【ᠶᠠᠳᠠᠭᠤ ᠠᠴᠠ ᠠᠩᠭᠢᠵᠢᠷᠠᠭᠰᠠᠨ ᠦᠯᠢᠭᠡᠷ】 ᠬᠠᠶᠢᠷ᠎ᠠ ᠪᠢᠯᠬᠠᠭᠰᠠᠨ ᠸᠠᠩ  ᠪᠢᠴᠢᠭᠡᠴᠢ ᠲᠤᠰᠬᠤᠨ
ᠨᠡᠶᠢᠲᠡᠯᠡᠭᠰᠡᠨ ᠴᠠᠭ᠄
2022/2/23
    ᠡᠪᠦᠯ ᠤᠨ ᠤᠯᠠᠷᠢᠯ ᠤᠨ ᠲᠦᠮᠡᠳ ᠵᠡᠭᠦᠨ ᠬᠤᠰᠢᠭᠤᠨ ᠤ ᠸᠠᠩ  ᠪᠢᠴᠢᠭᠡᠴᠢ ᠲᠣᠰᠬᠤᠨ ᠥᠯᠵᠡᠢ ᠪᠡᠯᠭᠡ ᠲᠠᠢ ᠠᠮᠤᠷ ᠠᠮᠤᠭᠤᠯᠠᠩ ᠪᠠᠶᠢᠵᠤ᠂ ᠨᠢᠭᠡ ᠤᠳᠠᠭ᠎ᠠ ᠶᠢᠨ ᠪᠠᠭ᠎ᠠ ᠴᠠᠰᠤ ᠡᠬᠡ ᠭᠠᠵᠠᠷ ᠲᠤ ᠮᠥᠩᠭᠦᠨ ᠬᠤᠪᠴᠠᠰᠤ ᠨᠥᠮᠥᠷᠭᠡᠪᠡ᠃ ᠭᠡᠷ  ᠢᠶᠠᠨ ᠴᠡᠪᠡᠷᠯᠡᠵᠦ ᠪᠠᠶᠢᠭᠰᠠᠨ ᠱᠤᠤ ᠬᠦᠢ ᠬᠤᠸᠠ ᠨᠠᠰᠤᠲᠠᠨ ᠤ ᠳᠤᠮᠳᠠ ᠴᠣᠩᠬᠤ ᠨᠢ ᠲᠤᠩᠭᠠᠯᠠᠭ᠂ ᠬᠡᠳᠦᠨ ᠫᠧᠩᠰᠡ ᠨᠣᠭᠤᠭᠠᠨ ᠤᠷᠭᠤᠮᠠᠯ ᠬᠠᠪᠤᠷ ᠤᠨ ᠤᠯᠠᠷᠢᠯ ᠳᠤ ᠪᠠᠳᠠᠷᠠᠨ ᠳᠡᠯᠭᠡᠷᠡᠨ᠎ᠡ᠃     71 ᠨᠠᠰᠤᠲᠠᠢ ᠲᠣᠰᠬᠤᠨ ᠤ ᠠᠷᠠᠳ ᠱᠤᠤ ᠬᠦᠢ ᠬᠤᠸᠠ ᠪᠣᠯ ᠲᠣᠰᠬᠤᠨ ᠤ ᠶᠠᠳᠠᠭᠤ ᠠᠴᠠ ᠠᠩᠭᠢᠵᠢᠷᠠᠭᠰᠠᠨ ᠡᠷᠦᠬᠡ ᠪᠣᠯᠣᠨ᠎ᠠ᠂ ᠳᠡᠭᠡᠳᠦᠰ ᠤᠨ ᠨᠤᠲᠤᠭ ᠾᠦᠪᠸᠢ᠂ ᠸᠠᠩ ᠪᠢᠴᠢᠭᠡᠴᠢ ᠲᠣᠰᠬᠤᠨ ᠳᠤ ᠭᠤᠴᠢ ᠭᠠᠷᠤᠢ ᠵᠢᠯ ᠠᠮᠢᠳᠤᠷᠠᠵᠤ᠂ ᠦᠭᠡ ᠬᠡᠯᠡᠬᠦ ᠳᠡᠭᠡᠨ ᠡᡁᠥᠪᠸᠢ ᠶᠢᠨ ᠠᠮᠠᠨ ᠠᠶᠠᠯᠭᠤ ᠲᠠᠢ ᠪᠠᠶᠢᠬᠤ ᠠᠴᠠ ᠭᠠᠳᠠᠨ᠎ᠠ᠂ ᠲᠡᠷᠡ ᠨᠢᠭᠡᠨᠲᠡ ᠸᠠᠩ  ᠪᠢᠴᠢᠭᠡᠴᠢ ᠲᠣᠰᠬᠤᠨ ᠤ ᠡᠨᠡᠬᠦ ᠶᠡᠭᠡ ᠭᠡᠷ ᠪᠦᠯᠢ ᠳᠤ ᠪᠦᠷᠢᠮᠦᠰᠦᠨ ᠠᠭᠤᠰᠤᠯᠴᠠᠵᠠᠢ᠃     ︽ᠠᠶᠢᠯ ᠰᠠᠭᠠᠬᠠᠯᠲᠠ ᠶᠢᠨ ᠬᠤᠭᠤᠷᠣᠨᠳᠤ ᠪᠠᠨ ᠲᠤᠩ ᠳᠣᠲᠣᠨᠣ᠂ ᠬᠦᠦ ᠨᠢ ᠭᠠᠳᠠᠨ᠎ᠠ ᠬᠥᠯᠥᠰᠦᠨ ᠠᠵᠢᠯ ᠬᠢᠵᠦ ᠪᠠᠶᠢᠨ᠎ᠠ᠂ ᠪᠢ ᠥᠪᠡᠷ ᠢᠶᠠᠨ ᠲᠣᠰᠬᠤᠨ ᠳᠤ ᠠᠮᠢᠳᠤᠷᠠᠵᠤ ᠪᠠᠶᠢᠨ᠎ᠠ᠂ ᠤᠯᠠᠨ ᠢᠶᠠᠷ ᠢᠶᠠᠨ ᠨᠠᠳᠠ ᠳᠤ ᠨᠢᠭᠡ ᠭᠡᠷ ᠤᠨ ᠬᠥᠮᠥᠨ ᠰᠢᠭ ᠬᠠᠨᠳᠤᠨ᠎ᠠ︾᠃ ᠬᠥᠷᠰᠢ ᠵᠡᠷᠭᠡᠯᠡᠳᠡᠭᠡ ᠶᠢᠨ ᠬᠢᠨ ᠢ ᠬᠡᠯᠡᠬᠦ ᠳᠤ᠂ ᠱᠤᠤ ᠬᠦᠢ ᠬᠤᠸᠠ ᠶᠡᠷᠦᠨᠢ ᠬᠡᠯᠡᠭᠡᠳ ᠪᠠᠷᠠᠰᠢ ᠦᠭᠡᠢ ᠲᠠᠯᠠᠷᠬᠠᠯ ᠤᠨ ᠰᠡᠳᠬᠢᠯᠭᠡ ᠲᠠᠢ ᠪᠠᠶᠢᠳᠠᠭ᠃     ︽ᠬᠡᠳᠦᠨ ᠡᠳᠦᠷ ᠤᠨ ᠡᠮᠦᠨ᠎ᠡ ᠠᠭᠤᠷ ᠠᠮᠢᠰᠬᠤᠯ ᠬᠤᠪᠢᠷᠠᠵᠤ᠂ ᠵᠤᠤᠬ᠎ᠠ ᠠᠴᠠ ᠤᠲᠤᠭ᠎ᠠ ᠪᠠᠭᠠᠭᠢᠵᠤ᠂ ᠬᠠᠭ᠋ᠠᠬᠤ ᠶᠢᠨ ᠶᠡᠭᠡ ᠪᠠᠷ ᠬᠠᠭ᠋ᠠᠪᠠ᠂ ᠰᠤᠪᠤᠷᠭ᠎ᠠ ᠳᠤ ᠭᠠᠩᠰᠠ ᠬᠢᠵᠦ ᠥᠭᠭᠦᠭᠰᠡᠨ ᠳᠤ ᠪᠢ ᠲᠡᠭᠦᠨ ᠳᠤ ᠶᠠᠭᠠᠬᠢᠵᠤ ᠲᠠᠯᠠᠷᠬᠠᠬᠤ ᠪᠠᠨ ᠴᠤ ᠣᠯᠬᠤ ᠦᠭᠡᠢ ᠪᠠᠶᠢᠪᠠ᠂ ᠪᠠᠰᠠ ᠨᠢᠭᠡ ᠤᠳᠠᠭ᠎ᠠ ᠪᠢ ᠬᠦᠷᠢᠶᠡᠨ ᠳᠣᠲᠣᠷ᠎ᠠ ᠨᠣᠬᠠᠢ ᠪᠠᠨ ᠲᠡᠵᠢᠭᠡᠬᠦ ᠳᠤ ᠭᠡᠨᠡᠳᠲᠡ ᠠᠶᠠᠭᠦᠢ ᠰᠠᠨᠠᠭᠳᠠᠵᠤ᠂ ᠨᠣᠬᠠᠢ ᠪᠠᠨ ᠤᠶᠠᠭᠰᠠᠨ ᠳᠡᠭᠡᠰᠦᠨ ᠳᠤ ᠣᠷᠢᠶᠠᠭᠳᠠᠭᠠᠳ ᠬᠥᠳᠡᠯᠵᠦ ᠳᠡᠶᠢᠯᠬᠦ ᠦᠭᠡᠢ ᠪᠣᠯᠪᠠ᠂ ᠰᠤᠪᠤᠷᠭ᠎ᠠ ᠨᠠᠮᠠᠶᠢ ᠠᠪᠤᠷᠠᠬᠤ ᠪᠠᠷ ᠢᠷᠡᠭᠰᠡᠨ ᠠᠴᠠ ᠪᠢ ᠠᠶᠤᠵᠤ ᠪᠠᠶᠢᠪᠠ︾ ᠭᠡᠵᠦ ᠱᠤᠤ ᠬᠦᠢ ᠬᠤᠸᠠ ᠬᠡᠯᠡᠪᠡ᠃
    ᠸᠠᠩ ᠲᠠ ᠭᠠᠩ ᠪᠣᠯ ᠱᠤᠤ ᠬᠦᠢ ᠬᠤᠸᠠ ᠨᠠᠰᠤᠲᠠᠨ ᠤ ᠵᠡᠷᠭᠡᠯᠡᠳᠡᠭᠡ ᠠᠶᠢᠯ ᠪᠣᠯᠣᠨ᠎ᠠ᠂ ᠲᠡᠭᠦᠨ ᠤ ᠲᠠᠨᠢᠯᠴᠠᠭᠤᠯᠤᠭᠰᠠᠨ ᠢᠶᠠᠷ᠂ ᠸᠠᠩ ᠪᠢ ᠺᠸ ᠴᠢ ᠲᠣᠰᠬᠤᠨ ᠪᠣᠯ ᠴᠥᠭᠡᠨ ᠲᠣᠭᠠᠲᠤ ᠦᠨᠳᠦᠰᠦᠲᠡᠨ ᠤ ᠲᠥᠪᠯᠡᠷᠡᠨ ᠰᠠᠭᠤᠭᠰᠠᠨ ᠲᠣᠰᠬᠤᠨ ᠪᠣᠯᠣᠨ᠎ᠠ᠂ ᠪᠦᠬᠦ ᠲᠣᠰᠬᠤᠨ ᠳᠤ ᠨᠡᠶᠢᠳᠡ 70 ᠡᠷᠦᠬᠡ ᠰᠠᠭᠤᠭᠠᠯᠢ ᠠᠷᠠᠳ ᠲᠠᠢ᠂ ᠡᠭᠦᠨ ᠳᠤ ᠮᠣᠩᠭᠤᠯ ᠦᠨᠳᠦᠰᠦᠲᠡᠨ 68 ᠡᠷᠦᠬᠡ᠂ ᠬᠢᠲᠠᠳ ᠦᠨᠳᠦᠰᠦᠲᠡᠨ 2 ᠡᠷᠦᠬᠡ ᠪᠤᠢ᠃ ᠱᠤᠤ ᠬᠦᠢ ᠬᠤᠸᠠ ᠨᠠᠰᠤᠲᠠᠨ ᠪᠣᠯ ᠲᠡᠳᠡᠨ ᠤ ᠳᠣᠲᠣᠷᠠᠬᠢ ᠨᠢᠭᠡ ᠡᠷᠤᠬᠡ ᠮᠥᠨ᠂ ᠲᠡᠷᠡ ᠨᠠᠰᠤ ᠠᠬᠠᠰᠢᠷᠠᠭᠰᠠᠨ ᠪᠣᠯᠬᠤᠷ ᠲᠡᠭᠦᠨ ᠢ ᠬᠠᠪᠰᠤᠷᠴᠤ ᠴᠢᠳᠠᠯ ᠤᠨ ᠬᠢᠷᠢ ᠪᠠᠷ ᠢᠶᠠᠨ ᠪᠠᠭ᠎ᠠ ᠰᠠᠭ᠎ᠠ ᠶᠠᠪᠤᠳᠠᠯ ᠢ ᠬᠢᠵᠦ ᠥᠭᠬᠦ ᠨᠢ ᠭᠠᠷ ᠤᠨ ᠬᠦᠴᠦ ᠪᠣᠯᠬᠤᠷ ᠬᠥᠷᠰᠢ ᠵᠡᠷᠭᠡᠯᠡᠳᠡᠭᠡ ᠶᠢᠨ ᠬᠤᠭᠤᠷᠣᠨᠳᠤ ᠪᠠᠨ ᠬᠠᠷᠢᠯᠴᠠᠨ ᠬᠠᠪᠰᠤᠷᠤᠯᠴᠠᠪᠠᠯ ᠵᠣᠬᠢᠨ᠎ᠠ᠃     ᠲᠠ ᠭᠠᠩ ᠤᠨ ᠠᠮᠠᠨ ᠳᠠᠬᠢ ᠪᠠᠭ᠎ᠠ ᠶᠠᠪᠤᠳᠠᠯ ᠪᠣᠯ ᠱᠤᠤ ᠬᠦᠢ ᠬᠤᠸᠠ ᠨᠠᠰᠤᠲᠠᠨ ᠤ ᠰᠡᠳᠬᠢᠯ ᠳᠠᠬᠢ ᠶᠡᠭᠡ ᠶᠠᠪᠤᠳᠠᠯ ᠶᠤᠮ᠂ ᠨᠠᠰᠤᠲᠠᠨ ᠬᠡᠳᠦᠶᠢᠪᠡᠷ ᠦᠭᠡ ᠬᠡᠯᠡᠬᠦ ᠳᠡᠭᠡᠨ ᠮᠠᠭᠤ ᠪᠣᠯᠪᠠᠴᠤ᠂ ᠲᠠ ᠭᠠᠩ ᠤᠨ ᠥᠪᠡᠷ ᠤᠨ ᠪᠡᠶ᠎ᠡ ᠶᠢ ᠬᠠᠪᠰᠤᠷᠤᠭᠰᠠᠨ ᠶᠠᠪᠤᠳᠠᠯ ᠢ ᠬᠡᠯᠡᠬᠦ ᠳᠡᠭᠡᠨ ᠳᠠᠩᠳᠠ ᠨᠢᠭᠡ ᠭᠡᠷ ᠤᠨ ᠬᠥᠮᠥᠨ ᠰᠢᠭ ᠨᠢᠭᠡ ᠨᠢᠭᠡᠨ ᠢᠶᠠᠨ ᠢᠯᠭᠠᠬᠤ ᠦᠭᠡᠢ ᠰᠣᠨᠣᠰᠪᠤᠷᠢᠲᠠᠢ ᠶᠠᠷᠢᠳᠠᠭ᠃ ᠸᠠᠩ ᠪᠢᠴᠢᠭᠡᠴᠢ ᠲᠣᠰᠬᠤᠨ ᠤ ᠬᠥᠷᠰᠢ ᠵᠡᠷᠭᠡᠯᠡᠳᠡᠭᠡ ᠶᠢᠨ ᠬᠢᠨ ᠤ ᠪᠦᠯᠬᠦᠮᠳᠡᠨ ᠬᠠᠪᠰᠤᠷᠤᠯᠴᠠᠬᠤ ᠡᠷᠬᠢᠮ ᠰᠤᠷᠲᠠᠯ ᠭᠠᠵᠠᠷ ᠰᠠᠢ ᠦᠭᠡᠢ ᠪᠤᠢ᠃ 76 ᠨᠠᠰᠤᠲᠠᠢ ᠶᠦᠨ ᠸᠥ᠋ᠨ ᠸᠥ᠋ᠨ᠂ ᠨᠢᠳᠤᠨᠤᠨ ᠰᠠᠨᠠᠭᠠᠨ ᠳᠤ ᠦᠭᠡᠢ ᠰᠢᠷᠬᠠᠲᠤᠵᠤ᠂ ᠭᠠᠷ ᠨᠢ ᠬᠤᠭᠤᠷᠠᠵᠤ᠂ ᠬᠥᠳᠡᠯᠵᠦ ᠪᠠᠷᠢᠬᠤ ᠳᠤ ᠳᠥᠭᠦᠮ ᠦᠭᠡᠢ ᠪᠣᠯᠵᠠᠢ᠂ ︽ᠠᠷᠪᠠᠨ ᠤᠳᠤᠨ ᠳᠡᠰ ᠤᠨ ᠪᠣᠯᠪᠠᠰᠤᠨ ᠡᠷᠦᠬᠡ︾ ᠠᠨ ᠾᠧ ᠶᠧ ᠰᠠᠨᠠᠭᠠᠴᠢᠯᠠᠭ᠎ᠠ ᠠᠴᠠ ᠪᠠᠨ ᠭᠡᠷ ᠲᠤᠨᠢ ᠬᠦᠷᠴᠦ ᠨᠠᠰᠤᠲᠠᠨ ᠤ ᠦᠰᠦ ᠶᠢ ᠵᠠᠰᠠᠵᠤ ᠥᠭᠴᠡᠢ᠃  ︽ᠨᠠᠰᠤᠲᠠᠶᠢᠴᠤᠳ ᠤᠨ ᠦᠷ᠎ᠡ ᠬᠡᠦᠬᠡᠳ ᠨᠢ ᠦᠷᠭᠦᠯᠵᠢ ᠳᠡᠷᠭᠡᠳᠡ ᠨᠢ ᠪᠠᠶᠢᠳᠠᠭ ᠦᠭᠡᠢ᠂ ᠪᠢᠳᠡ ᠨᠢᠭᠡ ᠲᠣᠰᠬᠤᠨ ᠤ ᠬᠥᠮᠥᠨ ᠪᠣᠯᠤᠭᠰᠠᠨ ᠤ ᠬᠤᠪᠢ ᠳᠤ᠂ ᠨᠠᠰᠤᠲᠠᠶᠢᠴᠤᠳ  ᠢ ᠬᠠᠪᠰᠤᠷᠤᠨ ᠦᠰᠦ ᠵᠠᠰᠠᠵᠤ᠂ ᠲᠡᠭᠦᠨ  ᠢ ᠬᠠᠷᠠᠭᠠᠯᠵᠠᠳᠠᠭ᠂ ᠲᠡᠷᠡ ᠮᠥᠷᠲᠡᠭᠡᠨ ᠪᠢᠳᠡ ᠪᠣᠯ ᠴᠥᠮ ︿ᠨᠢᠭᠡ ᠭᠡᠷ ᠤᠨ ᠬᠥᠮᠥᠨ﹀ ᠮᠥᠨ︾ ᠭᠡᠵᠦ ᠠᠨ ᠾᠧ ᠶᠧ ᠬᠡᠯᠡᠪᠡ᠃     ᠣᠶᠢᠷ᠎ᠠ ᠶᠢᠨ ᠵᠢᠯ ᠠᠴᠠ᠂ ᠸᠠᠩ ᠪᠢᠴᠢᠭᠡᠴᠢ ᠲᠣᠰᠬᠤᠨ ︽ᠠᠷᠪᠠᠨ ᠤᠳᠤᠨ ᠳᠡᠰ ᠤᠨ ᠪᠣᠯᠪᠠᠰᠤᠨ ᠡᠷᠦᠬᠡ︾ ︽ᠸᠠᠩ ᠴᠢ ᠶᠢᠨ ᠰᠠᠶᠢᠨ ᠬᠥᠮᠥᠨ︾ ᠢ ᠰᠢᠯᠭᠠᠷᠠᠭᠤᠯᠬᠤ ᠪᠠᠷ ᠭᠠᠷᠳᠠᠴᠠ ᠪᠣᠯᠭᠠᠵᠤ᠂ ᠲᠣᠰᠬᠤᠨ ᠤ ᠠᠷᠠᠳ ᠤᠨ ᠳᠤᠮᠳᠠ ᠪᠣᠯᠬᠢ ᠳᠠᠳᠬᠠᠯ ᠢ ᠠᠷᠢᠯᠭᠠᠬᠤ᠂ ᠰᠢᠨ᠎ᠡ ᠰᠤᠷᠲᠠᠯ ᠢ ᠪᠤᠢ ᠪᠣᠯᠭᠠᠬᠤ ᠵᠡᠷᠭᠡ ᠰᠢᠷᠢᠰ ᠠᠵᠢᠯᠯᠠᠭ᠎ᠠ ᠥᠷᠨᠢᠭᠦᠯᠵᠦ᠂ ᠲᠣᠰᠬᠤᠨ ᠤ ᠠᠷᠠᠳ ᠤᠨ ᠪᠣᠯᠪᠠᠰᠤᠨ ᠤ ᠬᠡᠪ ᠪᠣᠯᠪᠠᠰᠤᠷᠠᠯ ᠪᠣᠯᠣᠨ ᠬᠠᠤᠯᠢᠵᠢᠯ ᠤᠨ ᠤᠬᠠᠮᠰᠠᠷ ᠢ ᠪᠦᠲᠦᠮᠵᠢᠲᠡᠢ ᠳᠡᠭᠡᠭᠰᠢᠯᠡᠭᠦᠯᠵᠦ᠂ ᠪᠦᠯᠬᠦᠮᠳᠡᠨ ᠬᠠᠪᠰᠤᠷᠤᠯᠴᠠᠬᠤ᠂ ᠦᠨᠡᠨᠴᠢ ᠢᠲᠡᠭᠡᠮᠵᠢᠲᠡᠢ ᠨᠥᠬᠦᠷᠰᠡᠭ ᠬᠠᠶᠢᠷ᠎ᠠ ᠨᠢ ᠲᠣᠰᠬᠤᠨ ᠤ ᠬᠡᠪ ᠵᠠᠩᠰᠢᠯ ᠪᠣᠯᠤᠭᠰᠠᠨ ᠪᠠᠶᠢᠨ᠎ᠠ᠃     ︽ᠳᠠᠷᠠᠭᠠᠴᠢ ᠶᠢᠨ ᠠᠯᠬᠤᠮ ᠳᠤ᠂ ᠸᠠᠩ ᠪᠢᠴᠢᠭᠡᠴᠢ ᠲᠣᠰᠬᠤᠨ ᠡᠭᠦᠳᠦᠨ ᠪᠠᠶᠢᠭᠤᠯᠬᠤ ᠠᠴᠢᠶᠠᠯᠠᠪᠤᠷᠢ ᠪᠠᠨ ᠦᠷᠭᠦᠯᠵᠢᠯᠡᠨ ᠪᠠᠶᠠᠯᠢᠭᠵᠢᠭᠤᠯᠵᠤ᠂ ᠦᠨᠳᠦᠰᠦᠲᠡᠨ ᠤ ᠪᠦᠯᠬᠦᠮᠳᠡᠯ ᠤᠨ ᠤᠬᠠᠭᠤᠯᠭ᠎ᠠ ᠬᠥᠮᠦᠵᠢᠯ ᠢ ᠭᠦᠨᠵᠡᠭᠡᠶᠢᠷᠡᠭᠦᠯᠵᠦ᠂ ︽ᠭᠤᠷᠪᠠᠨ ᠬᠤᠷᠠᠯ ᠨᠢᠭᠡ ᠬᠢᠴᠢᠶᠡᠯ︾᠂ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠦᠷᠳᠡᠭᠡ᠂ ᠰᠤᠷᠤᠯᠴᠠᠯᠭ᠎ᠠ ᠶᠢᠨ ᠶᠡᠭᠡ ᠬᠢᠴᠢᠶᠡᠯ ᠤᠨ ᠲᠠᠩᠬᠢᠮ ᠵᠡᠷᠭᠡ ᠬᠡᠯᠪᠡᠷᠢ ᠶᠢ ᠠᠰᠢᠭᠯᠠᠵᠤ᠂ ᠲᠣᠰᠬᠤᠨ ᠤ ᠠᠷᠠᠳ ᠢ ᠬᠥᠮᠥᠵᠢᠭᠦᠯᠦᠨ ᠬᠥᠲᠥᠯᠥᠨ ᠵᠢᠯᠤᠭᠤᠳᠴᠤ ᠪᠠᠶᠢᠭᠠᠳ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠲᠠᠰᠤᠷᠠᠯᠳᠡ ᠦᠭᠡᠢ ᠪᠠᠲᠤᠳᠬᠠᠨ᠎ᠠ︾ ᠭᠡᠵᠦ ᠲᠣᠰᠬᠤᠨ ᠤ ᠨᠠᠮ ᠤᠨ ᠡᠭᠦᠷ ᠤᠨ ᠱᠦᠵᠢ ᠸᠠᠩ ᠦ᠋ ᠬᠤᠩ ᠬᠡᠯᠡᠪᠡ᠃
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠬᠥᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号