ᠥᠪᠥᠷ ᠮᠣᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ ᠬᠥᠳᠡᠭᠡ ᠲᠣᠰᠬᠤᠨ ᠢ ᠪᠥᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠶᠢ ︽  ᠣᠶᠤᠨ ᠢᠶᠠᠷ ᠲᠤᠰᠠᠯᠠᠵᠤ ᠪᠣᠢ ︾
ᠨᠡᠶᠢᠲᠡᠯᠡᠭᠰᠡᠨ ᠴᠠᠭ᠄
2022/4/1
     ︽  ᠰᠢᠶᠣᠣ ᠶᠦᠨ ᠱᠦᠵᠢ ᠶᠢᠨ APP ︾ ︽  ᠡᠷᠳᠡᠨᠢ ᠰᠢᠰᠢ ᠶᠢᠨ ᠪᠦᠯᠬᠦᠮ ︾ ᠠᠴᠠ ︽  ᠨᠠᠢᠮᠠᠨ ᠲᠥᠰᠥᠯ ︾ ᠬᠦᠷᠲᠡᠯ᠎ᠡ ᠂ ᠥᠪᠥᠷ ᠮᠣᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠢᠨ ᠣᠶᠤᠨ ᠤ ᠴᠢᠳᠠᠪᠤᠷᠢᠲᠠᠨ ᠢ ᠬᠥᠮᠥᠵᠢᠭᠦᠯᠬᠦ ᠂ ᠣᠶᠤᠨ ᠢᠶᠠᠷ ᠠᠵᠤ ᠦᠢᠯᠡᠰ ᠢ ᠬᠥᠭᠵᠢᠭᠦᠯᠬᠦ ᠂ ᠣᠶᠤᠨ ᠢᠶᠠᠷ ᠬᠥᠭᠵᠢᠯᠲᠡ ᠶᠢ ᠰᠦᠪᠡᠭᠴᠢᠯᠡᠬᠦ ︽  ᠣᠶᠤᠨ ᠢᠶᠠᠷ ᠲᠤᠰᠠᠯᠠᠬᠤ ︾ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠠᠭᠪᠤᠷ ᠢ ᠰᠦᠪᠡᠭᠴᠢᠯᠡᠵᠦ ᠂ ᠥᠪᠥᠷ ᠮᠣᠩᠭᠤᠯ ᠤᠨ ᠵᠡᠭᠦᠨ ᠬᠡᠰᠡᠭ ᠤᠨ ᠭᠠᠵᠠᠷ ᠣᠷᠣᠨ ᠤ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤᠮᠳᠠ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠠᠭᠤᠯᠤᠭᠳᠠᠬᠤᠨ ᠤ ᠮᠠᠶ᠋ᠢᠭ ᠤᠨ ᠬᠥᠭᠵᠢᠯᠲᠡ ᠶᠢ ᠪᠡᠶᠡᠯᠡᠭᠦᠯᠵᠡᠢ ᠃      ᠣᠶᠤᠨᠴᠢ ᠪᠠᠷ ᠴᠢᠳᠠᠪᠤᠷᠢᠲᠠᠨ ᠢ ᠬᠥᠮᠥᠵᠢᠭᠦᠯᠬᠦ      2021 ᠣᠨ ᠤ ᠰᠡᠭᠦᠯᠴᠢ ᠪᠠᠷ᠂ ᠥᠪᠥᠷ ᠮᠣᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠤᠳᠬ᠎ᠠ ᠵᠣᠬᠢᠶᠠᠯ ᠪᠣᠯᠣᠨ ᠰᠣᠨᠢᠨ ᠮᠡᠳᠡᠭᠡᠨ ᠤ ᠳᠠᠮᠵᠢᠭᠤᠯᠭ᠎ᠠ ᠶᠢᠨ ᠳᠡᠭᠡᠳᠦ ᠰᠤᠷᠭᠠᠭᠤᠯᠢ ᠶᠢᠨ ᠳᠥᠷᠪᠡᠳᠦᠭᠡᠷ ᠣᠨ ᠤ ᠣᠶᠤᠲᠠᠨ ᠸᠠᠩ ᠪᠥᠸᠧ ᠴᠦᠨ᠂ ᠸᠠᠩ ᠶᠠᠨ ᠱᠤᠸᠠᠩ ᠥᠪᠥᠷ ᠮᠣᠩᠭᠤᠯ ᠤᠨ ᠣᠨ ᠤ ᠣᠶᠤᠲᠠᠳ ᠤᠨ︽ᠲᠤᠭᠤᠷ ᠬᠦᠢᠯᠡᠰᠦᠨ ᠤ ᠤᠳᠤᠨ︾︾ ᠤ ᠢᠷᠠᠭᠤ ᠠᠯᠳᠠᠷ ᠤᠨ ᠴᠣᠯᠠ ᠵᠢᠴᠢ ᠨᠡᠷ᠎ᠡ ᠳᠤᠷᠠᠳᠤᠭᠳᠠᠭᠰᠠᠨ ᠱᠠᠩᠨᠠᠯ ᠢ ᠬᠦᠷᠳᠡᠪᠡ᠃ ᠲᠡᠳᠡᠨ ᠤ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠪᠠ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠦᠨ ᠨᠡᠮᠡᠷᠢᠯᠡᠬᠦ ᠶᠢᠨ ᠲᠥᠯᠥᠭᠡ ᠨᠡᠭᠡᠭᠡᠨ ᠬᠥᠭᠵᠢᠭᠦᠯᠦᠭᠰᠡᠨ︽ᠰᠢᠶᠣᠣ ᠶᠦᠨ ᠱᠦᠵᠢ ᠶᠢᠨ APP︾ ᠲᠦᠷᠦᠯ ᠵᠦᠢᠯ  ᠨᠢ 2020 ᠣᠨ ᠳᠤ ᠤᠯᠤᠰ ᠤᠨ ᠳᠡᠰ ᠤᠨ ᠣᠶᠤᠲᠠᠳ ᠤᠨ ᠰᠢᠨ᠎ᠡ ᠶᠢ ᠡᠭᠦᠳᠬᠦ ᠦᠢᠯᠡᠰ ᠪᠣᠰᠬᠠᠬᠤ ᠪᠣᠯᠪᠠᠰᠤᠷᠠᠯ ᠤᠨ ᠲᠥᠯᠥᠪᠯᠡᠭᠡ ᠶᠢᠨ ᠲᠦᠷᠦᠯ ᠵᠦᠢᠯ ᠢ ᠣᠯᠵᠤ᠂ ᠤᠯᠤᠰ ᠤᠨ ᠬᠡᠪᠯᠡᠯ ᠤᠨ ᠡᠷᠬᠡ ᠶᠢᠨ ᠲᠣᠪᠴᠢᠶ᠎ᠠ ᠶᠢᠨ ᠺᠣᠮᠫᠢᠦ᠋ᠲ᠋ᠧᠷ ᠤᠨ ᠵᠥᠭᠡᠯᠡᠨ ᠬᠡᠷᠡᠭᠰᠡᠯ ᠤᠨ ᠵᠣᠬᠢᠶᠠᠯ ᠪᠦᠲᠦᠭᠡᠯ ᠤᠨ ᠡᠷᠬᠡ ᠶᠢᠨ ᠦᠨᠡᠮᠯᠡᠯ ᠢ ᠣᠯᠣᠭᠰᠠᠨ ᠪᠠᠶᠢᠨ᠎ᠠ᠃      ᠵᠢᠶᠠᠩᠨᠠᠨ ᠤ ᠤᠰᠤᠨ ᠨᠤᠲᠤᠭ ᠤᠨ ᠸ᠊
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠬᠥᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号