【ᠪᠠᠶᠠᠵᠢᠯ ᠤᠨ ᠬᠤᠰᠢᠭᠤᠴᠢ】 ᠯᠢᠦ ᠶᠦᠩ ᠸᠧᠢ  ᠶᠢᠨ ︽ᠡᠯᠵᠢᠭᠡ ᠲᠡᠵᠢᠭᠡᠬᠦ ᠰᠤᠳᠤᠷ︾
ᠨᠡᠶᠢᠲᠡᠯᠡᠭᠰᠡᠨ ᠴᠠᠭ᠄
2022/2/15
  ᠬᠥᠬᠡᠭᠡ ᠰᠠᠷ᠎ᠠ ᠶᠢᠨ ᠬᠤᠷᠢᠨ ᠬᠤᠶᠠᠷ ᠤᠨ ᠡᠳᠦᠷ᠂ ᠲᠡᠵᠢᠭᠡᠨ ᠦᠷᠡᠵᠢᠭᠦᠯᠬᠦ ᠮᠠᠶᠢᠮᠠᠢ ᠬᠢᠵᠦ ᠪᠠᠶᠢᠭ᠎ᠠ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠪᠠᠰᠠ ᠡᠨᠡ ᠵᠢᠯ ᠤᠨ ᠳᠣᠲᠣᠷᠠᠬᠢ ᠬᠠᠮᠤᠭ ᠤᠨ ᠰᠢᠵᠢᠷ ᠠᠯᠳᠠᠨ ᠴᠠᠭ ᠬᠤᠭᠤᠴᠠᠭ᠎ᠠ ᠶᠢ ᠠᠮᠵᠢᠨ ᠪᠠᠷᠠᠭ᠎ᠠ ᠭᠠᠷᠭᠠᠬᠤ ᠪᠠᠷ ᠶᠠᠭᠠᠷᠠᠯᠳᠤᠵᠤ ᠪᠠᠶᠢᠬᠤ ᠳᠤ᠂ ᠭᠦᠶᠠᠩ ᠰᠢᠶᠠᠨ ᠤ ᠵᠢᠨᠱᠠᠨ ᠵᠧᠨ ᠬᠤᠩ ᠲᠤᠤ ᠶᠢᠨ ᠲᠠᠷᠢᠶᠠᠴᠢᠨ ᠤ ᠲᠤᠰᠬᠠᠢ ᠠᠵᠢᠯ ᠤᠨ ᠬᠤᠷᠰᠢᠶᠠᠨ ᠤ ᠬᠠᠷᠢᠭᠤᠴᠠᠯᠭᠠᠲᠠᠨ ᠯᠢᠦ ᠶᠦᠩ ᠸᠧᠢ ᠬᠠᠷᠢᠨ ᠰᠤᠯᠠ ᠰᠡᠯᠡᠭᠦᠦ ᠪᠣᠯᠵᠤ᠂ ᠰᠢᠨ᠎ᠡ ᠨᠢᠭᠡ ᠵᠢᠯ ᠤᠨ ᠬᠥᠭᠵᠢᠯᠲᠡ ᠪᠠᠨ ᠲᠥᠯᠥᠪᠯᠡᠵᠦ ᠡᠬᠢᠯᠡᠵᠡᠢ᠃  ︽ᠨᠢᠭᠡᠳᠦᠭᠡᠷ ᠰᠠᠷ᠎ᠠ ᠶᠢᠨ ᠨᠢᠭᠡᠨ ᠤ ᠡᠳᠦᠷ ᠠᠴᠠ ᠡᠬᠢᠯᠡᠵᠦ᠂ ᠪᠢ 70 ᠭᠠᠷᠤᠢ ᠡᠯᠵᠢᠭᠡ ᠶᠢ ᠠᠯᠠᠵᠠᠢ᠂ ᠳᠥᠷᠪᠡ᠂ ᠲᠠᠪᠤᠨ ᠡᠳᠦᠷ ᠤᠨ ᠡᠮᠦᠨ᠎ᠡ ᠬᠤᠳᠠᠯᠳᠤᠭᠠᠳ ᠪᠠᠷᠠᠴᠢᠬᠠᠵᠠᠢ᠂ ᠭᠡᠪᠡᠴᠦ ᠤᠳᠤ ᠪᠠᠰᠠ ᠤᠲᠠᠰᠤ ᠢᠷᠡᠭᠦᠯᠵᠦ ᠪᠠᠷᠠᠭ᠎ᠠ ᠠᠪᠬᠤ ᠬᠥᠮᠥᠨ ᠲᠠᠰᠤᠷᠠᠯᠳᠡ ᠦᠭᠡᠢ ᠪᠠᠶᠢᠨ᠎ᠠ᠂ ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠬᠦ ᠦᠭᠡᠢ ᠪᠠᠶᠢᠨ᠎ᠠ︕︾ ᠭᠡᠵᠦ ᠬᠡᠯᠡᠨ᠎ᠡ᠃ ᠪᠢ 70 ᠭᠠᠷᠤᠢ ᠡᠯᠵᠢᠭᠡ ᠶᠢ ᠠᠯᠠᠵᠠᠢ᠂ ᠳᠥᠷᠪᠡ᠂ ᠲᠠᠪᠤᠨ ᠡᠳᠦᠷ ᠤᠨ ᠡᠮᠦᠨ᠎ᠡ ᠬᠤᠳᠠᠯᠳᠤᠭᠠᠳ ᠪᠠᠷᠠᠴᠢᠬᠠᠵᠠᠢ᠂ ᠭᠡᠪᠡᠴᠦ ᠤᠳᠤ ᠪᠣᠯᠲᠠᠯ᠎ᠠ ᠪᠠᠰᠠ ᠲᠠᠰᠤᠷᠠᠯᠳᠡ ᠦᠭᠡᠢ ᠤᠲᠠᠰᠤ ᠢᠷᠡᠭᠦᠯᠵᠦ ᠪᠠᠷᠠᠭ᠎ᠠ ᠠᠪᠬᠤ ᠬᠥᠮᠥᠨ ᠪᠠᠶᠢᠨ᠎ᠠ᠂ ᠬᠡᠷᠡᠭᠴᠡᠭᠡ ᠶᠢ ᠬᠠᠩᠭᠠᠵᠤ ᠳᠡᠶᠢᠯᠬᠦ ᠦᠭᠡᠢ ᠪᠠᠶᠢᠨ᠎ᠠ︾ ᠭᠡᠵᠦ ᠬᠡᠯᠡᠪᠡ᠃ ᠠᠯᠠᠰᠢᠨ ᠡᠯᠵᠢᠭᠡ ᠲᠡᠵᠢᠭᠡᠨ ᠦᠷᠡᠵᠢᠭᠦᠯᠬᠦ ᠲᠠᠯᠠᠪᠠᠢ ᠳᠤ᠂ ᠯᠢᠦ ᠶᠦᠩ ᠸᠧᠢ ᠡᠯᠵᠢᠭᠡᠨ ᠳᠤ ᠴᠠᠭᠠᠨ ᠰᠠᠷ᠎ᠠ ᠶᠢᠨ ᠡᠪᠡᠰᠦ ᠪᠣᠷᠳᠤᠭ᠎ᠠ ᠪᠡᠯᠡᠳᠬᠡᠨ ᠥᠭᠴᠦ᠂ ᠬᠠᠪ ᠬᠠᠷ᠎ᠠ ᠴᠢᠷᠠᠢ ᠳᠤᠨᠢ ᠪᠠᠶᠠᠷ ᠪᠠᠭ᠋ᠠᠳᠤᠯ ᠢᠶᠠᠷ ᠪᠢᠯᠬᠠᠨ᠎ᠠ᠃ ᠠᠭᠤᠵᠢᠮ ᠰᠠᠷᠠᠭᠤᠯ᠂ ᠲᠡᠷᠢ ᠲᠡᠭᠰᠢ ᠡᠯᠵᠢᠭᠡᠨ ᠤ ᠬᠠᠰᠢᠶᠠᠨ ᠳᠤ 100 ᠭᠠᠷᠤᠢ ᠡᠯᠵᠢᠭᠡᠨ ᠤ ᠪᠡᠶ᠎ᠡ ᠨᠢ ᠬᠦᠳᠡᠷ ᠴᠢᠭᠢᠷᠠᠭ ᠪᠤᠶᠤ ᠰᠤᠯᠠ ᠰᠡᠯᠡᠭᠦᠦ ᠠᠯᠬᠤᠯᠠᠬᠤ᠂ ᠡᠰᠡᠬᠦᠯ᠎ᠡ ᠲᠡᠭᠷᠢ ᠥᠭᠡᠳᠡ ᠬᠠᠷᠠᠵᠤ ᠤᠷᠠᠢ ᠬᠠᠰᠬᠢᠷᠬᠤ ᠡᠰᠡᠬᠦᠯ᠎ᠡ ᠨᠡᠷᠡᠨ ᠳᠤ ᠡᠭᠡᠭᠡᠵᠦ ᠮᠡᠯᠡᠷᠡᠳᠡᠭ᠃  ᠶᠠᠭᠤᠨ ᠤ ᠤᠴᠢᠷ ᠠᠴᠠ ᠠᠳᠠᠯ ᠪᠣᠰᠬᠠᠬᠤ ᠬᠡᠷᠡᠭᠲᠡᠢ ᠪᠣᠢ︖ ᠶᠠᠭᠤᠨ ᠤ ᠤᠴᠢᠷ ᠠᠴᠠ ᠡᠯᠵᠢᠭᠡ ᠲᠡᠵᠢᠭᠡᠳᠡᠭ ᠪᠤᠢ ︖ ᠰᠤᠷᠪᠤᠯᠵᠢᠯᠠᠭᠴᠢ ᠡᠨᠡ ᠬᠦ ᠣᠯᠠᠨ ᠬᠥᠮᠥᠨ ᠤ ᠣᠯᠠᠨ ᠤᠳᠠᠭ᠎ᠠ ᠠᠰᠠᠭᠤᠭᠰᠠᠨ ᠠᠰᠠᠭᠤᠯᠲᠠ ᠶᠢ ᠯᠢᠦ ᠶᠦᠩ ᠸᠧᠢ ᠳᠤ ᠳᠠᠬᠢᠨ ᠨᠢᠭᠡ ᠤᠳᠠᠭ᠎ᠠ ᠬᠠᠶᠠᠵᠤ ᠥᠭᠭᠦᠭᠰᠡᠨ ᠳᠤ᠂ ᠡᠨᠡ ᠬᠦ ᠶᠠᠷᠢᠶ᠎ᠠ ᠬᠥᠭᠡᠷᠦᠭᠡ ᠲᠠᠢ ᠴᠡᠷᠢᠭ ᠠᠴᠠ ᠬᠠᠯᠠᠭᠳᠠᠭᠰᠠᠨ ᠴᠡᠷᠢᠭ ᠤᠨ ᠦᠭᠡ ᠨᠢ ᠲᠡᠷᠡ ᠳᠣᠣᠷ᠎ᠠ ᠪᠠᠨ᠄ ︽ᠬᠥᠮᠥᠨ ᠡᠨᠡ ᠨᠠᠰᠤᠨ ᠳᠠᠭᠠᠨ ᠬᠡᠳᠦᠨᠲᠡ ᠠᠮᠢ ᠴᠦᠯᠡᠨ ᠲᠡᠮᠡᠴᠡᠵᠦ ᠴᠢᠳᠠᠬᠤ ᠪᠤᠶ  ︖︾ ᠭᠡᠵᠦ ᠬᠡᠯᠡᠬᠦ ᠦᠭᠡᠨ ᠤ ᠬᠠᠶᠢᠷᠴᠠᠭ ᠢᠶᠠᠨ ᠳᠡᠯᠭᠡᠵᠦ᠄ ︽ᠬᠥᠮᠥᠨ ᠡᠨᠡ ᠨᠠᠰᠤᠨ ᠳᠠᠭᠠᠨ ᠬᠡᠳᠦᠨᠲᠡ ᠠᠮᠢ ᠪᠡᠶ᠎ᠡ ᠪᠠᠨ ᠦᠵᠡᠯᠴᠡᠬᠦ ᠪᠤᠶ︖ ᠠᠮᠢ ᠴᠦᠯᠡᠨ ᠲᠡᠮᠡᠴᠡᠭᠰᠡᠨ ᠴᠦ ᠬᠥᠮᠥᠨ ᠤ ᠠᠮᠢᠳᠤᠷᠠᠯ ᠭᠡᠵᠦ ᠬᠢᠯᠢᠰᠳᠡᠬᠦ ᠦᠭᠡᠢ᠃ 2005 ᠣᠨ ᠳᠤ ᠪᠢ ᠴᠡᠷᠢᠭ ᠠᠴᠠ ᠬᠠᠯᠠᠭᠳᠠᠬᠤ ᠳᠠᠭᠠᠨ ᠵᠠᠯᠠᠭᠤ ᠳᠠᠭᠠᠨ ᠢᠩᠭᠢᠵᠦ ᠶᠠᠭᠤ ᠴᠤ ᠪᠦᠲᠦᠭᠡᠵᠦ ᠴᠢᠳᠠᠬᠤ ᠦᠭᠡᠢ ᠭᠡᠵᠦ ᠪᠤᠳᠤᠭᠠᠳ ᠲᠡᠵᠢᠭᠡᠨ ᠦᠷᠡᠵᠢᠭᠦᠯᠬᠦ ᠦᠢᠯᠡᠰ ᠲᠤ ᠣᠷᠣᠬᠤ ᠪᠠᠷ ᠤᠷᠤᠯᠳᠤᠪᠠ᠃ ᠡᠨᠡ ᠦᠶ᠎ᠡ ᠳᠤ ᠪᠢ ᠴᠡᠷᠢᠭ ᠠᠩᠭᠢ ᠠᠴᠠ ᠪᠠᠨ ᠪᠠᠭᠤᠬᠤ ᠦᠶ᠎ᠡ ᠳᠤ ᠲᠤᠩ ᠵᠠᠯᠠᠭᠤ ᠪᠠᠶᠢᠭᠰᠠᠨ ᠠᠴᠠ ᠪᠠᠨ ᠶᠠᠭᠤ ᠴᠤ ᠪᠦᠲᠦᠭᠡᠵᠦ ᠴᠢᠳᠠᠬᠤ ᠦᠭᠡᠢ ᠭᠡᠵᠦ ᠪᠤᠳᠤᠭᠠᠳ ᠲᠡᠵᠢᠭᠡᠨ ᠦᠷᠡᠵᠢᠭᠦᠯᠬᠦ ᠦᠢᠯᠡᠰ ᠲᠤ ᠣᠷᠣᠬᠤ ᠪᠠᠷ ᠤᠷᠤᠯᠳᠤᠪᠠ᠃ ᠠᠩᠬ᠎ᠠ ᠡᠬᠢᠯᠡᠬᠦ ᠳᠡᠭᠡᠨ ᠲᠠᠬᠢᠶ᠎ᠠ ᠲᠡᠵᠢᠭᠡᠵᠦ ᠪᠠᠶᠢᠵᠠᠢ᠂ 2014 ᠣᠨ ᠳᠤ ᠬᠤᠷᠰᠢᠶ᠎ᠠ ᠪᠠᠶᠢᠭᠤᠯᠤᠭᠰᠠᠨ ᠤ ᠳᠠᠷᠠᠭ᠎ᠠ ᠰᠠᠶ᠋ᠢ ᠡᠯᠵᠢᠭᠡ ᠲᠡᠵᠢᠭᠡᠬᠦ ᠪᠠᠷ ᠲᠥᠯᠥᠪᠯᠡᠵᠦ ᠪᠠᠶᠢᠵᠠᠢ︾᠃  ᠯᠢᠦ ᠶᠦᠩ ᠸᠧᠢ ᠬᠡᠯᠡᠬᠦ ᠳᠡᠭᠡᠨ᠂ ᠣᠯᠠᠨ ᠭᠠᠵᠠᠷ ᠤᠨ ᠪᠠᠶᠢᠴᠠᠭᠠᠯᠲᠠ ᠪᠠᠷ ᠳᠡᠮᠵᠢᠨ᠂ ᠡᠯᠵᠢᠭᠡᠨ ᠮᠢᠬ᠎ᠠ᠂ ᠡᠯᠵᠢᠭᠡᠨ ᠠᠷᠠᠰᠤ᠂ ᠡᠯᠵᠢᠭᠡᠨ ᠶᠠᠰᠤ ᠵᠡᠷᠭᠡ ᠦᠢᠯᠡᠳᠬᠦᠨ ᠤ ᠡᠮ ᠳᠤ ᠬᠡᠷᠡᠭᠯᠡᠬᠦ᠂ ᠡᠷᠡᠭᠦᠯᠵᠢᠯ ᠤᠨ ᠴᠢᠳᠠᠮᠵᠢ ᠶᠢ ᠨᠡᠭᠡᠭᠡᠨ ᠠᠰᠢᠭᠯᠠᠬᠤ ᠶᠢ ᠳᠠᠭᠠᠯᠳᠤᠨ᠂ ᠡᠯᠵᠢᠭᠡᠨ ᠤ ᠠᠵᠤ ᠠᠬᠤᠢ ᠶᠢᠨ ᠦᠨ᠎ᠡ ᠥᠷᠲᠡᠭ ᠦᠷᠭᠦᠯᠵᠢᠯᠡᠨ ᠳᠡᠭᠡᠭᠰᠢᠯᠡᠵᠦ᠂ ᠡᠯᠵᠢᠭᠡ ᠲᠡᠵᠢᠭᠡᠬᠦ ᠦᠷ᠎ᠡ ᠠᠰᠢᠭ ᠲᠠᠰᠤᠷᠠᠯᠲᠠ ᠦᠭᠡᠢ ᠳᠡᠭᠡᠭᠰᠢᠯᠡᠵᠦ ᠪᠠᠶᠢᠬᠤ ᠶᠢ ᠣᠯᠵᠤ ᠮᠠᠲᠠᠵᠠᠢ᠃ ᠠᠯᠠᠰᠢᠨ ᠡᠯᠵᠢᠭᠡ ᠡᠪᠡᠰᠦᠨ ᠲᠡᠵᠢᠭᠡᠯᠲᠡᠨ ᠪᠣᠯᠤᠭᠰᠠᠨ ᠤ ᠬᠤᠪᠢ ᠳᠤ᠂ ᠪᠦᠳᠦᠭᠦᠯᠢᠭ ᠲᠡᠵᠢᠭᠡᠯ ᠳᠤ ᠲᠡᠰᠪᠦᠷᠢᠲᠡᠢ᠂ ᠰᠥᠷᠬᠦ ᠶᠢ ᠡᠰᠡᠷᠭᠦᠴᠡᠬᠦ ᠴᠢᠨᠠᠷ ᠢᠶᠠᠷ ᠴᠢᠩᠭ᠎ᠠ᠂ ᠲᠡᠵᠢᠭᠡᠬᠦ ᠳᠤ ᠬᠢᠯᠪᠠᠷ ᠮᠥᠷᠲᠡᠭᠡᠨ ᠲᠡᠵᠢᠭᠡᠯ ᠪᠣᠷᠳᠣᠭᠠᠨ ᠤ ᠢᠷᠡᠯᠲᠡ ᠥᠷᠭᠡᠨ᠂ ᠦᠷᠡᠵᠢᠯᠲᠡ ᠲᠦᠷᠭᠡᠨ᠂ ᠢᠳᠡᠰᠢ ᠶᠢᠨ ᠬᠡᠮᠵᠢᠶ᠎ᠡ ᠪᠠᠭ᠎ᠠ ᠵᠡᠷᠭᠡ ᠣᠨᠴᠠᠯᠢᠭ ᠲᠠᠭᠠᠨ ᠲᠦᠰᠢᠭᠯᠡᠵᠦ᠂ ᠨᠢᠭᠡ ᠵᠦᠢᠯ ᠤᠨ ᠰᠢᠨ᠎ᠡ ᠪᠠᠷ ᠬᠥᠭᠵᠢᠭᠰᠡᠨ ᠲᠡᠵᠢᠭᠡᠨ ᠦᠷᠡᠵᠢᠭᠦᠯᠬᠦ ᠠᠵᠤ ᠦᠢᠯᠡᠰ ᠪᠣᠯᠵᠤ᠂ ᠪᠠᠭ᠎ᠠ ᠬᠡᠮᠵᠢᠶᠡᠨ ᠤ ᠠᠰᠢᠭ ᠬᠤᠨᠵᠢᠪᠤᠷᠢ ᠠᠴᠠ ᠳᠤᠮᠳᠠ ᠵᠡᠷᠭᠡ ᠶᠢᠨ ᠬᠡᠮᠵᠢᠶᠡᠨ ᠤ ᠥᠨᠳᠥᠷ ᠠᠰᠢᠭ ᠬᠤᠨᠵᠢᠪᠤᠷᠢ ᠳᠠᠰᠢ ᠦᠳᠲᠡᠷ ᠲᠦᠷᠭᠡᠨ ᠬᠥᠭᠵᠢᠭᠰᠡᠨ ᠪᠠᠶᠢᠨ᠎ᠠ᠃  ᠬᠢᠨ᠎ᠡ ᠭᠡᠪᠡᠯ ᠬᠢᠵᠦ᠂ 2016 ᠣᠨ ᠳᠤ ᠡᠯᠵᠢᠭᠡ ᠲᠡᠵᠢᠭᠡᠬᠦ ᠰᠠᠶᠢᠨ ᠰᠠᠶᠢᠬᠠᠨ ᠢᠷᠡᠭᠡᠳᠦᠢ  ᠶᠢ ᠦᠵᠡᠵᠦ ᠭᠠᠷᠴᠠᠢ᠃ ᠯᠢᠦ ᠶᠦᠩ ᠸᠧᠢ ᠪᠤᠰᠤᠳ ᠬᠡᠳᠦᠨ ᠲᠠᠷᠢᠶᠠᠴᠢᠨ ᠡᠷᠦᠬᠡ ᠲᠠᠢ ᠬᠠᠮᠲᠤ ᠪᠠᠷ ᠲᠠᠷᠢᠶᠠᠴᠢᠨ ᠤ ᠬᠤᠷᠰᠢᠶ᠎ᠠ ᠪᠠᠶᠢᠭᠤᠯᠵᠤ᠂ ᠡᠬᠢᠯᠡᠩᠭᠦᠲᠡ ᠪᠠᠨ 50 ᠠᠴᠠ ᠤᠳᠤ ᠪᠣᠯᠬᠤ ᠳᠤ 110 ᠪᠣᠯᠵᠤ᠂ ᠵᠢᠯ ᠤᠨ ᠴᠡᠪᠡᠷ ᠣᠷᠣᠯᠭ᠎ᠠ ᠨᠢ 45 ᠲᠦᠮᠡᠨ ᠲᠥᠭᠦᠷᠢᠭ ᠲᠤ ᠬᠦᠷᠴᠡᠢ᠃        ︽ᠨᠢᠭᠡ ᠡᠯᠵᠢᠭᠡ ᠠᠴᠠ 240 ᠵᠢᠩ ᠮᠢᠬ᠎ᠠ᠂ ᠶᠠᠰᠤ ᠭᠠᠷᠭᠠᠵᠤ ᠴᠢᠳᠠᠳᠠᠭ᠂ ᠵᠢᠷᠦᠬᠡ᠂ ᠡᠯᠢᠭᠡ᠂ ᠲᠣᠯᠣᠭᠠᠢ ᠂ ᠭᠡᠳᠡᠰᠦ᠂ ᠠᠷᠠᠰᠤ ᠵᠡᠷᠭᠡ  ᠶᠢ ᠪᠦᠷ ᠬᠤᠳᠠᠯᠳᠤᠳᠠᠭ᠂ ᠡᠯᠵᠢᠭᠡ  ᠶᠢᠨ ᠪᠦᠬᠦ ᠪᠡᠶ᠎ᠡ ᠳᠤ ᠡᠷᠳᠡᠨᠢ ᠪᠠᠶᠢᠳᠠᠭ︾᠃ ᠡᠲᠡᠭᠡᠷ ᠡᠯᠵᠢᠭᠡ ᠨᠢ ᠯᠢᠦ ᠶᠦᠩ ᠸᠧᠢ ᠶᠢ ᠪᠠᠶᠠᠵᠢᠭᠤᠯᠤᠭᠰᠠᠨ ᠢᠶᠠᠷ ᠪᠠᠷᠠᠬᠤ ᠦᠭᠡᠢ᠂ ᠪᠠᠰᠠ ᠡᠷᠬᠢᠨ ᠲᠣᠭᠤᠷᠢᠨ ᠤ ᠲᠣᠰᠬᠤᠨ ᠤ ᠠᠷᠠᠳ ᠢ ᠳᠠᠶᠢᠴᠢᠯᠠᠨ ᠬᠠᠮᠲᠤ ᠪᠠᠷ ᠬᠥᠭᠵᠢᠭᠦᠯᠵᠦ ᠪᠠᠶᠢᠨ᠎ᠠ᠃  ᠬᠤᠷᠰᠢᠶ᠎ᠠ ᠵᠢᠯ ᠪᠦᠷᠢ ᠡᠷᠬᠢᠨ ᠲᠣᠭᠤᠷᠢᠨ ᠤ ᠲᠣᠰᠬᠤᠨ ᠤ ᠠᠷᠠᠳ ᠤᠨ ᠡᠷᠳᠡᠨᠢ ᠰᠢᠰᠢ ᠪᠠ ᠡᠰᠢ ᠰᠦᠷᠡᠯ ᠢ ᠪᠦᠬᠦᠨ ᠢ ᠬᠤᠳᠠᠯᠳᠤᠨ ᠠᠪᠴᠢᠷᠠᠵᠤ ᠡᠯᠵᠢᠭᠡᠨ ᠳᠤ ᠲᠡᠵᠢᠭᠡᠯ ᠪᠣᠷᠳᠤᠭ᠎ᠠ ᠬᠢᠵᠦ ᠥᠭᠲᠡᠭ᠃ ᠰᠢᠶᠠᠨ ᠤ ︽ᠵᠠᠭᠤᠨ ᠠᠵᠤ ᠠᠬᠤᠶᠢᠯᠠᠯ ᠵᠠᠭᠤᠨ ᠲᠣᠰᠬᠤᠨ ᠢ ᠬᠠᠪᠰᠤᠷᠬᠤ︾ᠪᠦᠷᠢᠯᠳᠦᠭᠦᠨ ᠪᠣᠯᠤᠭᠰᠠᠨ ᠤ ᠬᠤᠪᠢ ᠳᠤ᠂ ᠬᠤᠷᠰᠢᠶ᠎ᠠ ᠨᠢ ᠲᠣᠰᠬᠤᠨ ᠤ ᠶᠠᠳᠠᠭᠤ ᠶᠢ ᠲᠡᠳᠬᠦᠬᠦ ᠠᠵᠢᠯ ᠳᠤ ᠢᠳᠡᠪᠬᠢᠲᠡᠢ ᠣᠷᠣᠯᠴᠠᠵᠤ᠂ 2 ᠶᠠᠳᠠᠭᠤ ᠠᠴᠠ ᠠᠩᠭᠢᠵᠢᠷᠠᠭᠰᠠᠨ ᠡᠷᠦᠬᠡ ᠶᠢ ᠪᠠᠭᠲᠠᠭᠠᠭᠰᠠᠨ 6 ᠲᠣᠰᠬᠤᠨ ᠤ ᠠᠷᠠᠳ ᠢ ᠣᠷᠣᠭᠤᠯᠤᠨ ᠠᠵᠢᠯ ᠣᠯᠭᠤᠵᠤ᠂ ᠵᠢᠯ ᠪᠦᠷᠢ ᠲᠣᠰᠬᠤᠨ ᠤ ᠠᠷᠠᠳ ᠢ ᠬᠠᠪᠰᠤᠷᠤᠨ ᠵᠢᠷᠭᠤᠭ᠎ᠠ᠂ ᠲᠤᠯᠤᠭᠠᠨ ᠲᠦᠮᠡᠨ ᠲᠥᠭᠦᠷᠢᠭ ᠤᠨ ᠲᠠᠷᠢᠶᠠᠯᠠᠩ ᠮᠠᠯ ᠠᠵᠤ ᠠᠬᠤᠢ ᠶᠢᠨ ᠪᠦᠲᠦᠭᠡᠭᠳᠡᠬᠦᠨ ᠢ ᠣᠷᠣᠯᠠᠨ ᠬᠤᠳᠠᠯᠳᠤᠵᠤ ᠪᠠᠶᠢᠨ᠎ᠠ᠃  ᠣᠳᠣᠬᠠᠨ ᠳᠤ᠂ ᠣᠯᠠᠨ ᠢᠶᠠᠷ ᠢᠶᠠᠨ ᠴᠥᠮ ᠴᠢᠨᠡᠭᠡᠯᠢᠭ ᠠᠮᠢᠳᠤᠷᠠᠯ ᠲᠠᠢ ᠪᠣᠯᠵᠤ᠂ ᠯᠢᠦ ᠶᠦᠩ ᠸᠧᠢ ᠲᠡᠵᠢᠭᠡᠨ ᠦᠷᠡᠵᠢᠭᠦᠯᠬᠦ ᠬᠡᠪᠴᠢᠶ᠎ᠡ ᠪᠠᠨ ᠥᠷᠭᠡᠳᠬᠡᠬᠦ ᠪᠠᠷ ᠲᠥᠯᠥᠪᠯᠡᠵᠦ ᠪᠠᠶᠢᠨ᠎ᠠ᠃ 30 ᠮᠦ ᠶᠢᠨ ᠰᠢᠨ᠎ᠡ ᠲᠡᠵᠢᠭᠡᠪᠦᠷᠢ ᠶᠢᠨ ᠲᠠᠯᠠᠪᠠᠢ ᠶᠢ ᠶᠠᠭ ᠪᠡᠯᠡᠳᠬᠡᠨ ᠪᠠᠶᠢᠭᠤᠯᠵᠤ ᠪᠤᠢ᠂ 2022 ᠣᠨ ᠳᠤ 300 ᠰᠠᠭᠤᠷᠢ ᠡᠮ᠎ᠡ ᠡᠯᠵᠢᠭᠡ ᠲᠠᠯᠠᠪᠠᠢ ᠳᠤ ᠣᠷᠣᠵᠤ᠂ 2023 ᠣᠨ ᠳᠤ 1000 ᠶᠢ ᠡᠵᠡᠯᠡᠬᠦ ᠪᠣᠯᠣᠨ᠎ᠠ᠃  ᠣᠳᠣ ᠶᠢᠨ ᠡᠯᠵᠢᠭᠡᠨ ᠮᠢᠬ᠎ᠠ ᠶᠢ ᠵᠢᠵᠢᠭᠯᠡᠨ ᠬᠤᠳᠠᠯᠳᠤᠭᠠᠳ ᠪᠠᠷᠠᠴᠢᠬᠠᠪᠠ᠂ ᠪᠠᠰᠠ ᠮᠠᠰᠢ ᠤᠯᠠᠨ ᠬᠤᠭᠤᠯᠠᠨ ᠭᠡᠷ ᠬᠠᠮᠲᠤᠷᠠᠨ ᠠᠵᠢᠯᠯᠠᠬᠤ ᠲᠤᠬᠠᠢ ᠶᠠᠷᠢᠯᠴᠠᠬᠤ ᠪᠠᠷ ᠢᠷᠡᠭᠰᠡᠨ ᠳᠤ ᠯᠢᠦ ᠶᠦᠩ ᠸᠧᠢ ᠥᠩᠭᠡᠷᠡᠭᠰᠡᠨ ᠤ ᠬᠥᠭᠵᠢᠯᠲᠡ ᠶᠢᠨ ᠠᠯᠬᠤᠴᠠ ᠪᠠᠭ᠋ᠠᠨ ᠤᠳᠠᠭᠠᠰᠢᠷᠠᠪᠠ ᠭᠡᠵᠦ ᠪᠤᠳᠤᠵᠠᠢ᠃ ᠳᠠᠷᠠᠭᠠᠴᠢ  ᠶᠢᠨ ᠠᠯᠬᠤᠮ ᠤᠨ ᠬᠥᠭᠵᠢᠯᠲᠡ ᠳᠤ ᠲᠡᠷᠡ᠄ ︽ᠬᠡᠪᠴᠢᠶ᠎ᠡ ᠪᠠᠨ ᠥᠷᠭᠡᠳᠬᠡᠪᠡᠯ᠂ ᠪᠣᠷᠤᠯᠠᠭᠤᠯᠭ᠎ᠠ ᠪᠣᠯᠪᠠᠰᠤᠷᠠᠩᠭᠤᠢ ᠪᠣᠯᠣᠨ᠎ᠠ᠂ ᠵᠠᠩᠭᠢᠯᠠᠭ᠎ᠠ ᠨᠢ ᠪᠡᠯᠡ ᠮᠥᠩᠭᠦ ᠪᠣᠯᠣᠨ᠎ᠠ᠂ ᠭᠡᠬᠦ ᠳᠡᠭᠡᠨ ᠲᠠᠷᠢᠶᠠᠯᠠᠩ ᠤᠨ ᠵᠢᠭᠡᠯᠡᠯᠭᠡ  ᠶᠢᠨ ᠬᠦᠦ ᠮᠥᠩᠭᠦ ᠳᠣᠣᠷ᠎ᠠ᠂ 3 ᠵᠢᠯ ᠵᠢᠭᠡᠯᠡᠭᠦᠯᠵᠦ ᠪᠣᠯᠬᠤ ᠪᠥᠭᠡᠳ ᠪᠠᠰᠠ ᠡᠭᠡᠯᠵᠢᠯᠡᠨ ᠵᠢᠭᠡᠯᠡᠭᠦᠯᠵᠦ ᠪᠣᠯᠣᠨ᠎ᠠ᠂ ᠪᠢ 3 ᠰᠠᠷ᠎ᠠ ᠳᠤ 100 ᠭᠠᠷᠤᠢ ᠲᠦᠮᠡᠨ ᠲᠥᠭᠦᠷᠢᠭ ᠤᠨ ᠵᠢᠭᠡᠯᠡᠯᠭᠡ ᠲᠠᠯᠪᠢᠬᠤ ᠪᠠᠷ ᠪᠡᠯᠡᠳᠬᠡᠵᠦ ᠪᠠᠶᠢᠨ᠎ᠠ᠂ ᠡᠶᠢᠮᠦ ᠠᠴᠠ ᠪᠡᠯᠡ ᠮᠥᠩᠭᠦ ᠴᠦ ᠠᠰᠠᠭᠤᠳᠠᠯ ᠦᠭᠡᠢ ᠶᠤᠮ︾ ᠭᠡᠵᠦ ᠮᠠᠰᠢ ᠢᠲᠡᠭᠡᠯ ᠲᠠᠢ ᠬᠡᠯᠡᠵᠡᠢ᠃  ᠡᠯᠵᠢᠭᠡ ᠪᠠᠨ ᠲᠡᠵᠢᠭᠡᠵᠦ ᠵᠣᠭᠤᠰ ᠣᠯᠬᠤ ᠶᠢ ᠬᠠᠷᠠᠭᠠᠳ ᠲᠣᠰᠬᠤᠨ ᠤ ᠠᠷᠠᠳ ᠤᠨ ᠰᠡᠳᠬᠢᠯ ᠴᠦ ᠤᠯᠠᠶᠢᠪᠠ᠃ ᠭᠡᠪᠡᠴᠦ ᠲᠣᠰᠬᠤᠨ ᠤ ᠭᠡᠷ ᠢᠶᠠᠨ ᠰᠠᠬᠢᠵᠤ ᠬᠤᠴᠣᠷᠤᠭᠰᠠᠨ ᠲᠣᠰᠬᠤᠨ ᠤ ᠠᠷᠠᠳ ᠤᠨ ᠨᠠᠰᠤ ᠠᠬᠠᠰᠢᠷᠠᠵᠤ᠂ ᠲᠠᠮᠢᠷ ᠲᠡᠩᠬᠡᠭᠡ ᠬᠦᠷᠦᠯᠴᠡᠬᠦ ᠦᠭᠡᠢ ᠪᠥᠭᠡᠳ ᠬᠠᠮᠢᠶᠠᠷᠴᠤ ᠴᠤ ᠳᠡᠶᠢᠯᠬᠦ ᠦᠭᠡᠢ ᠪᠣᠯᠬᠤᠷ᠂ ᠯᠢᠦ ᠶᠦᠩ ᠸᠧᠢ ᠲᠡᠳᠡᠨ ᠳᠤ ᠰᠠᠭᠤᠷᠢ ᠡᠮ᠎ᠡ ᠡᠯᠵᠢᠭᠡ ᠶᠢ ᠣᠷᠣᠯᠠᠨ ᠲᠡᠵᠢᠭᠡᠵᠦ ᠥᠭᠬᠦ ᠶᠢ ᠪᠤᠲᠤᠵᠤ᠂ ᠬᠤᠳᠠᠯᠳᠤᠨ ᠭᠠᠷᠭᠠᠭᠰᠠᠨ ᠤ ᠲᠠᠷᠠᠭ᠎ᠠ ᠠᠰᠢᠭ ᠬᠤᠨᠵᠢᠪᠤᠷᠢ ᠬᠤᠪᠢᠶᠠᠨ ᠣᠯᠵᠤ ᠥᠭᠬᠦ ᠶᠢ ᠪᠤᠳᠤᠵᠠᠢ᠃ ᠭᠠᠴᠠᠭᠠᠨ ᠤ ᠠᠷᠠᠳ ᠲᠠᠢ ᠵᠥᠪᠳᠡᠯᠴᠡᠭᠰᠡᠨ ᠤ ᠳᠠᠷᠠᠭ᠎ᠠ᠂ ᠣᠳᠣ ᠨᠢᠭᠡᠨᠲᠡ ᠬᠡᠳᠦᠨ ᠡᠷᠦᠬᠡ ᠭᠠᠴᠠᠭᠠᠨ ᠤ ᠠᠷᠠᠳ ᠬᠠᠮᠲᠤᠷᠠᠨ ᠠᠵᠢᠯᠯᠠᠬᠤ ᠰᠠᠨᠠᠭ᠎ᠠ ᠲᠠᠢ ᠪᠣᠯᠵᠠᠢ᠃  ᠯᠢᠦ ᠶᠦᠩ ᠸᠧᠢ ᠪᠠᠰᠠ ᠬᠡᠪᠴᠢᠶ᠎ᠡ ᠪᠠᠨ ᠥᠷᠭᠡᠳᠬᠡᠭᠰᠡᠨ ᠤ ᠲᠠᠷᠠᠭ᠎ᠠ᠂ ᠪᠣᠷᠳᠣᠵᠤ ᠲᠠᠷᠭᠤᠯᠠᠭᠤᠯᠬᠤ᠂ ᠴᠠᠪᠠᠤ ᠴᠢᠨᠠᠬᠤ ᠶᠢ ᠴᠢᠨᠠᠭᠰᠢᠳᠠ ᠬᠥᠭᠵᠢᠭᠦᠯᠵᠦ᠂ ᠨᠡᠩ ᠤᠯᠠᠨ ᠲᠣᠰᠬᠤᠨ ᠤ ᠠᠷᠠᠳ ᠢ ᠲᠠᠶᠢᠴᠢᠯᠠᠨ ᠡᠨᠡᠬᠦ ᠠᠵᠤ ᠦᠢᠯᠡᠰ ᠤᠨ ᠬᠡᠯᠬᠢᠶ᠎ᠡ ᠪᠠᠷ ᠬᠠᠮᠲᠤᠪᠠᠷ ᠪᠠᠶᠠᠵᠢᠬᠤ ᠶᠢ ᠪᠤᠳᠤᠵᠠᠢ᠃ ︽ᠡᠨᠡ ᠪᠣᠯ ᠪᠠᠰᠠ ᠴᠤ ᠮᠢᠨᠤ ᠨᠢᠭᠡᠨ ᠡᠪ ᠬᠠᠮᠲᠤ ᠨᠠᠮ ᠤᠨ ᠭᠡᠰᠢᠭᠦᠨ ᠪᠣᠯᠤᠭᠰᠠᠨ ᠤ ᠬᠤᠪᠢ ᠳᠠᠬᠢ ᠡᠭᠦᠷᠭᠡ ᠬᠠᠷᠢᠭᠤᠴᠠᠯᠭ᠎ᠠ ᠪᠣᠯᠣᠨ᠎ᠠ᠂ ᠪᠢ ᠪᠠᠰᠠ ᠲᠣᠰᠬᠤᠨ ᠤ ᠠᠷᠠᠳ ᠢ ᠬᠠᠪᠰᠤᠷᠤᠨ ᠮᠠᠯ ᠠᠵᠤ ᠠᠬᠤᠢ ᠶᠢᠨ ᠪᠦᠲᠦᠭᠡᠭᠳᠡᠬᠦᠨ ᠢ ᠣᠷᠣᠯᠠᠨ ᠬᠤᠳᠠᠯᠳᠤᠬᠤ ᠡᠷᠴᠢᠮ ᠢᠶᠠᠨ ᠴᠢᠩᠭᠠᠷᠠᠭᠤᠯᠵᠤ᠂ ᠵᠢᠯ ᠪᠦᠷᠢ 30 ᠲᠦᠮᠡᠨ ᠲᠥᠭᠦᠷᠢᠭ ᠬᠤᠳᠠᠯᠳᠤᠬᠤ ᠪᠠᠷ ᠴᠢᠷᠮᠠᠶᠢᠨ᠎ᠠ︾ ᠭᠡᠵᠦ ᠬᠡᠯᠡᠪᠡ᠃
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠬᠥᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号