ᠃ | ᠬᠡᠳᠦᠨ ᠵᠢᠯ ᠤᠨ ᠡᠮᠦᠨ᠎ᠡ ᠯᠢ ᠮᠤᠩ ᠤᠨ ᠬᠡᠷ ᠪᠦᠯᠢ ᠶᠢᠨ ᠨᠥᠬᠦᠴᠡᠯ ᠲᠡᠶᠢᠮᠦ ᠰᠠᠶᠢᠨ ᠪᠢᠰᠢ᠂ ᠬᠡᠷ ᠲᠤᠨᠢ | ᠪᠣᠯᠤᠮᠠᠷ ᠰᠢᠭ᠋ ᠬᠡᠷ ᠤᠨ ᠡᠳ᠋ᠯᠡᠯ ᠬᠡᠷᠡᠭᠰᠡᠯ᠂ ᠴᠠᠬᠢᠯᠭᠠᠨ ᠬᠡᠷᠡᠭᠰᠡᠯ ᠪᠠᠶᠢᠬᠤ ᠥᠬᠡᠶ᠂ ᠬᠤᠶᠠᠷ ᠬᠡᠤᠬᠡᠳ ᠬᠤᠶᠢᠨ᠎ᠠ | ᠬᠤᠶᠢᠨ᠎ᠠ ᠠᠴᠠ ᠪᠠᠨ ᠶᠡᠭᠡ ᠰᠤᠷᠭᠠᠭᠤᠯᠢ ᠳᠤ ᠰᠢᠯᠭᠠᠭᠤᠯᠤᠨ ᠣᠷᠣᠬᠤ ᠶᠢ ᠳᠠᠭᠠᠯᠳᠤᠨ᠂ ᠵᠥᠪᠬᠡᠨ ᠲᠠᠷᠢᠮᠠᠯ ᠤᠨ | ᠣᠷᠣᠯᠭ᠎ᠠ ᠪᠠᠷ ᠢᠶᠠᠨ ᠨᠢᠭᠡ ᠬᠡᠷ ᠤᠨ ᠵᠠᠷᠤᠳᠠᠯ ᠢ ᠳᠠᠭᠠᠭᠠᠵᠤ ᠳᠡᠶᠢᠯᠬᠦ ᠥᠬᠡᠶ ᠪᠣᠯᠵᠠᠶ᠃ ᠬᠠᠶᠠ ᠵᠠᠷᠢᠮ ᠳᠤ ᠪᠠᠨ | ᠭᠠᠳᠠᠭᠰᠢ ᠭᠠᠷᠴᠤ ᠠᠷᠰᠠᠷ ᠠᠵᠢᠯ ᠬᠢᠭᠰᠡᠨ ᠴᠦ᠂ ᠪᠦᠬᠦ ᠭᠡᠷ ᠤᠨ ᠬᠥᠮᠦᠰ ᠤᠨ ᠠᠮᠢᠳᠤᠷᠠᠯ ᠪᠠᠰᠠ ᠮᠠᠰᠢ ᠬᠦᠴᠢᠷᠲᠡᠶ | ᠃ | ᠲᠡᠷᠡ ᠬᠡᠰᠡᠭ ᠬᠤᠭᠤᠴᠠᠭᠠᠨ ᠳᠤ᠂ ᠯᠢ ᠮᠤᠩ ᠰᠥᠨᠢ ᠤᠷᠪᠠᠵᠤ ᠬᠥᠷᠪᠡᠨ᠂ ᠵᠠᠪᠠᠯ ᠠᠷᠭ᠎ᠠ ᠪᠤᠳᠤᠵᠤ ᠪᠠᠶᠢᠭᠠᠳ | ᠰᠠᠶᠢᠨ ᠰᠠᠶᠢᠬᠠᠨ ᠠᠮᠢᠳᠤᠷᠠᠬᠤ ᠪᠠᠷ ᠳᠣᠲᠣᠷ᠎ᠠ ᠪᠠᠨ ᠵᠣᠷᠢᠭ ᠰᠢᠭᠤᠳᠴᠠᠶ᠃ ᠪᠠᠶᠢᠴᠠᠭᠠᠨ ᠰᠢᠨᠵᠢᠯᠡᠬᠦ ᠪᠠᠷ ᠳᠠᠮᠵᠢᠨ᠂ | ᠯᠢ ᠮᠤᠩ ᠲᠡᠵᠢᠭᠡᠨ ᠦᠷᠡᠵᠢᠭᠦᠯᠬᠦ ᠦᠢᠯᠡᠰ ᠢ ᠬᠥᠭᠵᠢᠭᠦᠯᠬᠦ ᠪᠠᠷ ᠲᠣᠭᠲᠠᠵᠤ᠂ ᠠᠳᠡ ᠲᠡᠨᠳᠡ ᠠᠴᠠ ᠵᠣᠭᠤᠰ | ᠴᠤᠭᠯᠠᠭᠤᠯᠵᠤ ᠪᠠᠶᠢᠭᠠᠳ ᠭᠠᠭ᠋ᠠᠶ ᠲᠡᠵᠢᠭᠡᠨ ᠦᠷᠡᠵᠢᠭᠦᠯᠬᠦ ᠠᠵᠢᠯ ᠢᠶᠠᠨ ᠡᠬᠢᠯᠡᠭᠦᠯᠵᠡᠶ᠃ | 2016 ᠣᠨ ᠳᠤ᠂ ᠯᠢ ᠮᠤᠩ ᠥᠪᠡᠷ ᠤᠨ ᠠᠷᠤ ᠬᠦᠷᠢᠶᠡᠨ ᠳᠡᠭᠡᠨ ᠭᠠᠭ᠋ᠠᠶ ᠶᠢᠨ ᠡᠭᠦᠷ ᠪᠠᠷᠢᠵᠤ᠂ ᠲᠣᠨᠤᠭ | ᠲᠥᠬᠦᠭᠡᠷᠦᠮᠵᠢ ᠪᠠᠨ ᠪᠦᠷᠢᠨ ᠪᠣᠯᠭᠠᠭᠰᠠᠨ ᠤ ᠳᠠᠷᠠᠭ᠎ᠠ 30 ᠭᠠᠭ᠋ᠠᠶ ᠬᠤᠳᠠᠯᠳᠤᠨ ᠠᠪᠴᠤ᠂ ᠭᠠᠭ᠋ᠠᠶ ᠲᠡᠵᠢᠭᠡᠬᠦ ᠪᠠᠷ | ᠲᠤᠷᠰᠢᠵᠠᠶ᠃ ᠡᠬᠢᠨ ᠤ ᠦᠶ᠎ᠡ ᠳᠡᠭᠡᠨ ᠭᠠᠭ᠋ᠠᠶ ᠶᠢᠨ ᠦᠨ᠎ᠡ ᠲᠣᠭᠲᠠᠪᠤᠷᠢ ᠲᠠᠢ ᠪᠠᠶᠢᠭᠰᠠᠨ ᠪᠣᠯᠬᠤᠷ ᠯᠢ ᠮᠤᠩ | ᠲᠣᠭᠲᠠᠪᠤᠷᠢᠲᠠᠶ ᠨᠢᠭᠡ ᠬᠤᠨᠵᠢᠵᠠᠶ᠃ ᠭᠡᠪᠡᠴᠦ ᠳᠡᠮᠡᠶ ᠤᠳᠠᠭᠰᠠᠨ ᠥᠬᠡᠶ᠂ 2019 ᠣᠨ ᠳᠤ ᠬᠡᠲᠦ ᠠᠷᠪᠢᠨ | ᠲᠡᠵᠢᠭᠡᠨ ᠠᠷᠠᠴᠢᠯᠠᠭᠰᠠᠨ ᠠᠴᠠ ᠪᠣᠯᠵᠣ᠂ ᠬᠢᠵᠢᠭ ᠰᠡᠷᠭᠡᠶᠢᠯᠡᠬᠦ ᠪᠠ ᠲᠡᠵᠢᠭᠡᠨ ᠠᠷᠠᠴᠢᠯᠠᠬᠤ ᠮᠡᠷᠭᠡᠵᠢᠯ ᠨᠢ ᠳᠠᠭᠠᠵᠤ | ᠠᠮᠵᠢᠭᠰᠠᠨ ᠥᠬᠡᠶ ᠠᠴᠠ ᠪᠣᠯᠵᠣ᠂ ᠠᠮᠢᠳᠤ ᠴᠣᠪᠣᠭᠤᠯᠢᠭ 200 ᠭᠠᠭ᠋ᠠᠶ ᠬᠤᠶᠢᠨ᠎ᠠ ᠬᠤᠶᠢᠨ᠎ᠠ ᠠᠴᠠ ᠪᠠᠨ | ᠡᠪᠡᠳᠴᠢᠨ ᠢᠶᠠᠷ ᠥᠭᠦᠵᠦ᠂ ᠡᠴᠦᠰ ᠲᠡᠭᠡᠨ ᠦᠯᠡᠳᠡᠭᠰᠡᠨ ᠬᠡᠳᠦᠨ ᠠᠷᠪᠠᠭ᠋ᠠᠨ ᠭᠠᠭ᠋ᠠᠶ ᠶᠢ ᠴᠤ ᠲᠥᠪᠯᠡᠷᠡᠭᠦᠯᠦᠨ | ᠰᠢᠶ᠋ᠳᠪᠦᠷᠢᠯᠡᠵᠦ᠂ 70 ᠭᠠᠷᠤᠶ ᠲᠦᠮᠡᠨ ᠲᠥᠭᠦᠷᠢᠭ ᠤᠨ ᠠᠯᠳᠠᠭᠳᠠᠯ ᠲᠠᠢ ᠪᠣᠯᠵᠠᠶ᠃ ᠭᠡᠪᠡᠴᠦ ᠢᠯᠠᠭᠳᠠᠯ ᠤᠨ | ᠡᠮᠦᠨ᠎ᠡ ᠯᠢ ᠮᠤᠩ ᠣᠭᠤᠷᠤᠭᠰᠠᠨ ᠦᠭᠡᠶ᠂ ᠬᠠᠷᠢᠨ ᠭᠠᠭ᠋ᠠᠶ ᠲᠡᠵᠢᠭᠡᠬᠦ ᠵᠠᠮ ᠢᠶᠠᠷ ᠦᠷᠭᠦᠯᠵᠢᠯᠡᠨ ᠶᠠᠪᠤᠬᠤ ᠪᠠᠷ ᠵᠣᠷᠢᠭ | ᠰᠢᠭᠤᠳᠴᠠᠶ᠃ | ᠯᠢ ᠮᠤᠩ ᠢᠯᠠᠭᠳᠠᠭᠰᠠᠨ ᠰᠢᠯᠲᠠᠭᠠᠨ ᠢᠶᠠᠨ ᠢᠳᠡᠪᠬᠢᠲᠡᠶ ᠡᠷᠢᠨ᠂ ᠮᠠᠲ᠋ᠧᠷᠢᠶᠠᠯ ᠡᠷᠢᠵᠦ᠂ ᠨᠣᠮ ᠪᠢᠴᠢᠭ ᠡᠷᠢᠵᠦ᠂ | ᠣᠯᠠᠨ ᠲᠠᠯ᠎ᠠ ᠪᠠᠷ ᠲᠤᠰᠬᠠᠶ ᠮᠡᠷᠭᠡᠵᠢᠯ ᠤᠨ ᠬᠥᠮᠦᠰ ᠢᠶᠠᠷ ᠵᠢᠭᠠᠯᠭᠠᠵᠤ ᠪᠠᠶᠢᠪᠠ᠃ ᠳᠠᠷᠠᠭ᠎ᠠ ᠵᠢᠯ ᠳᠤᠨᠢ ᠯᠢ ᠮᠤᠩ | ᠬᠦᠴᠦ ᠪᠠᠨ ᠳᠠᠬᠢᠨ ᠴᠡᠭᠴᠡᠯᠡᠵᠦ᠂ ᠪᠡᠯᠡ ᠮᠥᠩᠭᠦ ᠴᠤᠭᠯᠠᠭᠤᠯᠤᠨ᠂ ᠭᠠᠭ᠋ᠠᠶ ᠶᠢᠨ ᠬᠠᠰᠢᠶ᠎ᠠ ᠶᠢ ᠰᠢᠨ᠎ᠡ ᠪᠠᠷ ᠪᠠᠷᠢᠵᠤ | ᠠᠷᠢᠭᠤᠳᠬᠠᠭᠰᠠᠨ ᠪᠥᠭᠡᠳ ᠪᠠᠰᠠ ᠡᠭᠦᠯᠳᠡᠷ ᠤᠨ ᠭᠠᠭ᠋ᠠᠶ ᠬᠤᠳᠠᠯᠳᠤᠨ ᠠᠪᠴᠠᠶ᠃ ᠬᠤᠶᠠᠷᠬᠠᠨ ᠵᠢᠯ ᠤᠨ | ᠬᠤᠭᠤᠴᠠᠭᠠᠨ ᠳᠤ᠂ ᠯᠢ ᠮᠤᠩ ᠤᠨ ᠲᠡᠵᠢᠭᠡᠭᠰᠡᠨ ᠮᠡᠭᠡᠵᠢ ᠶᠢᠨ ᠲᠤᠭ᠎ᠠ 100 ᠭᠠᠷᠤᠶ ᠪᠤᠯᠵᠤ᠂ ᠵᠢᠯ ᠤᠨ | ᠣᠷᠣᠯᠭ᠎ᠠ ᠨᠢ 50 ᠭᠠᠷᠤᠶ ᠲᠦᠮᠡᠨ ᠲᠥᠭᠦᠷᠢᠭ ᠲᠤ ᠬᠦᠷᠴᠦ᠂ ᠤᠤᠯ ᠤᠨ ᠠᠯᠳᠠᠭᠳᠠᠯ ᠲᠠᠢ ᠪᠠᠶᠢᠭᠰᠠᠨ ᠪᠡᠯᠡ | ᠮᠥᠩᠭᠦ ᠪᠠᠨ ᠠᠭᠠᠵᠢᠮ ᠢᠶᠠᠷ ᠣᠯᠵᠤ ᠠᠪᠴᠢᠷᠠᠪᠠ᠃ | ︽ᠭᠠᠭ᠋ᠠᠢ ᠲᠡᠵᠢᠭᠡᠭᠰᠡᠨ ᠠᠴᠠ ᠨᠠᠰᠢ᠂ ᠪᠢ ᠡᠳᠦᠷ ᠪᠦᠷᠢ ᠭᠠᠭ᠋ᠠᠢ ᠲᠡᠵᠢᠭᠡᠬᠦ ᠮᠡᠷᠭᠡᠵᠢᠯ ᠢ ᠰᠦᠪᠡᠭᠴᠢᠯᠡᠵᠦ᠂ | ᠪᠠᠰᠠ ᠥᠪᠡᠷ ᠤᠨ ᠭᠠᠭ᠋ᠠᠢ ᠲᠡᠵᠢᠭᠡᠬᠦ ᠵᠠᠭᠪᠤᠷ ᠢᠶᠠᠨ ᠡᠮᠬᠢᠯᠡᠭᠰᠡᠨ ᠶᠤᠮ᠂ ᠬᠡᠷᠪᠡ ᠪᠤᠰᠤᠳ ᠭᠠᠭ᠋ᠠᠢ ᠲᠡᠵᠢᠭᠡᠬᠦ | ᠲᠠᠯᠠᠪᠠᠢ ᠶᠢᠨ ᠭᠠᠭ᠋ᠠᠢ ᠡᠪᠡᠳᠴᠢᠯᠡᠪᠡᠯ ᠪᠢ ᠪᠦᠷ ᠬᠠᠪᠰᠤᠷᠴᠤ ᠡᠮᠨᠡᠭᠦᠯᠵᠦ ᠪᠣᠯᠤᠨ᠎ᠠ︾ ᠭᠡᠵᠦ ᠵᠢᠭᠠᠵᠤ ᠭᠠᠷᠭᠠᠪᠠ᠃ | ᠰᠢᠷᠭᠠᠭᠤ ᠬᠠᠲᠠᠭᠤᠵᠢᠯᠲᠠᠢ ᠠᠵᠢᠯᠯᠠᠵᠤ᠂ ᠰᠢᠷᠭᠠᠭᠤ ᠬᠠᠲᠠᠭᠤᠵᠢᠯᠲᠠᠢ ᠰᠤᠳᠤᠯᠬᠤ ᠴᠢᠷᠮᠠᠶᠢᠯᠭ᠎ᠠ ᠪᠠᠷ ᠢᠶᠠᠨ ᠯᠢ | ᠮᠤᠩ ᠤᠨ ᠲᠡᠵᠢᠭᠡᠨ ᠦᠷᠡᠵᠢᠭᠦᠯᠬᠦ ᠲᠠᠯᠠᠪᠠᠢ ᠶᠢᠨ ᠬᠡᠪᠴᠢᠶ᠎ᠡ ᠤᠯᠠᠮ ᠠᠴᠠ ᠤᠯᠠᠮ ᠥᠷᠭᠡᠵᠢᠵᠦ᠂ ᠲᠡᠵᠢᠭᠡᠭᠰᠡᠨ | ᠭᠠᠭ᠋ᠠᠢ ᠨᠢ ᠵᠠᠬ᠎ᠠ ᠳᠡᠯᠭᠡᠭᠦᠷ ᠲᠤ ᠪᠣᠷᠣᠯᠠᠭᠤᠯᠭ᠎ᠠ ᠰᠠᠶᠢᠲᠠᠢ ᠪᠤᠯᠵᠤ᠂ ᠮᠠᠰᠢ ᠤᠯᠠᠨ ᠬᠥᠮᠦᠰ ᠤᠨ ᠪᠠᠭ᠋ᠠᠷᠬᠠᠯ ᠢ | ᠲᠠᠲᠠᠵᠤ᠂ ᠤᠢᠢᠷ᠎ᠠ ᠬᠠᠪᠢ ᠶᠢᠨ ᠲᠣᠰᠬᠤᠨ ᠤ ᠠᠷᠠᠳ ᠴᠤ ᠲᠤᠷᠰᠢᠵᠤ ᠦᠵᠡᠬᠦ ᠭᠡᠵᠦ ᠪᠠᠶᠢᠨ᠎ᠠ᠃ | ︽ᠬᠡᠷᠪᠡ ᠵᠠᠷᠢᠮ ᠬᠥᠮᠦᠨ ᠲᠡᠵᠢᠭᠡᠨ ᠦᠷᠡᠵᠢᠭᠦᠯᠬᠦ ᠮᠡᠷᠭᠡᠵᠢᠯ ᠢ ᠰᠣᠷᠣᠶ᠎ᠠ ᠭᠡᠪᠡᠯ ᠪᠢ ᠭᠠᠭ᠋ᠠᠶ ᠲᠡᠵᠢᠭᠡᠬᠦ | ᠮᠡᠷᠭᠡᠵᠢᠯ ᠢ ᠪᠦᠬᠦ ᠶᠠᠪᠤᠴᠠ ᠳᠤ ᠵᠢᠯᠣᠭᠤᠳᠤᠨ᠎ᠠ᠂ ᠵᠢᠯ ᠤᠨ ᠡᠴᠦᠰ ᠪᠣᠯᠤᠯ᠎ᠠ᠂ ᠪᠠᠰᠠ ᠯᠠ ᠭᠠᠭ᠋ᠠᠶ ᠶᠢᠨ ᠮᠢᠬ᠎ᠠ | ᠪᠣᠷᠣᠯᠠᠭᠤᠯᠬᠤ ᠤᠯᠠᠷᠢᠯ ᠪᠣᠯᠤᠯ᠎ᠠ᠂ ᠣᠷᠴᠢᠮᠬᠠᠨ ᠳᠤ ᠭᠠᠭ᠋ᠠᠶ ᠶᠢᠨ ᠮᠢᠬ᠎ᠠ ᠶᠢᠨ ᠦᠨ᠎ᠡ ᠠᠭᠠᠵᠢᠮ ᠢᠶᠠᠷ ᠥᠰᠴᠦ᠂ | ᠮᠠᠨ ᠤ ᠭᠡᠷ ᠤᠨ ᠡᠯᠪᠡᠭ ᠬᠤᠷᠢᠶᠠᠯᠲᠠ ᠶᠢᠨ ᠤᠯᠠᠷᠢᠯ ᠪᠣᠯᠤᠯ᠎ᠠ︾ ᠭᠡᠵᠦ ᠯᠢ ᠮᠧᠩ ᠪᠠᠶᠠᠷᠲᠠᠶ ᠪᠠᠷ ᠬᠡᠯᠡᠪᠡ᠃ |