【ᠦᠨᠳᠦᠰᠦᠨ ᠱᠠᠲᠤᠨ ᠤ ᠴᠤᠭ ᠵᠢᠪᠬᠤᠭ᠎ᠠ】 ᠲᠣᠰᠬᠤᠨ ᠤ ᠠᠷᠠᠳ︽ᠦᠢᠯᠡᠳᠬᠦᠨ ᠤ ᠦᠷᠳᠡᠭ︾ ᠲᠠᠢ ᠲᠣᠰᠬᠤᠨ ᠤ ᠳᠦᠷᠰᠦ ᠪᠠᠶᠢᠳᠠᠯ ᠨᠢ ︽ᠥᠩᠭᠡ ᠵᠢᠰᠦ︾ ᠪᠠᠷ ᠨᠡᠮᠡᠭᠳᠡᠵᠡᠢ
ᠨᠡᠶᠢᠲᠡᠯᠡᠭᠰᠡᠨ ᠴᠠᠭ᠄
2022/3/9
    ᠬᠦᠷ᠂ ᠬᠦᠷ ᠁ ᠮᠠᠰᠢᠨ ᠤ ᠬᠦᠷᠴᠢᠭᠢᠨᠡᠬᠦ ᠲᠠᠭᠤᠨ ᠤ ᠳᠤᠮᠳᠠ᠂ ᠬᠡᠰᠡᠭ ᠬᠡᠰᠡᠭ ᠦᠬᠦᠮᠡᠯ ᠮᠣᠳᠣ ᠪᠠ ᠬᠠᠶᠠᠭᠳᠠᠮᠠᠯ ᠮᠣᠳᠣ ᠪᠠᠷ ᠬᠡᠮᠬᠡᠷᠡᠭᠡᠳ ᠪᠦᠲᠦᠭᠰᠡᠨ ᠠᠮᠢᠳᠤ ᠪᠣᠳᠠᠰ ᠤᠨ ᠮᠠᠰ ᠤᠨ ᠲᠦᠭᠦᠬᠡᠢ ᠡᠳ᠋ ᠢ ᠰᠢᠭᠰᠢᠨ ᠰᠣᠩᠭᠤᠬᠤ᠂ ᠬᠡᠮᠬᠡᠯᠬᠦ᠂ ᠰᠢᠷᠣᠢ ᠠᠷᠢᠯᠭᠠᠬᠤ᠂ ᠳᠠᠷᠤᠬᠤ ᠵᠡᠷᠭᠡ ᠶᠠᠪᠤᠴᠠ ᠪᠠᠷ ᠳᠡᠮᠵᠢᠨ᠂ ᠠᠮᠢᠳᠤ ᠪᠣᠳᠠᠰ ᠤᠨ ᠮᠠᠰ ᠤᠨ ᠲᠦᠯᠡᠰᠢ ᠶᠢᠨ ᠮᠥᠬᠦᠯᠢᠭ ᠪᠣᠯᠵᠤ ᠬᠤᠪᠢᠷᠠᠵᠠᠢ᠃ ᠡᠨᠡ ᠬᠦ ︽ᠬᠠᠶᠠᠭᠳᠠᠮᠠᠯ ᠢ ᠡᠷᠳᠡᠨᠢ ᠪᠣᠯᠭᠠᠬᠤ︾ ᠶᠠᠪᠤᠴᠠ ᠶᠢ ᠡᠳᠦᠷ ᠪᠦᠷᠢ ᠣᠷᠳᠣᠰ ᠬᠤᠲᠠ ᠶᠢᠨ ᠳᠠᠯᠠᠳ ᠬᠤᠰᠢᠭᠤᠨ ᠤ ᠡᠩᠬᠡᠪᠸᠢ ᠪᠠᠯᠭᠠᠰᠤᠨ ᠤ ᠤᠯᠠᠭᠠᠨ ᠲᠣᠰᠬᠤᠨ ᠤ ᠬᠠᠮᠲᠤ ᠶᠢᠨ ᠠᠵᠤ ᠠᠬᠤᠢ ᠶᠢᠨ ᠲᠥᠷᠥᠯ ᠵᠦᠢᠯ ︱ ᠤᠯᠠᠭᠠᠨ ᠤ ᠠᠮᠢᠳᠤ ᠪᠣᠳᠠᠰ ᠤᠨ ᠮᠠᠰ ᠤᠨ ᠮᠥᠬᠦᠯᠢᠭ ᠪᠣᠯᠪᠠᠰᠤᠷᠠᠭᠤᠯᠬᠤ ᠦᠢᠯᠡᠳᠪᠦᠷᠢ ᠳᠤ ᠲᠣᠭᠯᠠᠳᠠᠭ᠃  ︽ᠥᠩᠭᠡᠷᠡᠭᠰᠡᠨ ᠳᠤ᠂ ᠲᠣᠰᠬᠤᠨ ᠤ ᠡᠰᠢ ᠰᠦᠷᠡᠯ  ᠢ ᠰᠢᠢᠳᠪᠦᠷᠢᠯᠡᠬᠦ  ᠶᠢᠨ ᠠᠷᠭ᠎ᠠ ᠦᠭᠡᠢ ᠪᠠᠶᠢᠪᠠ᠂ ᠪᠠᠰᠠ ᠵᠠᠷᠢᠮ ᠬᠤᠪᠠᠭ᠋ᠠᠶᠢᠷᠠᠵᠤ ᠦᠬᠦᠭᠰᠡᠨ ᠮᠣᠳᠣ᠂ ᠬᠠᠶᠠᠭᠳᠠᠮᠠᠯ ᠮᠣᠳᠣ  ᠶᠢ ᠳᠤᠷ᠎ᠠ ᠪᠠᠷ ᠢᠶᠠᠨ ᠣᠪᠣᠭᠠᠯᠠᠨ ᠲᠠᠯᠪᠢᠵᠤ᠂ ᠲᠣᠰᠬᠤᠨ ᠤ ᠳᠦᠷᠰᠦ ᠪᠠᠶᠢᠳᠠᠯ  ᠢ ᠨᠥᠯᠥᠭᠡᠯᠡᠵᠦ ᠪᠠᠶᠢᠪᠠ︾᠃ ᠤᠯᠠᠭᠠᠨ ᠲᠣᠰᠬᠤᠨ ᠤ ᠲᠣᠰᠬᠤᠨ ᠳᠤ ᠰᠠᠭᠤᠭ᠎ᠠ ᠨᠢᠭᠡᠳᠦᠭᠡᠷ ᠱᠦᠵᠢ ᠯᠢᠦ ᠶᠠ ᠯᠧᠦ᠄︽ᠤᠳᠤ ᠰᠠᠶᠢᠨ ᠪᠣᠯᠣᠯ᠎ᠠ᠂ ᠦᠢᠯᠡᠳᠪᠦᠷᠢ ᠨᠢ ᠠᠵᠤ ᠠᠬᠤᠢ ᠶᠢᠨ ᠣᠷᠣᠯᠭ᠎ᠠ ᠶᠢ ᠠᠪᠴᠢᠷᠠᠭᠰᠠᠨ ᠢᠶᠠᠷ ᠪᠠᠷᠠᠬᠤ ᠦᠭᠡᠢ ᠪᠠᠰᠠ ᠬᠥᠮᠥᠰ ᠤᠨ ᠣᠷᠣᠰᠢᠨ ᠰᠠᠭᠤᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠳᠤ ᠬᠦᠴᠦ ᠪᠠᠨ ᠡᠷᠭᠦᠪᠡ᠂ ᠴᠠᠭᠠᠨ ᠰᠠᠷ᠎ᠠ ᠠᠴᠠ ᠬᠤᠶᠢᠰᠢ᠂ ᠪᠣᠯᠪᠠᠰᠤᠷᠠᠭᠤᠯᠬᠤ ᠦᠢᠯᠡᠳᠪᠦᠷᠢ ᠵᠢᠩᠬᠢᠨᠢ ᠪᠠᠷ ᠦᠢᠯᠡᠳᠪᠦᠷᠢᠯᠡᠯ ᠳᠤ ᠣᠷᠣᠵᠤ᠂ ᠣᠳᠣᠬᠠᠨ ᠳᠤ ᠨᠢᠭᠡᠨᠲᠡ 100 ᠭᠠᠷᠤᠢ ᠲᠣᠨ ᠠᠮᠢᠳᠤ ᠪᠣᠳᠠᠰ ᠤᠨ ᠮᠠᠰ ᠤᠨ ᠲᠦᠯᠡᠰᠢ ᠶᠢᠨ ᠮᠥᠬᠦᠯᠢᠭ ᠢ ᠪᠣᠷᠣᠯᠠᠭᠤᠯᠵᠤ᠂ ᠲᠣᠨ ᠪᠦᠷᠢ ᠶᠢᠨ ᠦᠨ᠎ᠡ ᠨᠢ 1000 ᠲᠥᠭᠦᠷᠢᠭ ᠣᠷᠴᠢᠮ ᠪᠠᠶᠢᠨ᠎ᠠ︾ ᠭᠡᠵᠦ ᠬᠡᠯᠡᠪᠡ᠃     2021 ᠣᠨ ᠳᠤ᠂ ᠯᠢᠦ ᠶᠠ ᠯᠧᠦ ᠲᠣᠰᠬᠤᠨ ᠤ ︽ᠬᠤᠶᠠᠷ ᠵᠥᠪᠯᠡᠯ︾ ᠤᠨ ᠪᠠᠭ ᠤᠨ ᠪᠦᠷᠢᠯᠳᠦᠭᠦᠨ ᠲᠠᠢ ᠬᠠᠮᠲᠤᠪᠠᠷ ᠴᠢᠷᠮᠠᠶᠢᠵᠤ᠂ ᠤᠯᠠᠨ ᠲᠠᠯ᠎ᠠ ᠪᠠᠷ ᠵᠣᠬᠢᠴᠠᠭᠤᠯᠤᠨ ᠠᠵᠤ ᠦᠢᠯᠡᠰ ᠤᠨ ᠬᠥᠭᠵᠢᠯᠲᠡ ᠶᠢᠨ ᠲᠦᠷᠦᠯ ᠵᠦᠢᠯ ᠤᠨ ᠪᠡᠯᠡ ᠮᠥᠩᠭᠦ 397 ᠲᠦᠮᠡᠨ ᠲᠥᠭᠦᠷᠢᠭ ᠢ ᠲᠡᠮᠡᠴᠡᠨ ᠣᠯᠵᠤ ᠤᠯᠠᠭᠠᠨ ᠤ ᠠᠮᠢᠳᠤ ᠪᠣᠳᠠᠰ ᠤᠨ ᠮᠠᠰ ᠤᠨ ᠮᠥᠬᠦᠯᠢᠭ ᠪᠣᠯᠪᠠᠰᠤᠷᠠᠭᠤᠯᠬᠤ ᠦᠢᠯᠡᠳᠪᠦᠷᠢ ᠶᠢ ᠪᠠᠶᠢᠭᠤᠯᠪᠠ᠃ ᠡᠰᠢ ᠰᠦᠷᠡᠯ᠂ ᠬᠠᠶᠠᠭᠳᠠᠮᠠᠯ ᠮᠣᠳᠣ ᠵᠡᠷᠭᠡ ᠶᠢ ᠠᠯᠢ ᠤᠯᠠᠨ ᠠᠵᠢᠯ ᠤᠨ ᠳᠠᠷᠠᠭᠠᠯᠠᠯ ᠢᠶᠠᠷ ᠳᠠᠮᠵᠢᠵᠤ᠂ ᠠᠮᠢᠳᠤ ᠪᠣᠳᠠᠰ ᠤᠨ ᠲᠦᠯᠡᠰᠢ ᠶᠢᠨ ᠮᠥᠬᠦᠯᠢᠭ ᠪᠣᠯᠭᠠᠭᠰᠠᠨ ᠤ ᠲᠠᠷᠠᠭ᠎ᠠ ᠴᠠᠬᠢᠯᠭᠠᠨ ᠤ ᠦᠢᠯᠡᠳᠪᠦᠷᠢ᠂ ᠡᠮ ᠤᠨ ᠦᠢᠯᠡᠳᠪᠦᠷᠢ ᠪᠠ ᠢᠳᠡᠭᠡᠨ ᠤ ᠦᠢᠯᠡᠳᠪᠦᠷᠢ ᠳᠤ ᠬᠠᠩᠭᠠᠵᠤ᠂ ᠭᠠᠷᠤᠯᠲᠠ ᠶᠢᠨ ᠬᠡᠮᠵᠢᠶ᠎ᠡ ᠨᠢ ᠴᠠᠭ ᠪᠦᠷᠢ ᠳᠤ 3 ᠲᠣᠨ ᠣᠷᠴᠢᠮ ᠪᠠᠶᠢᠳᠠᠭ᠃ ᠲᠣᠰ ᠲᠥᠷᠥᠯ ᠵᠦᠢᠯ ᠨᠢ ᠵᠢᠯ ᠪᠦᠷᠢ ᠲᠣᠰᠬᠤᠨ ᠤ ᠬᠠᠮᠲᠤ ᠨᠡᠶᠢᠲᠡ ᠳᠤ 20 ᠲᠦᠮᠡᠨ ᠲᠥᠭᠦᠷᠢᠭ ᠤᠨ ᠠᠰᠢᠭ ᠣᠷᠣᠯᠭ᠎ᠠ ᠠᠪᠴᠢᠷᠠᠵᠤ ᠪᠣᠯᠬᠤ ᠪᠥᠭᠡᠳ ᠪᠠᠰᠠ 6 ᠲᠣᠰᠬᠤᠨ ᠤ ᠠᠷᠠᠳ ᠢ ᠳᠠᠶᠢᠴᠢᠯᠠᠨ ᠭᠡᠷ ᠤᠨ ᠡᠭᠦᠳᠡᠨ ᠳᠤᠨᠢ ᠠᠵᠢᠯ ᠣᠯᠭᠤᠨ᠎ᠠ᠃     ᠲᠣᠰᠬᠤᠨ ᠤ ᠠᠷᠠᠳ ᠪᠠᠶᠠᠵᠢᠭᠰᠠᠨ ᠴᠤ ᠲᠣᠰᠬᠤᠨ ᠤ ᠭᠤᠶᠤ ᠰᠠᠶᠢᠬᠠᠨ ᠪᠠᠶᠢᠬᠤ ᠬᠡᠷᠡᠭᠲᠡᠢ᠃ ᠡᠳᠦᠭᠡ᠂ ᠤᠯᠠᠭᠠᠨ ᠲᠣᠰᠬᠤᠨ ᠳᠤ ᠬᠦᠷᠬᠦ ᠳᠤ᠂ ᠴᠡᠪᠡᠷ ᠴᠡᠮᠴᠡᠭᠡᠷ ᠵᠡᠭᠡᠯᠢ ᠭᠤᠳᠤᠮᠵᠢ᠂ ᠴᠡᠪᠡᠷ ᠴᠡᠮᠴᠡᠭᠡᠷ ᠬᠦᠷᠢᠶ᠎ᠡ ᠬᠠᠰᠢᠶ᠎ᠠ ᠶᠢ ᠬᠠᠷᠠᠵᠤ᠂ ᠠᠶᠢᠯ ᠪᠣᠯᠭᠠᠨ ᠡᠪᠡᠰᠦ ᠲᠦᠯᠡᠭᠡ ᠣᠪᠣᠭᠠᠯᠠᠵᠤ᠂ ᠭᠡᠷ ᠤᠨ ᠵᠢᠭᠦᠷᠲᠡᠨ ᠢ ᠲᠦᠷᠦᠯ ᠬᠤᠪᠢᠶᠠᠨ ᠬᠠᠰᠢᠶᠠᠯᠠᠨ ᠲᠡᠵᠢᠭᠡᠵᠦ᠂ ᠴᠡᠪᠡᠷ ᠪᠣᠷᠣᠭᠵᠢᠭᠤᠨ ᠲᠠᠷᠢᠶᠠᠴᠢᠨ ᠠᠶᠢᠯ ᠤᠨ ᠪᠠᠶᠢᠭᠠᠯᠢ ᠶᠢᠨ ᠦᠵᠡᠮᠵᠢ ᠶᠢ ᠬᠠᠷᠠᠨ᠎ᠠ᠃     ᠬᠥᠮᠥᠰ ᠤᠨ ᠣᠷᠣᠰᠢᠨ ᠰᠠᠭᠤᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠶᠢ ᠠᠬᠢᠭᠤᠯᠬᠤ ᠶᠢᠨ ᠲᠥᠯᠥᠭᠡ ᠂ ᠤᠯᠠᠭᠠᠨᠲᠣᠰᠬᠤᠨ ︽ᠤᠯᠠᠭᠠᠨᠮᠸᠢ ᠶᠢᠨ ᠣᠷᠣᠰᠢᠨ ᠰᠠᠭᠤᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠠᠵᠢᠯᠯᠠᠭ᠎ᠠ ᠶᠢᠨ ᠲᠥᠰᠥᠯ︾ ᠢ ᠲᠣᠭᠲᠠᠭᠠᠵᠤ᠂ ︽ᠤᠯᠠᠭᠠᠨᠮᠸᠢ ᠶᠢᠨ ᠡᠷᠦᠬᠡ︾ ᠪᠣᠯᠣᠨ ︽ᠤᠯᠠᠭᠠᠨᠮᠸᠢ ᠶᠢᠨ︾ ᠤᠯᠠᠭᠠᠨ ᠬᠠᠷ᠎ᠠ ᠰᠠᠮᠪᠠᠷ᠎ᠠ ᠶᠢ ᠪᠠᠶᠢᠭᠤᠯᠵᠤ᠂ ᠲᠣᠰᠬᠤᠨ ᠤ ᠠᠷᠠᠳ ᠢ ᠬᠥᠲᠥᠯᠥᠨ ᠵᠢᠯᠤᠭᠤᠳᠴᠤ ᠪᠠᠶᠢᠭᠠᠳ ᠦᠵᠡᠯ ᠰᠠᠨᠠᠭ᠎ᠠ ᠲᠠᠨᠢᠯᠲᠠ ᠶᠢ ᠨᠢ ᠳᠡᠭᠡᠭᠰᠢᠯᠡᠭᠦᠯᠵᠦ᠂ ᠲᠡᠳᠡᠨ ᠤ ᠬᠥᠮᠥᠰ ᠤᠨ ᠣᠷᠣᠰᠢᠨ ᠰᠠᠭᠤᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠳᠤ ᠢᠳᠡᠪᠬᠢᠲᠡᠢ ᠣᠷᠤᠯᠴᠠᠬᠤ ᠶᠢ ᠵᠣᠷᠢᠭᠵᠢᠭᠤᠯᠵᠠᠢ᠃ ︽ᠨᠢᠭᠡ ᠰᠠᠷ᠎ᠠ ᠳᠤ ᠨᠢᠭᠡ ᠲᠣᠭᠤᠷᠢᠨ ᠪᠠᠶᠢᠴᠠᠭᠠᠬᠤ᠂ ᠨᠢᠭᠡ ᠤᠯᠠᠷᠢᠯ ᠳᠤ ᠨᠢᠭᠡ ᠰᠣᠯᠢᠬᠤ᠂ ᠨᠢᠭᠡ ᠵᠢᠯ ᠳᠤ ᠨᠢᠭᠡ ᠱᠠᠩᠨᠠᠵᠤ ᠲᠣᠷᠭᠠᠬᠤ︾ ᠠᠵᠢᠯ ᠤᠨ ᠶᠠᠪᠤᠴᠠ ᠪᠠᠷ ᠳᠠᠮᠵᠢᠭᠤᠯᠤᠨ᠂ ᠰᠦᠯᠵᠢᠶᠡᠨ ᠤ ᠠᠵᠢᠯᠲᠠᠨ ᠰᠠᠷ᠎ᠠ ᠪᠦᠷᠢ ᠲᠣᠭᠲᠠᠮᠠᠯ ᠬᠤᠭᠤᠴᠠᠭ᠎ᠠ ᠲᠠᠢ ᠪᠠᠷ ᠲᠣᠰᠬᠤᠨ ᠤ ᠠᠷᠠᠳ ᠤᠨ ᠡᠭᠦᠳᠡᠨ ᠡᠮᠦᠨ᠎ᠡ᠂ ᠭᠡᠷ ᠳᠣᠲᠣᠷ᠎ᠠ᠂ ᠬᠦᠷᠢᠶ᠎ᠡ ᠬᠠᠰᠢᠶ᠎ᠠ ᠶᠢ ᠠᠳᠠᠯᠢᠳᠬᠠᠨ ᠰᠢᠯᠭᠠᠷᠠᠭᠤᠯᠵᠤ ᠵᠠᠷᠯᠠᠨ ᠨᠡᠶᠢᠲᠡᠯᠡᠵᠦ᠂ ᠲᠣᠰᠬᠤᠨ ᠤ ᠠᠷᠠᠳ ︽ᠤᠯᠠᠭᠠᠨ ᠮᠧᠶ ᠶᠤᠸᠠᠢ︾ ᠪᠠᠷ ᠳᠠᠮᠵᠢᠭᠤᠯᠤᠨ ᠬᠤᠪᠢ ᠬᠤᠷᠠᠮᠳᠤᠭᠤᠯᠵᠤ ᠬᠡᠲᠦ ᠳᠡᠯᠭᠡᠭᠦᠷ ᠤᠨ ᠡᠳ᠋ ᠪᠣᠳᠠᠰ ᠢ ᠰᠣᠯᠢᠵᠤ᠂ ᠣᠷᠳᠣ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠣᠶ ᠪᠣᠯᠭᠠᠵᠤ ᠪᠣᠯᠣᠨ᠎ᠠ᠃ ᠲᠣᠰᠬᠤᠨ ᠤ ᠬᠤᠪᠢᠷᠠᠯᠲᠠ ᠶᠢᠨ ᠲᠤᠬᠠᠢ ᠶᠠᠷᠢᠬᠤ ᠳᠤ᠂ ᠲᠣᠰᠬᠤᠨ ᠤ ᠠᠷᠠᠳ ᠤᠨ ᠦᠭᠡ ᠶᠠᠷᠢᠶᠠᠨ ᠳᠤ ᠪᠠᠶᠠᠷ ᠪᠠᠭ᠋ᠠᠳᠤᠯ ᠲᠠᠢ ᠰᠠᠨᠠᠭᠳᠠᠨ᠎ᠠ᠃ ︽ᠪᠢᠳᠡ ᠬᠤᠶᠠᠭᠤᠯᠠ ᠡᠳᠦᠷ ᠪᠦᠷᠢ ᠭᠡᠷ ᠤᠨ ᠳᠣᠲᠣᠨ᠎ᠠ ᠭᠠᠳᠠᠨ᠎ᠠ᠂ ᠭᠡᠷ ᠤᠨ ᠠᠷᠤ ᠬᠤᠶᠢᠨ᠎ᠠ᠂ ᠬᠠᠰᠢᠶ᠎ᠠ ᠭᠡᠷ ᠤᠨ ᠡᠷᠭᠢᠨ ᠲᠣᠭᠤᠷᠢᠨ ᠤ ᠠᠷᠢᠭᠤᠨ ᠴᠡᠪᠡᠷ  ᠢ ᠴᠥᠮ ᠨᠢᠭᠡ ᠤᠳᠠᠭ᠎ᠠ ᠴᠡᠪᠡᠷᠯᠡᠵᠦ᠂ ᠴᠡᠪᠡᠷ ᠴᠡᠮᠴᠡᠭᠡᠷ ᠬᠦᠷᠢᠶ᠎ᠡ  ᠶᠢ ᠬᠠᠷᠠᠬᠤ ᠳᠤ ᠦᠨᠡᠬᠡᠷ ᠪᠠᠶᠠᠷ  ᠲᠠᠢ ᠪᠠᠶᠢᠨ᠎ᠠ᠃ ᠬᠡᠰᠡᠭ ᠬᠤᠭᠤᠴᠠᠭᠠᠨ ᠤ ᠴᠢᠷᠮᠠᠶᠢᠯᠭ᠎ᠠ ᠪᠠᠷ ᠳᠡᠮᠵᠢᠨ᠂ ᠠᠷᠢᠭᠤᠨ ᠴᠡᠪᠡᠷ  ᠢ ᠴᠡᠪᠡᠷᠯᠡᠬᠦ ᠨᠢ ᠮᠠᠨ ᠤ ︿ᠵᠠᠪᠠᠯ ᠰᠤᠷᠬᠤ ᠬᠢᠴᠢᠶᠡᠯ﹀ ᠪᠣᠯᠵᠤ᠂ ᠣᠷᠴᠢᠨ ᠲᠣᠭᠤᠷᠢᠨ ᠰᠠᠶᠢᠵᠢᠷᠠᠪᠠᠯ᠂ ᠪᠢᠳᠡᠨ ᠤ ᠰᠡᠳᠬᠢᠯ ᠰᠠᠨᠠᠭ᠎ᠠ ᠪᠠᠰᠠ ᠠᠭᠤᠵᠢᠷᠠᠨ᠎ᠠ  ︾ ᠭᠡᠵᠦ ᠬᠡᠯᠡᠪᠡ᠃ ‍ᠬᠠᠷᠠᠣᠠ ᠤᠨ ᠡᠳᠦᠷ ᠤᠨ ᠴᠢᠷᠮᠠᠶᠢᠯᠭ᠎ᠠ  ᠪᠠᠷ ᠳᠡᠮᠵᠢᠨ ᠠᠷᠢᠭᠤᠨ ᠴᠡᠪᠡᠷ  ᠢ ᠴᠡᠪᠡᠷᠯᠡᠬᠦ ᠨᠢ ᠪᠢᠳᠡᠨ ᠤ ︿ᠵᠠᠪᠠᠯ ᠰᠤᠷᠬᠤ ᠬᠢᠴᠢᠶᠡᠯ﹀ ᠪᠣᠯᠵᠤ᠂ ᠣᠷᠴᠢᠨ ᠲᠣᠭᠤᠷᠢᠨ ᠰᠠᠶᠢᠵᠢᠷᠠᠪᠠᠯ ᠪᠢᠳᠡᠨ ᠤ ᠰᠡᠳᠬᠢᠯ ᠰᠠᠨᠠᠭ᠎ᠠ ᠪᠠᠰᠠ ᠠᠭᠤᠵᠢᠷᠠᠨ᠎ᠠ ᡽︾ ᠭᠡᠵᠦ ᠬᠡᠯᠡᠪᠡ᠃ ‍ᠬᠠᠷᠠᠣᠠ ᠤᠨ ᠡᠳᠦᠷ ᠤᠨ ᠴᠢᠷᠮᠠᠶᠢᠯᠭ᠎ᠠ  ᠪᠠᠷ ᠳᠡᠮᠵᠢᠨ ᠠᠷᠢᠭᠤᠨ ᠴᠡᠪᠡᠷ  ᠢ ᠴᠡᠪᠡᠷᠯᠡᠬᠦ ᠨᠢ ᠮᠠᠨ ᠤ ︿ᠵᠠᠪᠠᠯ ᠰᠤᠷᠬᠤ ᠬᠢᠴᠢᠶᠡᠯ ᠪᠣᠯᠣᠨ᠎ᠠ᠃ ᠤᠯᠠᠭᠠᠨ ᠲᠣᠰᠬᠤᠨ ᠤ ᠰᠢᠨ ᠱᠧᠩ ᠬᠤᠶᠠᠳᠤᠭᠠᠷ ᠬᠤᠷᠢᠶ᠎ᠠ ᠶᠢᠨ ᠯᠢᠦ ᠸᠠᠨ ᠹᠦ᠋ ᠴᠡᠪᠡᠷ ᠬᠦᠷᠢᠶ᠎ᠡ ᠪᠠᠨ ᠵᠢᠭᠠᠬᠤ ᠶᠢᠨ ᠳᠠᠭᠠᠤ ᠪᠠᠶᠠᠷᠲᠠᠢ ᠪᠠᠷ ᠶᠠᠷᠢᠨ᠎ᠠ᠃     ᠣᠶᠢᠷ᠎ᠠ ᠶᠢᠨ ᠵᠢᠯ ᠠᠴᠠ᠂ ᠤᠯᠠᠭᠠᠨ ᠲᠣᠰᠬᠤᠨ ᠨᠠᠷᠢᠨ ᠨᠢᠮᠪᠠᠢ ᠵᠣᠬᠢᠶᠠᠨ ᠪᠠᠶᠢᠭᠤᠯᠬᠤ᠂ ᠤᠯᠠᠨ ᠠᠷᠭ᠎ᠠ ᠬᠡᠮᠵᠢᠶ᠎ᠡ ᠶᠢ ᠵᠡᠷᠭᠡᠪᠡᠷ ᠬᠡᠷᠡᠭᠵᠢᠭᠦᠯᠬᠦ ᠪᠠᠷ ᠳᠠᠮᠵᠢᠭᠤᠯᠵᠤ᠂ ᠠᠵᠤ ᠦᠢᠯᠡᠰ ᠤᠨ ᠬᠥᠭᠵᠢᠯᠲᠡ ᠪᠠᠷ ᠲᠤᠯᠭᠠᠭᠤᠷᠢᠯᠠᠯ ᠪᠣᠯᠭᠠᠵᠤ᠂ ᠬᠥᠳᠡᠭᠡ ᠲᠣᠰᠬᠤᠨ ᠤ ᠬᠥᠮᠥᠰ ᠤᠨ ᠣᠷᠣᠰᠢᠨ ᠰᠠᠭᠤᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠪᠠᠷ ᠭᠠᠷᠳᠠᠴᠠ ᠪᠣᠯᠭᠠᠵᠤ᠂ ᠲᠣᠰᠬᠤᠨ ᠤ ᠠᠷᠠᠳ ᠤᠨ ᠣᠷᠣᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠢᠳᠡᠪᠬᠢᠲᠡᠢ ᠨᠡᠮᠡᠭᠳᠡᠭᠦᠯᠵᠦ᠂ ᠬᠥᠳᠡᠭᠡ ᠲᠣᠰᠬᠤᠨ ᠤ ᠳᠦᠷᠰᠦ ᠪᠠᠶᠢᠳᠠᠯ ᠢ ᠰᠠᠶᠢᠵᠢᠷᠠᠭᠤᠯᠵᠤ᠂ ᠵᠣᠯ ᠵᠢᠷᠭᠠᠯᠲᠤ ᠣᠷᠣᠰᠢᠨ ᠰᠠᠭᠤᠬᠤ ᠳᠤ ᠲᠣᠬᠢᠷᠠᠮᠵᠢᠲᠠᠢ ᠲᠣᠰᠬᠤᠨ ᠢ ᠴᠣᠭᠴᠠᠯᠠᠨ ᠪᠠᠶᠢᠭᠤᠯᠵᠠᠢ᠃ ᠣᠳᠣᠬᠠᠨ ᠳᠤ᠂ ᠲᠤᠰ ᠲᠣᠰᠬᠤᠨ ᠨᠢᠭᠡᠨᠲᠡ ᠲᠤᠯᠭᠠᠭᠤᠷᠢᠯᠠᠬᠤ ᠴᠢᠨᠠᠷᠲᠠᠢ ᠠᠵᠤ ᠦᠢᠯᠡᠰ ᠢ ᠠᠮᠵᠢᠯᠲᠠ ᠲᠠᠢ ᠪᠠᠶᠢᠭᠤᠯᠵᠤ᠂ ᠲᠣᠰᠬᠤᠨ ᠤ ᠬᠠᠮᠲᠤ ᠶᠢᠨ ᠠᠵᠤ ᠠᠬᠤᠢ ᠶᠢᠨ ᠣᠷᠣᠯᠭ᠎ᠠ ᠡᠩ ᠲᠡᠷᠢᠭᠦᠨ ᠳᠤ ᠵᠢᠯ ᠪᠦᠷᠢ 20 ᠲᠦᠮᠡᠨ ᠲᠥᠭᠦᠷᠢᠭ ᠢ ᠳᠠᠪᠠᠵᠤ᠂ ᠬᠥᠳᠡᠭᠡ ᠲᠣᠰᠬᠤᠨ ᠤ︽ᠦᠢᠯᠡᠳᠬᠦᠨ ᠤ ᠦᠷᠳᠡᠭ︾ ᠪᠠ ︽ᠥᠩᠭᠡ ᠵᠢᠰᠦ︾ ᠶᠢ ᠬᠠᠷᠢᠯᠴᠠᠨ ᠲᠤᠪᠤᠶᠢᠯᠭᠠᠪᠠ᠃
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠬᠥᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号