ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ | ᠠᠯᠪᠠᠨ ᠲᠢᠩᠬᠢᠮ ᠤᠨ ᠪᠢᠴᠢᠭ ᠮᠠᠲ᠋ᠧᠷᠢᠶᠠᠯ | ᠥᠪᠥᠷ ᠵᠠᠰᠠᠭ ᠠᠯᠪᠠᠨ ᠲᠠᠷᠬᠠᠭᠠᠭᠰᠠᠨ 〔2022〕 68 ᠳ᠋ᠤᠭᠠᠷ | ᠲᠣᠭᠠᠲᠤ | | ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠲᠤ ᠠᠵᠢᠯ ᠣᠯᠭᠤᠬᠤ ᠶᠢ ᠠᠬᠢᠭᠤᠯᠬᠤ ᠭᠤᠷᠪᠠᠨ | ᠵᠢᠯ ᠤᠨ ᠠᠵᠢᠯᠯᠠᠭᠠᠨ ᠤ | ᠬᠡᠷᠡᠭᠵᠢᠭᠦᠯᠬᠦ ᠲᠥᠰᠥᠯ ︵2022 ︱ 2024 ᠣᠨ︶ ᠢ ᠳᠠᠷᠤᠮᠠᠯᠯᠠᠨ ᠶᠠᠪᠤᠭᠤᠯᠬᠤ ᠲᠤᠬᠠᠢ | ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ | ᠮᠡᠳᠡᠭᠳᠡᠯ | | ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠥᠪᠡᠷᠲᠡᠭᠡᠨ ᠵᠠᠰᠠᠬᠤ ᠣᠷᠣᠨ ᠤ | ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠣᠮᠣ ᠠᠵᠤ ᠠᠬᠤᠶᠢᠯᠠᠯ᠂ ᠠᠵᠢᠯ ᠦᠢᠯᠡᠰ ᠤᠨ | ᠨᠢᠭᠡᠴᠢ ᠳᠤ᠄ | ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠲᠤ ᠠᠵᠢᠯ ᠣᠯᠭᠤᠬᠤ ᠶᠢ | ᠠᠬᠢᠭᠤᠯᠬᠤ ᠭᠤᠷᠪᠠᠨ ᠵᠢᠯ ᠤᠨ ᠠᠵᠢᠯᠯᠠᠭᠠᠨ ᠤ ᠬᠡᠷᠡᠭᠵᠢᠭᠦᠯᠬᠦ ᠲᠥᠰᠥᠯ ︵2022 ︱ 2024 ᠣᠨ︶︾ ᠢ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠢᠶᠠᠷ ᠵᠥᠪᠰᠢᠶᠡᠷᠡᠭᠦᠯᠦᠭᠡᠳ᠂ ᠡᠳᠦᠭᠡ ᠲᠠ | ᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠢ ᠲᠠᠢ ᠪᠠᠨ ᠤᠶᠠᠯᠳᠤᠭᠤᠯᠤᠨ᠂ ᠬᠢᠨᠠᠮᠠᠭᠠᠢ ᠲᠤᠭᠤᠰᠢᠯᠠᠭᠤᠯᠤᠨ | ᠨᠠᠶᠢᠳᠠᠪᠤᠷᠢᠵᠢᠭᠤᠯᠲᠤᠭᠠᠢ᠃ | | 2022 ᠣᠨ ᠤ 9 ᠳ᠋ᠦ᠋ᠭᠡᠷ | ᠰᠠᠷ᠎ᠠ ᠶᠢᠨ 10 ᠤ ᠡᠳᠦᠷ | ︵ᠲᠤᠰ ᠪᠢᠴᠢᠭ ᠮᠠᠲ᠋ᠧᠷᠢᠶᠠᠯ ᠢ ᠢᠯᠡ ᠨᠡᠶᠢᠲᠡᠯᠡᠨ᠎ᠡ︶ | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠲᠤ ᠠᠵᠢᠯ | ᠣᠯᠭᠤᠬᠤ ᠶᠢ | ᠠᠬᠢᠭᠤᠯᠬᠤ ᠭᠤᠷᠪᠠᠨ ᠵᠢᠯ ᠤᠨ ᠠᠵᠢᠯᠯᠠᠭᠠᠨ ᠤ ᠬᠡᠷᠡᠭᠵᠢᠭᠦᠯᠬᠦ ᠲᠥᠰᠥᠯ ︵2022 | ︱ 2024 ᠣᠨ︶ | | ︽ᠵᠡᠮᠳᠡᠭᠴᠦᠳ ᠲᠤ ᠠᠵᠢᠯ ᠣᠯᠭᠤᠬᠤ ᠶᠢ ᠠᠬᠢᠭᠤᠯᠬᠤ ᠭᠤᠷᠪᠠᠨ ᠵᠢᠯ ᠤᠨ ᠠᠵᠢᠯᠯᠠᠭᠠᠨ ᠤ ᠲᠥᠰᠥᠯ ︵ | 2022 ︱ 2024 ᠣᠨ︶ ᠢ ᠳᠠᠷᠤᠮᠠᠯᠯᠠᠨ ᠶᠠᠪᠤᠭᠤᠯᠬᠤ ᠲᠤᠬᠠᠢ ᠲᠥᠷᠥ ᠶᠢᠨ ᠶᠠᠪᠤᠳᠠᠯ ᠤᠨ ᠬᠤᠷᠢᠶᠠᠨ ᠤ | ᠠᠯᠪᠠᠨ ᠲᠢᠩᠬᠢᠮ ᠤᠨ ᠮᠡᠳᠡᠭᠳᠡᠯ︾ ︵ᠲᠥᠷᠥ ᠠᠯᠪᠠᠨ ᠲᠠᠷᠬᠠᠭᠠᠭᠰᠠᠨ ﹇2022﹈ 6 ᠳ᠋ᠤᠭᠠᠷ ᠲᠣᠭᠠᠲᠤ︶ ᠵᠢᠴᠢ | ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︿ᠠᠷᠪᠠᠨ ᠳᠥᠷᠪᠡᠳᠦᠭᠡᠷ ᠲᠠᠪᠤᠨ ᠵᠢᠯ﹀ ᠤᠨ | ᠵᠡᠮᠳᠡᠭᠴᠦᠳ ᠤᠨ ᠠᠵᠢᠯ ᠦᠢᠯᠡᠰ ᠤᠨ ᠬᠥᠭᠵᠢᠯᠲᠡ ᠶᠢᠨ ᠲᠥᠯᠦᠪᠵᠢᠭᠦᠯᠭᠡ︾ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ︿ᠠᠷᠪᠠᠨ ᠳᠥᠷᠪᠡᠳᠦᠭᠡᠷ ᠲᠠᠪᠤᠨ ᠵᠢᠯ﹀ ᠤᠨ ᠠᠵᠢᠯ ᠣᠯᠭᠤᠯᠲᠠ ᠶᠢ ᠠᠬᠢᠭᠤᠯᠬᠤ | ᠲᠥᠯᠦᠪᠵᠢᠭᠦᠯᠭᠡ︾ ︽︿ᠦᠢᠯᠡᠰ ᠴᠣᠭᠴᠠᠯᠠᠬᠤ ᠥᠪᠥᠷ ᠮᠣᠩᠭᠤᠯ ᠤᠨ ᠠᠵᠢᠯᠯᠠᠭᠠᠨ﹀ ᠤ ᠬᠡᠷᠡᠭᠵᠢᠭᠦᠯᠬᠦ ᠲᠥᠰᠥᠯ | ︵2022 ︱ 2025 ᠣᠨ︶︾ ᠤᠨ ᠱᠠᠭᠠᠷᠳᠠᠯᠭ᠎ᠠ ᠶᠢ ᠭᠦᠨᠵᠡᠭᠡᠢ ᠨᠠᠶᠢᠳᠠᠪᠤᠷᠢᠵᠢᠭᠤᠯᠤᠨ᠂ ᠪᠥᠬᠦ ᠣᠷᠣᠨ ᠤ | ᠵᠡᠮᠳᠡᠭᠴᠦᠳ ᠲᠤ ᠭᠦᠢᠴᠡᠳ ᠠᠵᠢᠯ ᠣᠯᠭᠤᠬᠤ ᠶᠢ ᠲᠦᠷᠭᠡᠳᠬᠡᠨ ᠠᠬᠢᠭᠤᠯᠵᠤ᠂ ᠬᠠᠮᠲᠤ ᠪᠠᠷ ᠪᠠᠶᠠᠵᠢᠬᠤ ᠶᠢ | ᠪᠡᠶᠡᠯᠡᠭᠦᠯᠬᠦ ᠶᠢᠨ ᠲᠤᠰᠠᠳᠠ᠂ ᠥᠪᠡᠷᠲᠡᠭᠡᠨ ᠵᠠᠰᠠᠬᠤ ᠣᠷᠣᠨ ᠤ ᠪᠣᠳᠠᠲᠠᠢ ᠲᠠᠢ ᠪᠠᠨ ᠤᠶᠠᠯᠳᠤᠭᠤᠯᠤᠨ᠂ ᠲᠣᠰ | ᠲᠥᠰᠥᠯ ᠢ ᠲᠣᠭᠲᠠᠭᠠᠪᠠ᠃ | ᠨᠢᠭᠡ᠂ ᠭᠤᠣᠯ ᠬᠠᠷᠠᠯᠲᠠ | 2022 ︱ 2024 ᠣᠨ ᠳᠤ᠂ ᠪᠥᠬᠦ ᠣᠷᠣᠨ ᠤ ᠬᠤᠲᠠ ᠬᠥᠳᠡᠭᠡ ᠶᠢᠨ 2.4 ᠲᠦᠮᠡᠨ | ᠵᠡᠮᠳᠡᠭᠴᠦᠳ ᠲᠤ ᠰᠢᠨ᠎ᠡ ᠪᠠᠷ ᠠᠵᠢᠯ ᠣᠯᠭᠤᠵᠤ᠂ ᠠᠵᠢᠯ ᠣᠯᠬᠤ ᠬᠦᠰᠡᠯ ᠪᠠ ᠴᠢᠳᠠᠪᠤᠷᠢ ᠲᠠᠢ ︽ᠭᠡᠷ ᠪᠦᠯᠢ | ᠪᠠᠷ ᠢᠶᠠᠨ ᠠᠵᠢᠯ ᠦᠭᠡᠢ︾ ᠵᠡᠮᠳᠡᠭᠴᠦᠳ ᠤᠨ ᠭᠡᠷ ᠪᠦᠯᠢ ᠳᠤ ᠨᠠᠭᠠᠲᠤ ᠵᠠᠬ᠎ᠠ ᠳᠤ ᠪᠠᠨ 1 ᠬᠥᠮᠥᠨ ᠳᠤ ᠨᠢ ᠠᠵᠢᠯ | ᠣᠯᠭᠤᠬᠤ ᠶᠢ ᠪᠠᠲᠤᠯᠠᠨ᠂ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠪᠣᠯᠪᠠᠰᠤᠷᠠᠯ ᠪᠠ ᠪᠣᠳᠠᠲᠤ ᠬᠡᠷᠡᠭᠯᠡᠭᠡᠨ ᠤ | ᠮᠡᠷᠭᠡᠵᠢᠯ ᠤᠨ ᠪᠣᠯᠪᠠᠰᠤᠷᠠᠯ ᠢ 3 ᠲᠦᠮᠡᠨ ᠬᠥᠮᠥᠨ ᠤᠳᠠᠭ᠎ᠠ ᠥᠷᠨᠢᠭᠦᠯᠦᠨ᠎ᠡ᠃ ᠠᠵᠢᠯ ᠣᠯᠬᠤ ᠬᠦᠰᠡᠯ ᠪᠠ | ᠴᠢᠳᠠᠪᠤᠷᠢ ᠲᠠᠢ ᠵᠡᠮᠳᠡᠭᠴᠦᠳ ᠲᠤ ᠤᠯᠠᠮ ᠰᠢᠯᠢᠳᠡᠭ ᠠᠵᠢᠯ ᠣᠯᠭᠤᠯᠲᠠ ᠶᠢᠨ ᠦᠢᠯᠡᠴᠢᠯᠡᠭᠡ ᠬᠠᠩᠭᠠᠨ᠂ | ᠵᠡᠮᠳᠡᠭᠴᠦᠳ ᠤᠨ ᠠᠵᠢᠯ ᠣᠯᠵᠤ ᠦᠢᠯᠡᠰ ᠴᠣᠭᠴᠠᠯᠠᠬᠤ ᠴᠢᠳᠠᠪᠤᠷᠢ ᠶᠢ ᠦᠷᠭᠦᠯᠵᠢᠯᠡᠨ ᠲᠡᠬᠡᠭᠰᠢᠯᠡᠬᠦᠯᠵᠦ᠂ | ᠵᠡᠮᠳᠡᠭᠴᠦᠳ ᠤᠨ ᠠᠵᠢᠯ ᠣᠯᠬᠤ ᠡᠷᠬᠡ ᠠᠰᠢᠭ ᠢ ᠤᠯᠠᠮ ᠰᠠᠶᠢᠲᠤᠷ ᠪᠠᠲᠤᠯᠠᠨ᠂ ᠵᠡᠮᠳᠡᠭᠴᠦᠳ ᠤᠨ ᠠᠵᠢᠯ ᠣᠯᠵᠤ | ᠦᠢᠯᠡᠰ ᠴᠣᠭᠴᠠᠯᠠᠬᠤ ᠲᠥᠷᠥ ᠶᠢᠨ ᠪᠣᠳᠣᠯᠭ᠎ᠠ ᠶᠢᠨ ᠲᠣᠭᠲᠠᠯᠴᠠᠭ᠎ᠠ ᠶᠢ ᠤᠯᠠᠮ ᠲᠡᠭᠦᠯᠳᠡᠷᠵᠢᠭᠦᠯᠦᠨ᠂ | ᠵᠡᠮᠳᠡᠭᠴᠦᠳ ᠤᠨ ᠠᠵᠢᠯ ᠣᠯᠵᠤ ᠦᠢᠯᠡᠰ ᠴᠣᠭᠴᠠᠯᠠᠬᠤ ᠶᠢ ᠣᠶᠢᠯᠠᠭᠠᠬᠤ᠂ ᠬᠠᠯᠠᠮᠵᠢᠯᠠᠬᠤ᠂ ᠲᠡᠮᠵᠢᠬᠦ ᠰᠠᠶᠢᠨ | ᠰᠠᠶᠢᠬᠠᠨ ᠨᠡᠶᠢᠭᠡᠮ ᠤᠨ ᠣᠷᠴᠢᠨ ᠨᠥᠬᠦᠴᠡᠯ ᠢ ᠪᠣᠶ ᠪᠣᠯᠭᠠᠬᠤ ᠶᠢ ᠠᠬᠢᠭᠤᠯᠤᠨ᠎ᠠ᠃ | ᠬᠤᠶᠠᠷ᠂ ᠭᠤᠣᠯ ᠠᠷᠭ᠎ᠠ ᠬᠡᠮᠵᠢᠶ᠎ᠡ | ︵ᠨᠢᠭᠡ︶ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠲᠦᠷᠦᠭᠦᠯᠡᠨ ᠵᠡᠮᠳᠡᠭᠴᠦᠳ ᠢ ᠲᠣᠬᠢᠷᠠᠭᠤᠯᠵᠤ | ᠠᠵᠢᠯ ᠣᠯᠭᠤᠬᠤ ᠠᠵᠢᠯᠯᠠᠭᠠᠨ ᠢ ᠬᠡᠷᠡᠭᠵᠢᠭᠦᠯᠦᠨ᠎ᠡ᠃ ᠡᠯ᠎ᠡ ᠱᠠᠲᠤᠨ ᠤ ᠪᠠᠶᠢᠭᠤᠯᠭ᠎ᠠ᠂ ᠠᠵᠢᠯ ᠦᠢᠯᠡᠰ ᠤᠨ | ᠨᠢᠭᠡᠴᠢ ᠶᠢᠨ ᠵᠡᠮᠳᠡᠭᠴᠦᠳ ᠢ ᠲᠣᠬᠢᠷᠠᠭᠤᠯᠤᠨ ᠠᠵᠢᠯ ᠣᠯᠭᠤᠭᠰᠠᠨ ᠪᠠᠶᠢᠳᠠᠯ ᠢ ᠪᠦᠷᠢᠳᠬᠡᠬᠦ ᠳᠦᠷᠢᠮ ᠢ ᠪᠠᠶᠢᠭᠤᠯᠤᠨ | ᠲᠡᠭᠦᠯᠳᠡᠷᠵᠢᠭᠦᠯᠵᠦ᠂ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠵᠡᠮᠳᠡᠭᠴᠦᠳ ᠢ ᠬᠠᠷᠢᠴᠠᠯ ᠶᠣᠰᠣᠭᠠᠷ | ᠲᠣᠬᠢᠷᠠᠭᠤᠯᠤᠨ ᠠᠵᠢᠯ ᠣᠯᠭᠤᠬᠤ ᠠᠵᠢᠯ ᠤᠨ ᠲᠥᠷᠥᠯ ᠵᠦᠢᠯ ᠢ ᠠᠬᠢᠭᠤᠯᠬᠤ ᠲᠥᠯᠥᠪᠯᠡᠭᠡ ᠶᠢ ᠲᠣᠭᠲᠠᠭᠠᠬᠤ | ᠬᠡᠷᠡᠭᠲᠡᠢ᠃ 2024 ᠣᠨ ᠪᠣᠯᠬᠤ ᠳᠤ᠂ ᠣᠷᠣᠨ ᠲᠤᠭ᠎ᠠ ᠨᠢ 50 ᠬᠥᠮᠥᠨ ︵ᠪᠠᠭᠲᠠᠨ᠎ᠠ︶ ᠠᠴᠠ ᠳᠡᠭᠡᠭᠰᠢᠬᠢ | ᠥᠪᠡᠷᠲᠡᠭᠡᠨ ᠵᠠᠰᠠᠬᠤ ᠣᠷᠣᠨ ᠤ ᠱᠠᠲᠤ᠂ ᠠᠶᠢᠮᠠᠭ ᠬᠤᠳᠠ ᠶᠢᠨ ᠱᠠᠲᠤᠨ ᠤ ᠪᠠᠶᠢᠭᠤᠯᠭ᠎ᠠ ᠪᠠ ᠣᠷᠣᠨ ᠲᠤᠭ᠎ᠠ ᠨᠢ | 67 ᠬᠥᠮᠥᠨ ︵ᠪᠠᠭᠲᠠᠨ᠎ᠠ︶ ᠠᠴᠠ ᠳᠡᠭᠡᠭᠰᠢᠬᠢ ᠠᠵᠢᠯ ᠦᠢᠯᠡᠰ ᠤᠨ ᠨᠢᠭᠡᠴᠢ ︵ᠳᠤᠮᠳᠠᠳᠤ ᠪᠠᠭ᠎ᠠ ᠰᠤᠷᠭᠠᠭᠤᠯᠢ᠂ | ᠬᠡᠦᠬᠡᠳ ᠤᠨ ᠴᠡᠴᠡᠷᠯᠢᠭ ᠠᠴᠠ ᠭᠠᠳᠠᠨ᠎ᠠ︶ ᠶᠢᠨ ᠲᠣᠬᠢᠷᠠᠭᠤᠯᠤᠭᠰᠠᠨ ᠵᠡᠮᠳᠡᠭᠴᠦᠳ ᠨᠢ ᠲᠣᠭᠲᠠᠭᠰᠠᠨ ᠬᠠᠷᠢᠴᠠᠯ ᠳᠤ | ᠬᠥᠷᠥᠭᠰᠡᠨ ᠦᠭᠡᠢ ᠪᠣᠯ ᠨᠠᠭᠠᠲᠤ ᠵᠠᠬ᠎ᠠ ᠳᠤ ᠪᠠᠨ 1 ᠵᠡᠮᠳᠡᠭ ᠬᠥᠮᠥᠨ ᠢ ᠲᠣᠬᠢᠷᠠᠭᠤᠯᠵᠤ ᠠᠵᠢᠯ ᠣᠯᠭᠤᠬᠤ ᠬᠡᠷᠡᠭᠲᠡᠢ | ᠃ ᠬᠤᠰᠢᠭᠤ ᠰᠢᠶᠠᠨ ᠤ ᠱᠠᠲᠤᠨ ᠤ ᠪᠠ ᠰᠢᠶᠠᠩ ᠪᠠᠯᠭᠠᠰᠤᠨ ᠤ ᠱᠠᠲᠤᠨ ᠤ ᠪᠠᠶᠢᠭᠤᠯᠭ᠎ᠠ ᠪᠠ ᠠᠵᠢᠯ ᠦᠢᠯᠡᠰ ᠤᠨ | ᠨᠢᠭᠡᠴᠢ ᠨᠢ ᠣᠷᠣᠨ ᠲᠣᠭᠠᠨ ᠤ ᠶᠡᠷᠦᠩᠬᠡᠢ ᠲᠤᠭ᠎ᠠ ᠪᠠᠨ ᠦᠨᠳᠦᠰᠦᠯᠡᠨ᠂ ᠨᠢᠭᠡᠳᠦᠯᠲᠡᠢ ᠲᠥᠯᠥᠪᠯᠡᠨ ᠬᠠᠷᠢᠴᠠᠯ | ᠶᠣᠰᠣᠭᠠᠷ ᠵᠡᠮᠳᠡᠭᠴᠦᠳ ᠢ ᠲᠣᠬᠢᠷᠠᠭᠤᠯᠤᠨ ᠠᠵᠢᠯ ᠣᠯᠭᠤᠬᠤ ᠬᠡᠷᠡᠭᠲᠡᠢ᠃ ᠡᠯ᠎ᠡ ᠱᠠᠲᠤᠨ ᠤ ᠵᠡᠮᠳᠡᠭᠴᠦᠳ ᠤᠨ | ᠬᠤᠯᠪᠣᠭᠠᠲᠤ ᠬᠤᠷᠠᠯ ᠨᠢ ᠵᠣᠬᠢᠶᠠᠨ ᠪᠠᠶᠢᠭᠤᠯᠬᠤ ᠰᠠᠯᠠᠭ᠎ᠠ ᠮᠥᠴᠢᠷ᠂ ᠬᠥᠮᠥᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ ᠲᠠᠢ ᠬᠠᠮᠲᠤᠷᠠᠨ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠶᠢᠨ | ᠵᠡᠮᠳᠡᠭᠴᠦᠳ ᠢ ᠲᠣᠬᠢᠷᠠᠭᠤᠯᠵᠤ ᠠᠵᠢᠯ ᠣᠯᠭᠤᠭᠰᠠᠨ ᠪᠠᠶᠢᠳᠠᠯ ᠢ ᠣᠨ ᠵᠢᠯ᠂ ᠲᠡᠰ ᠳᠠᠪᠬᠤᠷᠭ᠎ᠠ ᠬᠤᠪᠢᠶᠠᠨ | ᠪᠦᠷᠢᠳᠬᠡᠬᠦ ᠶᠢᠨ ᠬᠠᠮᠲᠤ ᠨᠡᠶᠢᠭᠡᠮ ᠳᠤ ᠨᠡᠶᠢᠲᠡᠯᠡᠵᠦ᠂ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠶᠢ | ᠰᠢᠮᠳᠠᠭᠤᠯᠵᠤ ᠪᠠᠶᠢᠭᠠᠳ ᠵᠡᠮᠳᠡᠭᠴᠦᠳ ᠢ ᠳᠥᠪᠬᠢᠨᠡᠭᠦᠯᠦᠨ ᠠᠵᠢᠯ ᠣᠯᠭᠤᠬᠤ ᠬᠡᠷᠡᠭᠲᠡᠢ᠃ ︵ᠥᠪᠡᠷᠲᠡᠭᠡᠨ ᠵᠠᠰᠠᠬᠤ | ᠣᠷᠣᠨ ᠤ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ᠂ ᠨᠠᠮ ᠤᠨ ᠬᠤᠷᠢᠶᠠᠨ ᠤ ᠪᠠᠶᠢᠭᠤᠯᠤᠮᠵᠢ ᠣᠷᠣᠨ | ᠲᠤᠭ᠎ᠠ ᠶᠢᠨ ᠠᠯᠪᠠᠨ ᠭᠡᠷ᠂ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ᠂ | ᠵᠡᠮᠳᠡᠭᠴᠦᠳ ᠤᠨ ᠬᠤᠯᠪᠣᠭᠠᠲᠤ ᠬᠤᠷᠠᠯ᠂ ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ | ᠣᠷᠳᠣᠨ ᠠᠵᠢᠯ ᠤᠨ ᠬᠤᠪᠢᠶᠠᠷᠢᠯᠠᠯ ᠶᠣᠰᠣᠭᠠᠷ ᠬᠠᠷᠢᠭᠤᠴᠠᠨ᠎ᠠ᠃ ᠳᠠᠷᠠᠭᠠᠬᠢ ᠠᠭᠤᠯᠭ᠎ᠠ ᠶᠢ ᠴᠥᠮ ᠡᠯ᠎ᠡ ᠠᠶᠢᠮᠠᠭ ᠤᠨ | ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠠᠴᠠ ᠬᠠᠷᠢᠭᠤᠴᠠᠨ ᠨᠠᠶᠢᠳᠠᠪᠤᠷᠢᠵᠢᠭᠤᠯᠬᠤ ᠪᠣᠯᠬᠤᠷ | ᠳᠠᠭᠢᠵᠤ ᠵᠢᠭᠰᠠᠭᠠᠬᠤ ᠦᠭᠡᠢ︶ | ︵ᠬᠤᠶᠠᠷ︶ ᠤᠯᠤᠰ ᠤᠨ ᠥᠮᠴᠢᠯᠡᠯᠲᠦ ᠠᠵᠤ ᠠᠬᠤᠶᠢᠯᠠᠯ ᠵᠡᠮᠳᠡᠭᠴᠦᠳ ᠢ ᠲᠣᠬᠢᠷᠠᠭᠤᠯᠵᠤ ᠠᠵᠢᠯ | ᠣᠯᠭᠤᠬᠤ ᠠᠵᠢᠯᠯᠠᠭᠠᠨ ᠢ ᠬᠡᠷᠡᠭᠵᠢᠭᠦᠯᠦᠨ᠎ᠡ᠃ ᠡᠯ᠎ᠡ ᠭᠠᠵᠠᠷ ᠣᠷᠣᠨ ᠨᠢ ᠵᠢᠯ ᠪᠦᠷᠢ 1 ︱ 2 ᠤᠳᠠᠭᠠᠨ ᠤ | ᠤᠯᠤᠰ ᠤᠨ ᠥᠮᠴᠢᠯᠡᠯᠲᠦ ᠠᠵᠤ ᠠᠬᠤᠶᠢᠯᠠᠯ ᠵᠡᠮᠳᠡᠭᠴᠦᠳ ᠢ ᠲᠤᠰᠠᠯᠠᠨ ᠠᠵᠢᠯ ᠣᠯᠭᠤᠬᠤ ᠲᠤᠰᠬᠠᠢ ᠲᠠᠯᠠᠪᠤᠷ ᠤᠨ | ᠠᠵᠢᠯᠲᠠᠨ ᠤᠷᠢᠬᠤ ᠠᠵᠢᠯᠯᠠᠭ᠎ᠠ ᠶᠢ ᠲᠥᠪᠯᠡᠷᠡᠭᠦᠯᠵᠦ ᠵᠣᠬᠢᠶᠠᠨ ᠪᠠᠶᠢᠭᠤᠯᠵᠤ ᠥᠷᠨᠢᠭᠦᠯᠦᠨ᠂ ᠠᠵᠢᠯ ᠤᠨ ᠪᠠᠶᠢᠷᠢ ᠪᠠᠷ | ᠨᠡᠯᠢᠶᠡᠳ ᠣᠯᠠᠨ ᠨᠢᠭᠡ ᠪᠦᠯᠦᠭ ᠤᠯᠤᠰ ᠤᠨ ᠥᠮᠴᠢᠯᠡᠯᠲᠦ ᠠᠵᠤ ᠠᠬᠤᠶᠢᠯᠠᠯ ᠢ ᠰᠣᠩᠭᠤᠵᠤ᠂ ᠵᠢᠯ ᠪᠦᠷᠢ ᠨᠢᠭᠡ | ᠪᠦᠯᠦᠭ ᠠᠵᠢᠯ ᠤᠨ ᠪᠠᠶᠢᠷᠢ ᠭᠠᠷᠭᠠᠵᠤ ᠪᠠᠶᠢᠭᠠᠳ ᠵᠡᠮᠳᠡᠭᠴᠦᠳ ᠢ ᠬᠠᠨᠳᠤᠯᠭ᠎ᠠ ᠲᠠᠢ ᠪᠠᠷ ᠤᠷᠢᠬᠤ ᠬᠡᠷᠡᠭᠲᠡᠢ᠃ | ᠤᠯᠤᠰ ᠤᠨ ᠥᠮᠴᠢᠯᠡᠯᠲᠦ ᠠᠵᠤ ᠠᠬᠤᠶᠢᠯᠠᠯ ᠨᠢ ᠬᠠᠷᠢᠴᠠᠯ ᠶᠣᠰᠣᠭᠠᠷ ᠵᠡᠮᠳᠡᠭᠴᠦᠳ ᠢ ᠲᠣᠬᠢᠷᠠᠭᠤᠯᠵᠤ ᠠᠵᠢᠯ | ᠣᠯᠭᠤᠭᠰᠠᠨ ᠪᠠᠶᠢᠳᠠᠯ ᠢᠶᠠᠨ ᠠᠵᠤ ᠠᠬᠤᠶᠢᠯᠠᠯ ᠤᠨ ᠬᠠᠷᠢᠭᠤᠴᠠᠯᠭ᠎ᠠ ᠶᠢᠨ ᠮᠡᠳᠡᠭᠦᠯᠦᠯᠲᠡ ᠳᠤ ᠪᠠᠨ ᠣᠷᠣᠭᠤᠯᠵᠤ᠂ | ᠬᠠᠷᠢᠴᠠᠯ ᠶᠣᠰᠣᠭᠠᠷ ᠵᠡᠮᠳᠡᠭᠴᠦᠳ ᠢ ᠲᠣᠬᠢᠷᠠᠭᠤᠯᠤᠨ ᠠᠵᠢᠯ ᠣᠯᠭᠤᠭᠰᠠᠨ ᠦᠭᠡᠢ ᠪᠠᠶᠢᠪᠠᠯ ᠵᠡᠮᠳᠡᠭᠴᠦᠳ ᠲᠤ ᠠᠵᠢᠯ | ᠣᠯᠭᠤᠬᠤ ᠪᠠᠲᠤᠯᠠᠭ᠎ᠠ ᠶᠢᠨ ᠮᠥᠩᠭᠦ ᠶᠢ ᠴᠠᠭ ᠲᠤᠬᠠᠢ ᠳᠤ ᠨᠢ ᠭᠦᠢᠴᠡᠳ ᠲᠤᠭ᠎ᠠ ᠪᠠᠷ ᠲᠤᠰᠢᠶᠠᠬᠤ ᠬᠡᠷᠡᠭᠲᠡᠢ᠃ | ᠨᠠᠪᠴᠢᠨ ᠲᠠᠮᠠᠬᠢᠨ ᠪᠦᠲᠦᠭᠡᠭᠳᠡᠬᠦᠨ ᠢ ᠵᠢᠵᠢᠭᠯᠡᠨ ᠪᠣᠷᠣᠯᠠᠭᠤᠯᠬᠤ ᠵᠥᠪᠰᠢᠶᠡᠷᠡᠯ ᠤᠨ ᠦᠨᠡᠮᠯᠡᠯ ᠭᠤᠶᠤᠴᠢᠯᠠᠭᠰᠠᠨ | ᠵᠡᠮᠳᠡᠭᠴᠦᠳ ᠲᠤ ᠡᠯ᠎ᠡ ᠭᠠᠵᠠᠷ ᠣᠷᠣᠨ ᠤ ᠨᠠᠪᠴᠢᠨ ᠲᠠᠮᠠᠬᠢ ᠲᠤᠰᠬᠠᠢ ᠬᠤᠳᠠᠯᠳᠤᠬᠤ ᠬᠠᠮᠢᠶᠠᠷᠤᠯᠲᠠ ᠶᠢᠨ ᠰᠠᠯᠠᠭ᠎ᠠ | ᠮᠥᠴᠢᠷ ᠨᠢ ᠲᠤᠬᠠᠢ ᠶᠢᠨ ᠭᠠᠵᠠᠷ ᠤᠨ ᠪᠣᠳᠠᠲᠤ ᠪᠠᠶᠢᠳᠠᠯ ᠢᠶᠠᠨ ᠦᠨᠳᠦᠰᠦᠯᠡᠨ᠂ ᠨᠠᠪᠴᠢᠨ ᠲᠠᠮᠠᠬᠢᠨ | ᠪᠦᠲᠦᠭᠡᠭᠳᠡᠬᠦᠨ ᠢ ᠵᠢᠵᠢᠭᠯᠡᠨ ᠬᠤᠳᠠᠯᠳᠤᠬᠤ ᠴᠡᠭ ᠤᠨ ᠲᠤᠭ᠎ᠠ ᠬᠡᠮᠵᠢᠶ᠎ᠡ ᠪᠠ ᠬᠤᠭᠤᠷᠣᠨᠳᠣᠬᠢ ᠵᠠᠢ ᠶᠢᠨ | ᠱᠠᠭᠠᠷᠳᠠᠯᠭ᠎ᠠ ᠶᠢ ᠵᠣᠬᠢᠰᠲᠠᠢ ᠪᠠᠷ ᠠᠭᠤᠵᠢᠭᠤ ᠲᠠᠯᠪᠢᠬᠤ ᠬᠡᠷᠡᠭᠲᠡᠢ᠃ ︵ᠥᠪᠡᠷᠲᠡᠭᠡᠨ ᠵᠠᠰᠠᠬᠤ ᠣᠷᠣᠨ ᠤ | ᠤᠯᠤᠰ ᠤᠨ ᠥᠮᠴᠢᠯᠡᠯᠲᠦ ᠡᠳ᠋ ᠬᠥᠷᠥᠩᠭᠡ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ᠂ ᠵᠡᠮᠳᠡᠭᠴᠦᠳ ᠤᠨ | ᠬᠤᠯᠪᠣᠭᠠᠲᠤ ᠬᠤᠷᠠᠯ᠂ ᠥᠪᠥᠷ ᠮᠣᠩᠭᠤᠯ ᠤᠨ ᠨᠠᠪᠴᠢᠨ ᠲᠠᠮᠠᠬᠢ ᠲᠤᠰᠬᠠᠢ ᠬᠤᠳᠠᠯᠳᠤᠬᠤ ᠲᠣᠪᠴᠢᠶ᠎ᠠ ᠠᠵᠢᠯ ᠤᠨ | ᠬᠤᠪᠢᠶᠠᠷᠢᠯᠠᠯ ᠶᠣᠰᠣᠭᠠᠷ ᠬᠠᠷᠢᠭᠤᠴᠠᠨ᠎ᠠ︶ | ︵ᠭᠤᠷᠪᠠ︶ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠵᠡᠮᠳᠡᠭᠴᠦᠳ ᠲᠤ ᠬᠦᠴᠦᠨ ᠨᠡᠮᠡᠷᠢᠯᠡᠵᠦ ᠠᠵᠢᠯ | ᠣᠯᠭᠤᠬᠤ ᠠᠵᠢᠯᠯᠠᠭᠠᠨ ᠢ ᠬᠡᠷᠡᠭᠵᠢᠭᠦᠯᠦᠨ᠎ᠡ᠃ ᠨᠢᠭᠡ ᠪᠦᠯᠦᠭ ᠲᠦᠷᠦᠭᠦᠦ ᠲᠠᠪᠴᠠᠩ᠂ ᠡᠯᠧᠺᠲᠷᠣᠨ ᠬᠤᠳᠠᠯᠳᠤᠭ᠎ᠠ᠂ | ᠲᠦᠷᠭᠡᠨ ᠬᠦᠷᠭᠡᠯᠲᠡ ᠵᠡᠷᠭᠡ ᠰᠢᠨ᠎ᠡ ᠠᠵᠢᠯ ᠣᠯᠭᠤᠯᠲᠠ ᠶᠢᠨ ᠬᠡᠯᠪᠡᠷᠢ ᠶᠢᠨ ᠠᠵᠤ ᠠᠬᠤᠶᠢᠯᠠᠯ ᠢ ᠵᠣᠬᠢᠶᠠᠨ | ᠪᠠᠶᠢᠭᠤᠯᠵᠤ ᠵᠡᠮᠳᠡᠭᠴᠦᠳ ᠤᠨ ᠠᠵᠢᠯ ᠣᠯᠭᠤᠯᠲᠠ ᠶᠢᠨ ᠬᠡᠷᠡᠭᠴᠡᠭᠡ ᠱᠠᠭᠠᠷᠳᠠᠯᠭ᠎ᠠ ᠲᠠᠢ ᠵᠣᠯᠭᠠᠭᠤᠯᠬᠤ ᠬᠡᠷᠡᠭᠲᠡᠢ᠃ | ᠬᠥᠮᠥᠨ ᠬᠡᠷᠡᠭᠯᠡᠬᠦ ᠨᠢᠭᠡᠴᠢ ᠶᠢᠨ ᠵᠡᠮᠳᠡᠭᠴᠦᠳ ᠢ ᠲᠣᠬᠢᠷᠠᠭᠤᠯᠵᠤ ᠠᠵᠢᠯ ᠣᠯᠭᠤᠭᠰᠠᠨ ᠳᠤ ᠬᠦᠷᠲᠡᠭᠡᠬᠦ ᠱᠠᠩᠨᠠᠯ ᠵᠢᠴᠢ | ᠬᠠᠮᠢᠶ᠎ᠠ ᠪᠦᠬᠦᠢ ᠨᠡᠮᠡᠭᠦᠷᠢ ᠶᠢᠨ ᠲᠥᠷᠥ ᠶᠢᠨ ᠪᠣᠳᠣᠯᠭ᠎ᠠ ᠶᠢ ᠴᠠᠭ ᠲᠤᠬᠠᠢ ᠳᠤ ᠨᠢ ᠭᠦᠢᠴᠡᠳ ᠲᠤᠭ᠎ᠠ ᠪᠠᠷ | ᠨᠠᠶᠢᠳᠠᠪᠤᠷᠢᠵᠢᠭᠤᠯᠬᠤ ᠬᠡᠷᠡᠭᠲᠡᠢ᠃ ᠪᠥᠬᠦ ᠣᠷᠣᠨ ᠤ ᠡᠯ᠎ᠡ ᠱᠠᠲᠤᠨ ᠤ ᠵᠡᠮᠳᠡᠭᠴᠦᠳ ᠤᠨ ᠬᠤᠯᠪᠣᠭᠠᠲᠤ ᠬᠤᠷᠠᠯ ᠨᠢ | ᠠᠷᠠᠳ ᠤᠨ ᠶᠠᠪᠤᠳᠠᠯ ᠤᠨ ᠰᠠᠯᠠᠭ᠎ᠠ ᠮᠥᠴᠢᠷ᠂ ᠠᠵᠤ ᠦᠢᠯᠡᠳᠪᠦᠷᠢ ᠬᠤᠳᠠᠯᠳᠤᠭᠠᠨ ᠤ ᠬᠤᠯᠪᠣᠭᠠᠲᠤ ᠬᠤᠷᠠᠯ᠂ ᠠᠵᠤ | ᠠᠬᠤᠶᠢᠯᠠᠯ ᠤᠨ ᠬᠤᠯᠪᠣᠭᠠᠲᠤ ᠵᠣᠬᠢᠶᠠᠨ ᠪᠠᠶᠢᠭᠤᠯᠤᠯᠲᠠ ᠵᠢᠴᠢ ᠠᠵᠢᠯ ᠲᠥᠷᠥᠯ ᠤᠨ ᠨᠡᠶᠢᠭᠡᠮᠯᠢᠭ ᠬᠤᠳᠠᠯᠳᠤᠭᠠᠨ ᠤ | ᠡᠪᠯᠡᠯ᠂ ᠬᠥᠮᠥᠨ ᠤ ᠬᠦᠴᠦᠨ ᠤ ᠡᠬᠢ ᠪᠠᠶᠠᠯᠢᠭ ᠤᠨ ᠦᠢᠯᠡᠴᠢᠯᠡᠭᠡᠨ ᠤ ᠪᠠᠶᠢᠭᠤᠯᠤᠮᠵᠢ ᠵᠡᠷᠭᠡ ᠯᠦᠭᠡ | ᠬᠠᠮᠲᠤᠷᠠᠯᠴᠠᠭ᠎ᠠ ᠪᠠᠨ ᠴᠢᠩᠭᠠᠳᠬᠠᠨ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠳᠤ ᠵᠡᠮᠳᠡᠭᠴᠦᠳ ᠢ ᠲᠤᠰᠠᠯᠠᠨ | ᠠᠵᠢᠯ ᠣᠯᠭᠤᠬᠤ ᠲᠠᠪᠴᠠᠩ ᠪᠠᠶᠢᠭᠤᠯᠤᠨ᠂ ᠵᠡᠮᠳᠡᠭᠴᠦᠳ ᠢ ᠰᠢᠩᠭᠡᠬᠡᠨ ᠠᠪᠴᠤ ᠠᠵᠢᠯ ᠣᠯᠭᠤᠭᠤᠯᠬᠤ ᠬᠡᠷᠡᠭᠲᠡᠢ᠃ | ᠵᠡᠮᠳᠡᠭᠴᠦᠳ ᠤᠨ ᠪᠡᠶ᠎ᠡ ᠪᠠᠨ ᠳᠠᠭᠠᠭᠠᠵᠤ ᠦᠢᠯᠡᠰ ᠴᠣᠭᠴᠠᠯᠠᠵᠤ ᠪᠠᠶᠢᠭ᠎ᠠ ᠠᠵᠤ ᠠᠬᠤᠶᠢᠯᠠᠯ ᠵᠢᠴᠢ ᠬᠤᠪᠢ ᠶᠢᠨ | ᠠᠵᠤ ᠦᠢᠯᠡᠳᠪᠦᠷᠢ ᠬᠤᠳᠠᠯᠳᠤᠭᠠᠨ ᠤ ᠡᠷᠦᠬᠡ ᠶᠢ ᠵᠢᠯᠤᠭᠤᠳᠬᠤ ᠪᠠ ᠲᠡᠳᠬᠦᠬᠦ ᠪᠠᠨ ᠴᠢᠩᠭᠠᠳᠬᠠᠵᠤ᠂ | ᠬᠥᠳᠡᠯᠮᠦᠷᠢ ᠶᠢᠨ ᠲᠥᠷᠥᠯ ᠵᠦᠢᠯ ᠬᠠᠷᠢᠯᠴᠠᠵᠤ ᠦᠭᠭᠦ᠂ ᠠᠵᠢᠯ ᠣᠯᠭᠤᠵᠤ ᠦᠢᠯᠡᠰ ᠴᠣᠭᠴᠠᠯᠠᠬᠤ ᠪᠣᠯᠪᠠᠰᠤᠷᠠᠯ ᠪᠠ | ᠬᠥᠯᠥᠰᠦᠯᠡᠭᠴᠢ ᠶᠢᠨ ᠪᠣᠯᠪᠠᠰᠤᠷᠠᠯ ᠥᠷᠨᠢᠭᠦᠯᠬᠦ ᠵᠡᠷᠭᠡ ᠦᠢᠯᠡᠴᠢᠯᠡᠭᠡ ᠬᠠᠩᠭᠠᠬᠤ ᠬᠡᠷᠡᠭᠲᠡᠢ᠃ ᠠᠷᠠᠳ ᠠᠴᠠ | ᠡᠵᠡᠩᠨᠡᠭᠰᠡᠨ ᠠᠵᠤ ᠠᠬᠤᠶᠢᠯᠠᠯ ᠨᠢ ᠵᠡᠮᠳᠡᠭᠴᠦᠳ ᠢ ᠲᠣᠰᠠᠯᠠᠨᠠᠵᠢᠯ ᠣᠯᠭᠤᠭᠰᠠᠨ᠂ ᠬᠠᠷᠢᠴᠠᠯ ᠶᠣᠰᠣᠭᠠᠷ | ᠵᠡᠮᠳᠡᠭᠴᠦᠳ ᠢ ᠲᠣᠬᠢᠷᠠᠭᠤᠯᠤᠨ ᠠᠵᠢᠯ ᠣᠯᠭᠤᠭᠰᠠᠨ ᠪᠠᠶᠢᠳᠠᠯ ᠢᠶᠠᠨ ᠠᠵᠤ ᠠᠬᠤᠶᠢᠯᠠᠯ ᠤᠨ ᠨᠡᠶᠢᠭᠡᠮ ᠤᠨ | ᠬᠠᠷᠢᠭᠤᠴᠠᠯᠭ᠎ᠠ ᠶᠢᠨ ᠮᠡᠳᠡᠭᠦᠯᠦᠯᠲᠡ ᠳᠤ ᠪᠠᠨ ᠣᠷᠣᠭᠤᠯᠬᠤ ᠪᠤᠶᠤ ᠨᠡᠶᠢᠭᠡᠮ ᠤᠨ ᠬᠠᠷᠢᠭᠤᠴᠠᠯᠭ᠎ᠠ ᠶᠢᠨ ᠲᠤᠰᠬᠠᠢ | ᠮᠡᠳᠡᠭᠦᠯᠦᠯᠲᠡ ᠶᠢ ᠨᠠᠶᠢᠷᠠᠭᠤᠯᠤᠨ ᠵᠣᠬᠢᠶᠠᠬᠤ ᠬᠡᠷᠡᠭᠲᠡᠢ᠃ ︵ᠥᠪᠡᠷᠲᠡᠭᠡᠨ ᠵᠠᠰᠠᠬᠤ ᠣᠷᠣᠨ ᠤ ᠬᠥᠮᠥᠨ ᠤ | ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ᠂ ᠡᠳ᠋ ᠤᠨ ᠵᠠᠰᠠᠭ ᠤᠨ ᠲᠢᠩᠬᠢᠮ᠂ ᠠᠵᠤ | ᠦᠢᠯᠡᠳᠪᠦᠷᠢ ᠪᠠ ᠮᠡᠳᠡᠭᠡ ᠵᠠᠩᠭᠢᠴᠢᠯᠠᠯᠲᠠ ᠶᠢᠨ ᠲᠢᠩᠬᠢᠮ᠂ ᠠᠵᠤ ᠦᠢᠯᠡᠳᠪᠦᠷᠢ ᠬᠤᠳᠠᠯᠳᠤᠭᠠᠨ ᠤ ᠬᠤᠯᠪᠣᠭᠠᠲᠤ | ᠬᠤᠷᠠᠯ᠂ ᠵᠡᠮᠳᠡᠭᠴᠦᠳ ᠤᠨ ᠬᠤᠯᠪᠣᠭᠠᠲᠤ ᠬᠤᠷᠠᠯ᠂ ᠥᠪᠥᠷ ᠮᠣᠩᠭᠤᠯ ᠤᠨ ᠰᠢᠤᠳᠠᠨ ᠤ ᠬᠠᠮᠢᠶᠠᠷᠤᠯᠲᠠ ᠶᠢᠨ | ᠲᠣᠪᠴᠢᠶ᠎ᠠ ᠠᠵᠢᠯ ᠤᠨ ᠬᠤᠪᠢᠶᠠᠷᠢᠯᠠᠯ ᠶᠣᠰᠣᠭᠠᠷ ᠬᠠᠷᠢᠭᠤᠴᠠᠨ᠎ᠠ︶ | ︵ᠳᠥᠷᠪᠡ︶ ᠵᠡᠮᠳᠡᠭᠴᠦᠳ ᠤᠨ ᠵᠣᠬᠢᠶᠠᠨ ᠪᠠᠶᠢᠭᠤᠯᠤᠯᠲᠠ ᠠᠴᠠ ᠵᠡᠮᠳᠡᠭᠴᠦᠳ ᠲᠤ ᠠᠵᠢᠯ ᠣᠯᠭᠤᠬᠤ ᠳᠤ | ᠬᠦᠴᠦᠨ ᠨᠡᠮᠡᠷᠢᠯᠡᠬᠦ ᠠᠵᠢᠯᠯᠠᠭᠠᠨ ᠢ ᠬᠡᠷᠡᠭᠵᠢᠭᠦᠯᠦᠨ᠎ᠡ᠃ ᠵᠡᠮᠳᠡᠭᠴᠦᠳ ᠤᠨ ᠲᠤᠰᠬᠠᠢ ᠨᠡᠶᠢᠭᠡᠮᠯᠢᠭ᠂ ᠵᠡᠮᠳᠡᠭᠴᠦᠳ ᠢ | ᠲᠤᠰᠠᠯᠠᠬᠤ ᠠᠵᠤ ᠠᠬᠤᠶᠢᠯᠠᠯ᠂ ᠨᠡᠶᠢᠭᠡᠮ ᠤᠨ ᠵᠣᠬᠢᠶᠠᠨ ᠪᠠᠶᠢᠭᠤᠯᠤᠯᠲᠠ ᠪᠠ ᠵᠡᠮᠳᠡᠭᠴᠦᠳ ᠤᠨ ᠠᠵᠢᠯ ᠣᠯᠵᠤ | ᠦᠢᠯᠡᠰ ᠴᠣᠭᠴᠠᠯᠠᠬᠤ ᠲᠠᠯ᠎ᠠ ᠪᠠᠷ ᠬᠢ ᠳᠠᠭᠠᠭᠤᠯᠤᠭᠴᠢ ᠶᠢᠨ ᠦᠢᠯᠡᠳᠦᠯ ᠢ ᠪᠠᠳᠠᠷᠠᠭᠤᠯᠵᠤ᠂ ᠨᠢᠭᠡ ᠪᠦᠯᠦᠭ ᠵᠠᠬ᠎ᠠ | ᠳᠡᠯᠭᠡᠭᠦᠷ ᠤᠨ ᠠᠯᠤᠰ ᠤᠨ ᠲᠥᠯᠥᠪ ᠲᠠᠢ᠂ ᠠᠮᠢᠵᠢᠷᠠᠯ ᠤᠨ ᠬᠦᠴᠦᠨ ᠢᠶᠠᠷ ᠴᠢᠩᠭ᠎ᠠ ᠵᠡᠮᠳᠡᠭᠴᠦᠳ ᠤᠨ ᠠᠵᠢᠯ | ᠣᠯᠵᠤ ᠦᠢᠯᠡᠰ ᠴᠣᠭᠴᠠᠯᠠᠬᠤ ᠲᠥᠷᠥᠯ ᠵᠦᠢᠯ ᠢ ᠪᠣᠶᠢᠵᠢᠭᠤᠯᠬᠤ ᠬᠡᠷᠡᠭᠲᠡᠢ᠃ ︽ᠬᠠᠶᠢᠷ᠎ᠠ ᠢᠪᠡᠭᠡᠭᠰᠡᠨ ᠤᠮᠠᠷᠠᠲᠤ | ᠬᠢᠯᠢ︾ ︱ ᠦᠢᠯᠡᠰ ᠢ ᠨᠢ ᠲᠤᠰᠠᠯᠠᠬᠤ ᠪᠠ ᠦᠪᠡᠰᠦᠪᠡᠨ ᠬᠦᠴᠦᠷᠬᠡᠭᠵᠢᠬᠦ ᠨᠡᠶᠢᠲᠡ ᠶᠢᠨ ᠠᠰᠠᠷᠠᠮᠵᠢ ᠶᠢᠨ | ᠵᠡᠮᠳᠡᠭᠴᠦᠳ ᠲᠤ ᠲᠤᠰᠠᠯᠠᠬᠤ ᠠᠵᠢᠯᠯᠠᠭᠠᠨ ᠢ ᠥᠷᠨᠢᠭᠦᠯᠵᠦ᠂ ᠠᠵᠢᠯ ᠣᠯᠬᠤ ᠬᠦᠰᠡᠯ ᠪᠠ ᠴᠢᠳᠠᠪᠤᠷᠢ ᠲᠠᠢ | ᠵᠡᠮᠳᠡᠭᠴᠦᠳ ᠲᠤ ᠠᠵᠢᠯ ᠣᠯᠭᠤᠯᠲᠠ ᠶᠢᠨ ᠬᠠᠪᠰᠤᠷᠤᠯᠭ᠎ᠠ ᠳᠡᠮᠵᠢᠯᠭᠡ ᠬᠠᠩᠭᠠᠬᠤ ᠬᠡᠷᠡᠭᠲᠡᠢ᠃ ᠵᠡᠮᠳᠡᠭᠴᠦᠳ ᠤᠨ | ᠲᠤᠰᠠᠯᠠᠬᠤ ᠴᠢᠨᠠᠷᠲᠠᠢ ᠠᠵᠢᠯ ᠣᠯᠭᠤᠬᠤ ᠪᠠᠶᠢᠭᠤᠯᠤᠮᠵᠢ᠂ ᠵᠡᠮᠳᠡᠭᠴᠦᠳ ᠤᠨ ᠨᠠᠶᠢᠳᠠᠨ ᠠᠰᠠᠷᠠᠭᠤᠯᠬᠤ ᠪᠠᠶᠢᠭᠤᠯᠤᠮᠵᠢ | ᠂ ᠵᠡᠮᠳᠡᠭᠴᠦᠳ ᠤᠨ ᠤᠷ᠎ᠠ ᠴᠢᠳᠠᠪᠤᠷᠢ ᠶᠢᠨ ᠪᠣᠯᠪᠠᠰᠤᠷᠠᠯ ᠤᠨ ᠪᠠᠶᠢᠭᠤᠯᠤᠮᠵᠢ᠂ ᠰᠣᠬᠤᠷ ᠬᠥᠮᠥᠨ ᠤ ᠢᠯᠢᠯᠭᠡ ᠶᠢᠨ | ᠪᠠᠶᠢᠭᠤᠯᠤᠮᠵᠢ᠂ ︽ᠬᠠᠯᠠᠭᠤᠨ ᠳᠣᠲᠣᠨᠣᠰᠤᠭ ᠭᠡᠷ ᠣᠷᠣᠨ︾᠂ ᠵᠡᠮᠳᠡᠭᠴᠦᠳ ᠤᠨ ᠪᠣᠳᠠᠰ ᠤᠨ ᠪᠤᠰᠤ ᠰᠣᠶᠣᠯ ᠤᠨ | ᠥᠪ ᠤᠨ ᠠᠵᠢᠯ ᠤᠨ ᠲᠠᠰᠤᠭ ᠵᠡᠷᠭᠡ ᠪᠠᠶᠢᠭᠤᠯᠤᠮᠵᠢ ᠶᠢᠨ ᠵᠡᠷᠭᠡ ᠳᠡᠰ ᠢ ᠦᠨᠡᠯᠡᠨ ᠲᠣᠭᠲᠠᠭᠠᠬᠤ ᠵᠢᠴᠢ ᠱᠠᠩᠨᠠᠵᠤ | ᠨᠥᠬᠦᠪᠦᠷᠢᠯᠡᠬᠦ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠵᠦ᠂ ᠵᠡᠮᠳᠡᠭᠴᠦᠳ ᠤᠨ ᠦᠢᠯᠡᠴᠢᠯᠡᠭᠡᠨ ᠤ | ᠪᠠᠲᠤᠯᠠᠭ᠎ᠠ ᠶᠢᠨ ᠡᠯ᠎ᠡ ᠲᠥᠷᠥᠯ ᠤᠨ ᠪᠠᠶᠢᠭᠤᠯᠤᠮᠵᠢ ᠶᠢᠨ ᠣᠷᠳᠣ ᠬᠤᠭᠤᠴᠠᠭ᠎ᠠ ᠪᠠᠷ᠂ ᠲᠣᠭᠲᠠᠭᠤᠨ ᠢᠶᠠᠷ᠂ | ᠵᠢᠷᠤᠮᠵᠢᠯ ᠲᠠᠢ ᠠᠵᠢᠯᠯᠠᠬᠤ ᠶᠢ ᠦᠨᠡᠨ ᠬᠦ ᠪᠠᠲᠤᠯᠠᠬᠤ ᠬᠡᠷᠡᠭᠲᠡᠢ᠃ ᠠᠩᠬ᠎ᠠ ᠤᠳᠠᠭ᠎ᠠ ᠵᠢᠵᠢᠭ ᠪᠢᠴᠢᠯ ᠠᠵᠤ | ᠠᠬᠤᠶᠢᠯᠠᠯ ᠪᠤᠶᠤ ᠬᠤᠪᠢ ᠶᠢᠨ ᠠᠵᠤ ᠦᠢᠯᠡᠳᠪᠦᠷᠢ ᠬᠤᠳᠠᠯᠳᠤᠭᠠᠨ ᠤ ᠡᠷᠦᠬᠡ ᠡᠷᠬᠢᠯᠡᠵᠦ ᠪᠠᠶᠢᠭ᠎ᠠ ᠵᠡᠮᠳᠡᠭᠴᠦᠳ ᠨᠢ | ᠨᠥᠬᠦᠴᠡᠯ ᠳᠤ ᠨᠡᠶᠢᠴᠡᠭᠰᠡᠨ ᠪᠠᠶᠢᠪᠠᠯ ᠲᠣᠭᠲᠠᠭᠠᠯ ᠶᠣᠰᠣᠭᠠᠷ ᠦᠢᠯᠡᠰ ᠴᠣᠭᠴᠠᠯᠠᠬᠤ ᠨᠡᠮᠡᠭᠦᠷᠢ ᠣᠯᠭᠤᠬᠤ ᠬᠡᠷᠡᠭᠲᠡᠢ᠃ | ᠵᠡᠮᠳᠡᠭᠴᠦᠳ ᠤᠨ ᠦᠢᠯᠡᠰ ᠴᠣᠭᠴᠠᠯᠠᠬᠤ ᠳᠤ ᠵᠢᠭᠡᠯᠡᠯᠭᠡ ᠶᠢᠨ ᠳᠠᠮ ᠬᠦᠦ ᠬᠠᠩᠭᠠᠵᠤ᠂ ᠮᠥᠩᠭᠦᠨ ᠭᠦᠢᠯᠭᠡᠭᠡᠨ ᠤ | ᠪᠠᠶᠢᠭᠤᠯᠤᠮᠵᠢ ᠶᠢᠨ ᠵᠡᠮᠳᠡᠭᠴᠦᠳ ᠤᠨ ᠦᠢᠯᠡᠰ ᠴᠣᠭᠴᠠᠯᠠᠬᠤ ᠲᠤᠰᠬᠠᠢ ᠵᠢᠭᠡᠯᠡᠯᠭᠡ ᠶᠢᠨ ᠲᠥᠷᠥᠯ ᠵᠦᠢᠯ | ᠪᠠᠶᠢᠭᠤᠯᠬᠤ ᠶᠢ ᠵᠣᠷᠢᠭᠵᠢᠭᠤᠯᠬᠤ ᠬᠡᠷᠡᠭᠲᠡᠢ᠃ ︵ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ ᠬᠤᠯᠪᠣᠭᠠᠲᠤ | ᠬᠤᠷᠠᠯ᠂ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ᠂ ᠡᠮᠡᠭᠲᠡᠶᠢᠴᠦᠳ ᠤᠨ | ᠬᠤᠯᠪᠣᠭᠠᠲᠤ ᠬᠤᠷᠠᠯ᠂ ᠡᠳ᠋ ᠤᠨ ᠵᠠᠰᠠᠭ ᠤᠨ ᠲᠢᠩᠬᠢᠮ᠂ ᠠᠷᠠᠳ ᠤᠨ ᠪᠠᠩᠬᠢ ᠶᠢᠨ ᠬᠥᠬᠡᠬᠤᠲᠠ ᠲᠥᠪ ᠰᠠᠯᠪᠤᠷᠢ | ᠪᠠᠩᠬᠢ᠂ ᠥᠪᠥᠷ ᠮᠣᠩᠭᠤᠯ ᠤᠨ ᠪᠠᠩᠬᠢ ᠳᠠᠭᠠᠳᠬᠠᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠠᠵᠢᠯ ᠤᠨ | ᠬᠤᠪᠢᠶᠠᠷᠢᠯᠠᠯ ᠶᠣᠰᠣᠭᠠᠷ ᠬᠠᠷᠢᠭᠤᠴᠠᠨ᠎ᠠ︶ | ︵ᠲᠠᠪᠤ︶ ᠠᠵᠢᠯ ᠣᠯᠬᠤ ᠳᠤ ᠬᠦᠴᠢᠷᠲᠡᠢ ᠵᠡᠮᠳᠡᠭᠴᠦᠳ ᠤᠨ ᠠᠵᠢᠯ ᠣᠯᠬᠤ ᠳᠤ ᠨᠢ ᠬᠠᠪᠰᠤᠷᠤᠨ ᠲᠡᠳᠬᠦᠬᠦ | ᠠᠵᠢᠯᠯᠠᠭᠠᠨ ᠢ ᠬᠡᠷᠡᠭᠵᠢᠭᠦᠯᠦᠨ᠎ᠡ᠃ | ︽ᠬᠠᠶᠢᠷᠠᠯᠠᠨ ᠬᠠᠯᠠᠮᠵᠢᠯᠠᠬᠤ ᠭᠡᠷ ᠣᠷᠣᠨ︾ ︽ᠬᠠᠯᠠᠭᠤᠨ ᠳᠣᠲᠣᠨᠣᠰᠤᠭ ᠭᠡᠷ ᠣᠷᠣᠨ︾᠂ ᠲᠤᠰᠠᠯᠠᠬᠤ ᠴᠢᠨᠠᠷᠲᠠᠢ | ᠠᠵᠢᠯ ᠣᠯᠭᠤᠬᠤ ᠪᠠᠶᠢᠭᠤᠯᠤᠮᠵᠢ᠂ ᠵᠡᠮᠳᠡᠭᠴᠦᠳ ᠤᠨ ᠨᠠᠶᠢᠳᠠᠨ ᠠᠰᠠᠷᠠᠭᠤᠯᠬᠤ ᠪᠠᠶᠢᠭᠤᠯᠤᠮᠵᠢ ᠵᠡᠷᠭᠡ ᠵᠡᠮᠳᠡᠭᠴᠦᠳ ᠢ | ᠲᠤᠰᠠᠯᠠᠬᠤ ᠪᠠᠶᠢᠭᠤᠯᠤᠮᠵᠢ ᠪᠠᠷ ᠳᠠᠮᠵᠢᠭᠤᠯᠤᠨ᠂ ᠵᠣᠬᠢᠬᠤ ᠬᠡᠮᠵᠢᠶᠡᠨ ᠤ ᠬᠥᠳᠡᠯᠮᠦᠷᠢᠯᠡᠬᠦ ᠴᠢᠳᠠᠪᠤᠷᠢ ᠲᠠᠢ ᠪᠣᠯᠪᠠᠴᠤ | ᠥᠷᠢᠰᠦᠯᠳᠦᠭᠡᠨ ᠤ ᠴᠢᠨᠠᠷᠲᠠᠢ ᠬᠥᠳᠡᠯᠮᠦᠷᠢ ᠬᠦᠴᠦᠨ ᠤ ᠵᠠᠬ᠎ᠠ ᠳᠡᠯᠭᠡᠭᠦᠷ ᠲᠤ ᠣᠷᠣᠬᠤ ᠳᠤ ᠪᠡᠷᠬᠡᠲᠡᠢ ᠣᠶᠤᠨ | ᠤᠬᠠᠭᠠᠨ᠂ ᠣᠶᠤᠨ ᠮᠡᠳᠡᠷᠡᠯ ᠪᠠ ᠦᠶ᠎ᠡ ᠭᠡᠰᠢᠭᠦᠨ ᠨᠢ ᠬᠦᠨᠳᠦ ᠠᠷᠬᠠᠭ ᠲᠠᠢ ᠵᠡᠮᠳᠡᠭᠴᠦᠳ ᠢ ᠲᠣᠬᠢᠷᠠᠭᠤᠯᠤᠨ | ᠠᠵᠢᠯ ᠣᠯᠭᠤᠬᠤ ᠬᠡᠷᠡᠭᠲᠡᠢ᠃ ᠵᠡᠮᠳᠡᠭᠴᠦᠳ ᠲᠤ ᠠᠵᠢᠯ ᠣᠯᠭᠤᠬᠤ ᠶᠢ ᠠᠬᠢᠭᠤᠯᠬᠤ ᠲᠥᠷᠥ ᠶᠢᠨ ᠪᠣᠳᠣᠯᠭ᠎ᠠ ᠶᠢ | ᠨᠡᠶᠢᠭᠡᠮ ᠤᠨ ᠪᠠᠲᠤᠯᠠᠭ᠎ᠠ ᠶᠢᠨ ᠲᠥᠷᠥ ᠶᠢᠨ ᠪᠣᠳᠣᠯᠭ᠎ᠠ ᠯᠤᠭ᠎ᠠ ᠵᠣᠯᠭᠠᠭᠤᠯᠬᠤ ᠪᠠᠨ ᠴᠢᠩᠭᠠᠳᠬᠠᠵᠤ᠂ ᠨᠠᠭᠠᠲᠤ | ᠵᠠᠬ᠎ᠠ ᠶᠢᠨ ᠪᠠᠲᠤᠯᠠᠭ᠎ᠠ ᠬᠦᠷᠲᠡᠭᠡᠬᠦ ᠬᠡᠪᠴᠢᠶᠡᠨ ᠠᠴᠠ ᠠᠭᠠᠵᠢᠮ ᠢᠶᠠᠷ ᠪᠤᠴᠠᠭᠠᠨ ᠭᠠᠷᠭᠠᠬᠤ ᠲᠥᠷᠥ ᠶᠢᠨ | ᠪᠣᠳᠣᠯᠭ᠎ᠠ ᠶᠢ ᠲᠣᠭᠲᠠᠭᠠᠯ ᠶᠣᠰᠣᠭᠠᠷ ᠨᠠᠶᠢᠳᠠᠪᠤᠷᠢᠵᠢᠭᠤᠯᠤᠨ᠂ ᠲᠡᠳᠡᠨ ᠢ ᠬᠠᠪᠰᠤᠷᠴᠤ ᠪᠠᠶᠢᠭᠠᠳ ᠳᠣᠲᠣᠭᠠᠳᠤ | ᠬᠥᠭᠵᠢᠯᠲᠡ ᠶᠢᠨ ᠴᠢᠳᠠᠪᠤᠷᠢ ᠶᠢ ᠨᠢ ᠲᠡᠬᠡᠭᠰᠢᠯᠡᠬᠦᠯᠬᠦ ᠬᠡᠷᠡᠭᠲᠡᠢ᠃ ᠵᠡᠮᠳᠡᠭᠴᠦᠳ ᠤᠨ ᠲᠤᠰᠬᠠᠢ ᠠᠵᠢᠯ ᠤᠨ ᠪᠠᠶᠢᠷᠢ ᠶᠢ | ᠨᠡᠭᠡᠭᠡᠨ ᠬᠥᠭᠵᠢᠭᠦᠯᠬᠦ ᠡᠷᠴᠢᠮ ᠢᠶᠠᠨ ᠴᠢᠩᠭᠠᠷᠠᠭᠤᠯᠤᠨ᠂ ᠨᠥᠬᠦᠴᠡᠯ ᠳᠤ ᠨᠡᠶᠢᠴᠡᠬᠦ᠂ ᠵᠠᠬ᠎ᠠ ᠳᠡᠯᠭᠡᠭᠦᠷ ᠤᠨ ᠠᠷᠭ᠎ᠠ | ᠵᠠᠮ ᠢᠶᠠᠷ ᠳᠡᠮᠵᠢᠨ ᠠᠵᠢᠯ ᠣᠯᠬᠤ ᠶᠢ ᠪᠡᠶᠡᠯᠡᠭᠦᠯᠬᠦ ᠳᠤ ᠬᠦᠴᠢᠷᠲᠡᠢ ᠵᠡᠮᠳᠡᠭᠴᠦᠳ ᠢ ᠦᠨᠳᠦᠰᠦ ᠠᠴᠠ ᠨᠢ ᠪᠠᠲᠤᠯᠠᠨ | ᠲᠥᠪᠬᠢᠨᠡᠭᠦᠯᠵᠦ᠂ ᠨᠡᠮᠡᠭᠦᠷᠢ ᠥᠭᠬᠦ ᠬᠤᠭᠤᠴᠠᠭ᠎ᠠ ᠨᠢ ᠲᠤᠯᠤᠭᠰᠠᠨ ᠤ ᠳᠠᠷᠠᠭ᠎ᠠ ᠮᠥᠨ ᠬᠦ ᠪᠤᠰᠤᠳ ᠠᠷᠭ᠎ᠠ | ᠵᠠᠮ ᠢᠶᠠᠷ ᠠᠵᠢᠯ ᠣᠯᠬᠤ ᠶᠢ ᠪᠡᠶᠡᠯᠡᠭᠦᠯᠬᠦ ᠳᠤ ᠬᠦᠴᠢᠷᠲᠡᠢ ᠪᠠᠶᠢᠭ᠎ᠠ ᠬᠦᠨᠳᠦ ᠵᠡᠮᠳᠡᠭᠴᠦᠳ ᠢ ᠳᠠᠬᠢᠨ ᠲᠠᠰ ᠳᠠᠷᠠᠭᠠᠯᠠᠯ | ᠶᠣᠰᠣᠭᠠᠷ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ ᠪᠠᠷ ᠳᠡᠮᠵᠢᠨ ᠲᠥᠪᠬᠢᠨᠡᠭᠦᠯᠵᠦ᠂ ᠨᠡᠶᠢᠲᠡ | ᠲᠥᠪᠬᠢᠨᠡᠭᠦᠯᠬᠦ ᠤᠳᠠᠭ᠎ᠠ ᠶᠢ ᠵᠠᠷᠴᠢᠮ ᠳᠡᠭᠡᠷ᠎ᠡ ᠪᠠᠨ 2 ᠤᠳᠠᠭ᠎ᠠ ᠠᠴᠠ ᠬᠡᠲᠦᠷᠡᠭᠦᠯᠵᠦ ᠪᠣᠯᠬᠤ ᠦᠭᠡᠢ᠃ ︵ | ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ ᠬᠤᠯᠪᠣᠭᠠᠲᠤ ᠬᠤᠷᠠᠯ᠂ ᠬᠥᠮᠥᠨ ᠤ ᠬᠦᠴᠦᠨ ᠤ ᠡᠬᠢ ᠪᠠᠶᠠᠯᠢᠭ | ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ᠂ ᠠᠷᠠᠳ ᠤᠨ ᠶᠠᠪᠤᠳᠠᠯ ᠤᠨ ᠲᠢᠩᠬᠢᠮ ᠠᠵᠢᠯ ᠤᠨ ᠬᠤᠪᠢᠶᠠᠷᠢᠯᠠᠯ | ᠶᠣᠰᠣᠭᠠᠷ ᠬᠠᠷᠢᠭᠤᠴᠠᠨ᠎ᠠ︶ | ︵ᠵᠢᠷᠭᠤᠭ᠎ᠠ︶ ᠲᠠᠷᠢᠶᠠᠯᠠᠬᠤ ᠮᠠᠯᠵᠢᠬᠤ ᠣᠷᠣᠨ ᠤ ᠵᠡᠮᠳᠡᠭᠴᠦᠳ ᠤᠨ ᠠᠵᠢᠯ ᠣᠯᠬᠤ ᠳᠤ ᠨᠢ ᠬᠠᠪᠰᠤᠷᠤᠨ | ᠲᠡᠳᠬᠦᠬᠦ ᠠᠵᠢᠯᠯᠠᠭᠠᠨ ᠢ ᠬᠡᠷᠡᠭᠵᠢᠭᠦᠯᠦᠨ᠎ᠡ᠃ ᠵᠡᠮᠳᠡᠭᠴᠦᠳ ᠤᠨ ᠶᠠᠳᠠᠭᠤ ᠠᠴᠠ ᠠᠩᠭᠢᠵᠢᠷᠠᠭᠤᠯᠬᠤ | ᠰᠢᠪᠲᠤᠯᠤᠯᠲᠠ ᠶᠢᠨ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ ᠡᠯ᠎ᠡ ᠵᠦᠢᠯ ᠤᠨ ᠲᠥᠷᠥ ᠶᠢᠨ ᠪᠣᠳᠣᠯᠭ᠎ᠠ ᠶᠢ | ᠨᠠᠶᠢᠳᠠᠪᠤᠷᠢᠵᠢᠭᠤᠯᠵᠤ᠂ ᠲᠠᠷᠢᠶᠠᠯᠠᠬᠤ ᠮᠠᠯᠵᠢᠬᠤ ᠣᠷᠣᠨ ᠤ ᠵᠡᠮᠳᠡᠭᠴᠦᠳ ᠵᠢᠴᠢ ᠲᠡᠳᠡᠨ ᠤ ᠭᠡᠷ ᠪᠦᠯᠢ ᠶᠢᠨ | ᠪᠦᠷᠢᠯᠳᠦᠭᠦᠨ ᠤ ᠲᠠᠷᠢᠵᠦ ᠵᠠᠶᠢᠯᠠᠬᠤ᠂ ᠲᠡᠵᠢᠭᠡᠨ ᠦᠷᠡᠵᠢᠭᠦᠯᠬᠦ᠂ ᠪᠣᠯᠪᠠᠰᠣᠷᠠᠭᠤᠯᠵᠦ ᠡᠳ᠋ᠰᠢᠭᠦᠯᠬᠦ᠂ ᠡᠯᠧᠺᠲᠷᠣᠨ | ᠬᠤᠳᠠᠯᠳᠤᠭ᠎ᠠ ᠵᠡᠷᠭᠡ ᠠᠵᠢᠯ ᠲᠥᠷᠥᠯ ᠡᠷᠭᠢᠯᠡᠬᠦ ᠶᠢ ᠨᠢ ᠲᠡᠳᠬᠦᠵᠦ᠂ ᠲᠠᠷᠢᠶᠠᠯᠠᠬᠤ ᠮᠠᠯᠵᠢᠬᠤ ᠣᠷᠣᠨ ᠤ | ᠵᠡᠮᠳᠡᠭᠴᠦᠳ ᠤᠨ ᠬᠡᠷᠡᠭᠯᠡᠭᠡᠨ ᠤ ᠮᠡᠷᠭᠡᠵᠢᠯ ᠤᠨ ᠪᠣᠯᠪᠠᠰᠤᠷᠠᠯ ᠤᠨ ᠲᠥᠷᠥᠯ ᠵᠦᠢᠯ ᠢ ᠬᠡᠷᠡᠭᠵᠢᠭᠦᠯᠦᠨ᠂ ᠲᠣᠭᠲᠠᠭᠠᠯ | ᠶᠣᠰᠣᠭᠠᠷ ᠵᠣᠬᠢᠮᠵᠢᠲᠠᠢ ᠨᠡᠮᠡᠭᠦᠷᠢ ᠥᠭᠬᠦ ᠬᠡᠷᠡᠭᠲᠡᠢ᠃ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ | ᠬᠥᠲᠥᠴᠢ ᠠᠵᠤ ᠠᠬᠤᠶᠢᠯᠠᠯ ᠬᠢᠭᠡᠳ ᠶᠠᠳᠠᠭᠤ ᠠᠴᠠ ᠠᠩᠭᠢᠵᠢᠷᠠᠭᠤᠯᠬᠤ ᠵᠡᠮᠳᠡᠭᠴᠦᠳ ᠤᠨ ᠠᠰᠢᠭ ᠲᠤᠰᠠ ᠶᠢ | ᠬᠤᠯᠪᠣᠭᠳᠠᠭᠤᠯᠬᠤ ᠲᠣᠭᠲᠠᠴᠠ ᠶᠢ ᠪᠠᠶᠢᠭᠤᠯᠵᠤ᠂ ᠶᠠᠳᠠᠭᠤ ᠠᠴᠠ ᠠᠩᠭᠢᠵᠢᠷᠠᠭᠤᠯᠬᠤ ᠵᠡᠮᠳᠡᠭᠴᠦᠳ ᠤᠨ ᠣᠷᠣᠯᠭ᠎ᠠ ᠶᠢ | ᠨᠡᠮᠡᠭᠳᠡᠭᠦᠯᠬᠦ ᠬᠡᠷᠡᠭᠲᠡᠢ᠃ ᠪᠡᠭᠡᠵᠢᠩ ᠥᠪᠥᠷ ᠮᠣᠩᠭᠤᠯ ᠤᠨ ᠵᠡᠮᠳᠡᠭᠴᠦᠳ ᠢ ᠬᠠᠪᠰᠤᠷᠤᠨ ᠲᠡᠳᠬᠦᠬᠦ ᠬᠠᠮᠵᠢᠯᠴᠠᠭ᠎ᠠ ᠶᠢ | ᠦᠷᠭᠦᠯᠵᠢᠯᠡᠨ ᠠᠬᠢᠭᠤᠯᠵᠤ᠂ ᠤᠯᠤᠰ ᠪᠠ ᠥᠪᠡᠷᠲᠡᠭᠡᠨ ᠵᠠᠰᠠᠬᠤ ᠣᠷᠣᠨ ᠤ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠶᠢᠨ ᠭᠤᠣᠯᠳᠠᠯᠭ᠎ᠠ ᠪᠣᠯᠬᠤ ᠬᠠᠪᠰᠤᠷᠤᠨ ᠲᠡᠳᠬᠦᠬᠦ ᠬᠤᠰᠢᠭᠤ ᠰᠢᠶᠠᠨ᠂ ᠪᠡᠭᠡᠵᠢᠩ ᠥᠪᠥᠷ | ᠮᠣᠩᠭᠤᠯ ᠤᠨ ᠬᠠᠮᠵᠢᠯᠴᠠᠭᠠᠨ ᠤ ᠵᠡᠮᠳᠡᠭᠴᠦᠳ ᠲᠤ ᠠᠵᠢᠯ ᠣᠯᠭᠤᠵᠤ ᠬᠠᠪᠰᠤᠷᠤᠨ ᠲᠡᠳᠬᠦᠬᠦ ᠲᠥᠷᠥᠯ ᠵᠦᠢᠯ ᠳᠤ | ᠳᠡᠮᠵᠢᠯᠭᠡ ᠦᠵᠡᠬᠦᠯᠬᠦ ᠬᠡᠷᠡᠭᠲᠡᠢ᠃ ︵ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ ᠬᠤᠯᠪᠣᠭᠠᠲᠤ ᠬᠤᠷᠠᠯ᠂ | ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠢᠩᠬᠢᠮ᠂ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ ᠲᠣᠪᠴᠢᠶ᠎ᠠ ᠠᠵᠢᠯ ᠤᠨ ᠬᠤᠪᠢᠶᠠᠷᠢᠯᠠᠯ ᠶᠣᠰᠣᠭᠠᠷ ᠬᠠᠷᠢᠭᠤᠴᠠᠨ᠎ᠠ︶ | ︵ᠳᠣᠯᠤᠭ᠎ᠠ︶ ᠵᠡᠮᠳᠡᠭ ᠣᠶᠤᠲᠠᠳ ᠤᠨ ᠠᠵᠢᠯ ᠣᠯᠬᠤ ᠶᠢ ᠨᠢ ᠬᠠᠪᠰᠤᠷᠤᠨ ᠲᠡᠳᠬᠦᠬᠦ ᠠᠵᠢᠯᠯᠠᠭᠠᠨ ᠢ | ᠬᠡᠷᠡᠭᠵᠢᠭᠦᠯᠦᠨ᠎ᠡ᠃ ᠰᠠᠯᠠᠭ᠎ᠠ ᠮᠥᠴᠢᠷ ᠬᠤᠭᠤᠷᠣᠨᠳᠤ ᠪᠠᠨ ᠵᠡᠮᠳᠡᠭ ᠣᠶᠤᠲᠠᠳ ᠤᠨ ᠮᠡᠳᠡᠭᠡ ᠵᠠᠩᠭᠢ ᠶᠢ ᠰᠣᠯᠢᠯᠴᠠᠬᠤ | ᠲᠣᠭᠲᠠᠴᠠ ᠶᠢ ᠪᠠᠶᠢᠭᠤᠯᠵᠤ᠂ ᠪᠥᠬᠦ ᠣᠷᠣᠨ ᠤ ᠰᠤᠷᠭᠠᠭᠤᠯᠢ ᠳᠤ ᠪᠠᠶᠢᠭ᠎ᠠ ᠵᠡᠮᠳᠡᠭ ᠣᠶᠤᠲᠠᠳ ᠤᠨ ᠲᠤᠭ᠎ᠠ | ᠪᠠᠷᠢᠮᠲᠠ ᠶᠢ ᠣᠨᠣᠪᠴᠢᠲᠠᠶ ᠡᠵᠡᠮᠰᠢᠨ᠂ ︽ᠨᠢᠭᠡ ᠬᠥᠮᠥᠨ ᠳᠤ ᠨᠢᠭᠡ ᠪᠣᠳᠣᠯᠭ᠎ᠠ ᠬᠡᠷᠡᠭᠵᠢᠭᠦᠯᠬᠦ︾ ᠠᠵᠢᠯ ᠣᠯᠭᠤᠬᠤ | ᠦᠢᠯᠡᠴᠢᠯᠡᠭᠡᠨ ᠤ ᠡᠬᠡ ᠲᠠᠩᠰᠠ ᠶᠢ ᠪᠠᠶᠢᠭᠤᠯᠵᠤ᠂ ︽ᠨᠢᠭᠡ ᠳᠤ ᠨᠢᠭᠡ ᠶᠢ ᠴᠢᠭᠯᠡᠬᠦᠯᠬᠦ︾ ᠣᠨᠣᠴᠠᠲᠠᠢ | ᠦᠢᠯᠡᠴᠢᠯᠡᠭᠡᠨ ᠢ ᠥᠷᠨᠢᠭᠦᠯᠬᠦ ᠬᠡᠷᠡᠭᠲᠡᠢ᠃ ᠲᠣᠮᠣ ᠳ᠋ᠠᠶᠢᠲ᠋ᠠ ᠶᠢᠨ ᠲᠠᠪᠴᠠᠩ ᠳᠤ ᠲᠦᠰᠢᠭᠯᠡᠨ ᠠᠵᠤ ᠠᠬᠤᠶᠢᠯᠠᠯ ᠪᠠ | ᠵᠡᠮᠳᠡᠭ ᠣᠶᠤᠲᠠᠳ ᠲᠤ ᠮᠡᠳᠡᠭᠡ ᠵᠠᠩᠭᠢ ᠶᠢ ᠬᠠᠮᠲᠤ ᠳᠤ ᠪᠠᠨ ᠭᠥᠷᠳᠡᠬᠦ ᠲᠣᠭᠲᠠᠴᠠ ᠶᠢ ᠪᠠᠶᠢᠭᠤᠯᠤᠨ ᠥᠭᠴᠦ᠂ | ᠬᠥᠮᠥᠨ ᠬᠡᠷᠡᠭᠯᠡᠬᠦ ᠨᠢᠭᠡᠴᠢ ᠬᠢᠭᠡᠳ ᠵᠡᠮᠳᠡᠭ ᠣᠶᠤᠲᠠᠳ ᠤᠨ ᠬᠤᠭᠤᠷᠣᠨᠳᠣᠬᠢ ᠮᠡᠳᠡᠭᠡ ᠵᠠᠩᠭᠢ ᠨᠡᠪᠲᠡᠷᠡᠯᠴᠡᠬᠦ ᠵᠠᠮ | ᠮᠥᠷ ᠢ ᠨᠢ ᠰᠢᠯᠤᠭᠤᠳᠬᠠᠬᠤ ᠬᠡᠷᠡᠭᠲᠡᠢ᠃ ᠵᠡᠮᠳᠡᠭ ᠣᠶᠤᠲᠠᠳ ᠲᠤ ᠠᠵᠢᠯ ᠣᠯᠭᠤᠯᠲᠠ ᠶᠢᠨ ᠵᠢᠯᠣᠭᠤᠳᠤᠯᠭ᠎ᠠ᠂ | ᠠᠵᠢᠯ ᠤᠨ ᠪᠠᠶᠢᠷᠢ ᠶᠢᠨ ᠲᠠᠨᠢᠯᠴᠠᠭᠤᠯᠭ᠎ᠠ᠂ ᠤᠷ᠎ᠠ ᠮᠡᠷᠭᠡᠵᠢᠯ ᠤᠨ ᠪᠣᠯᠪᠠᠰᠤᠷᠠᠯ ᠪᠠ ᠲᠤᠰᠬᠠᠢ ᠲᠠᠯᠠᠪᠤᠷ ᠤᠨ | ᠠᠵᠢᠯᠲᠠᠨ ᠤᠷᠢᠬᠤ ᠠᠵᠢᠯᠯᠠᠭ᠎ᠠ ᠵᠡᠷᠭᠡ ᠬᠠᠨᠳᠤᠯᠭᠠᠲᠤ ᠴᠢᠨᠠᠷᠲᠠᠢ ᠦᠢᠯᠡᠴᠢᠯᠡᠭᠡ ᠶᠢ ᠥᠷᠨᠢᠭᠦᠯᠬᠦ ᠬᠡᠷᠡᠭᠲᠡᠢ᠃ ︵ | ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ᠂ ᠬᠥᠮᠥᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠲᠢᠩᠬᠢᠮ᠂ ᠵᠡᠮᠳᠡᠭᠴᠦᠳ ᠤᠨ ᠬᠤᠯᠪᠣᠭᠠᠲᠤ ᠬᠤᠷᠠᠯ ᠠᠵᠢᠯ ᠤᠨ ᠬᠤᠪᠢᠶᠠᠷᠢᠯᠠᠯ | ᠶᠣᠰᠣᠭᠠᠷ ᠬᠠᠷᠢᠭᠤᠴᠠᠨ᠎ᠠ︶ | ︵ᠨᠠᠢᠮᠠ︶ ᠰᠣᠬᠤᠷ ᠬᠥᠮᠥᠨ ᠤ ᠢᠯᠢᠯᠭᠡ ᠪᠠᠷ ᠠᠵᠢᠯ ᠣᠯᠭᠤᠯᠲᠠ ᠶᠢ ᠠᠬᠢᠭᠤᠯᠬᠤ ᠠᠵᠢᠯᠯᠠᠭᠠᠨ ᠢ | ᠬᠡᠷᠡᠭᠵᠢᠭᠦᠯᠦᠨ᠎ᠡ᠃ ᠥᠪᠥᠷ ᠮᠣᠩᠭᠤᠯ ᠤᠨ ᠰᠣᠬᠤᠷ ᠬᠥᠮᠥᠨ ᠤ ᠢᠯᠢᠯᠭᠡ ᠶᠢᠨ ᠡᠮᠨᠡᠯᠭᠡ ᠵᠢᠨᠬᠤᠷᠢᠶᠠᠨ ᠤ | ᠪᠠᠶᠢᠭᠤᠯᠤᠯᠲᠠ ᠶᠢ ᠲᠦᠷᠭᠡᠳᠬᠡᠨ ᠠᠬᠢᠭᠤᠯᠤᠨ᠎ᠠ᠃ ᠣᠲᠣ ᠶᠢᠨ ᠬᠡᠷᠡᠭᠵᠢᠭᠦᠯᠵᠦ ᠪᠠᠶᠢᠭ᠎ᠠ ᠲᠥᠷᠥ ᠶᠢᠨ ᠪᠣᠳᠣᠯᠭ᠎ᠠ ᠶᠢᠨ | ᠵᠥᠪᠰᠢᠶᠡᠷᠡᠬᠦ ᠬᠡᠪᠴᠢᠶᠡᠨ ᠳᠤ ᠰᠣᠬᠤᠷ ᠬᠥᠮᠥᠨ ᠤ ᠢᠯᠢᠯᠭᠡ ᠶᠢᠨ ᠪᠠᠶᠢᠭᠤᠯᠤᠮᠵᠢ ︵ᠡᠮᠴᠢᠯᠡᠭᠡᠨ ᠤ ᠪᠤᠰᠤ | ᠪᠠᠶᠢᠭᠤᠯᠤᠮᠵᠢ︶ ᠡᠷᠭᠢᠯᠡᠬᠦ ᠬᠢᠵᠠᠭᠠᠷᠯᠠᠯ ᠢ ᠨᠢ ᠪᠠᠭᠠᠰᠬᠠᠬᠤ ᠬᠡᠷᠡᠭᠲᠡᠢ᠃ ᠰᠣᠬᠤᠷ ᠬᠥᠮᠥᠨ ᠤ ᠡᠮᠴᠢᠯᠡᠭᠡᠨ ᠤ | ᠢᠯᠢᠯᠭᠡ ᠶᠢᠨ ᠠᠵᠢᠯᠲᠠᠳ ᠤᠨ ᠡᠮᠴᠢᠯᠡᠭᠡᠨ ᠤ ᠢᠯᠢᠯᠭᠡ ᠶᠢᠨ ᠭᠠᠵᠠᠷ ᠡᠷᠬᠢᠯᠡᠬᠦ ᠶᠢ ᠲᠡᠮᠵᠢᠨ᠎ᠡ᠃ ᠨᠡᠶᠢᠭᠡᠮ ᠤᠨ | ᠬᠦᠴᠦᠨ ᠢ ᠳᠠᠲᠡᠨ ᠣᠷᠣᠭᠤᠯᠵᠤ᠂ ᠡᠯ᠎ᠡ ᠭᠠᠵᠠᠷ ᠣᠷᠣᠨ ᠤ ᠰᠣᠬᠤᠷ ᠬᠥᠮᠥᠨ ᠤ ᠢᠯᠢᠯᠭᠡ ᠶᠢᠨ ᠪᠠᠶᠢᠭᠤᠯᠤᠮᠵᠢ ᠶᠢᠨ | ᠡᠬᠢ ᠪᠠᠶᠠᠯᠢᠭ ᠢ ᠡᠮᠬᠢᠯᠡᠨ ᠨᠡᠶᠢᠯᠡᠭᠦᠯᠵᠦ᠂ ᠰᠣᠬᠤᠷ ᠬᠥᠮᠥᠨ ᠤ ᠢᠯᠢᠯᠭᠡ ᠶᠢᠨ ᠨᠡᠷᠡᠳᠦ ᠲᠡᠮᠳᠡᠭ ᠢ ᠡᠭᠦᠳᠦᠨ᠂ ᠰᠣᠬᠤᠷ | ᠬᠥᠮᠥᠨ ᠤ ᠢᠯᠢᠯᠭᠡ ᠶᠢᠨ ᠠᠵᠢᠯ ᠲᠦᠷᠦᠯ ᠤᠨ ᠡᠷᠡᠭᠦᠯ ᠬᠥᠭᠵᠢᠯᠲᠡ ᠶᠢ ᠠᠬᠢᠭᠤᠯᠬᠤ ᠬᠡᠷᠡᠭᠲᠡᠢ᠃ ᠡᠯ᠎ᠡ ᠭᠠᠵᠠᠷ | ᠣᠷᠣᠨ ᠨᠢ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠤᠨ ᠬᠦᠨᠳᠦ ᠨᠣᠴᠢᠲᠠᠢ | ᠨᠥᠯᠥᠭᠡᠯᠡᠯ ᠢ ᠢᠳᠡᠪᠬᠢᠲᠡᠢ ᠠᠷᠭᠠᠴᠠᠭᠠᠵᠤ᠂ ᠠᠷᠭ᠎ᠠ ᠬᠡᠮᠵᠢᠶ᠎ᠡ ᠠᠪᠴᠤ ᠪᠠᠶᠢᠭᠠᠳ ᠰᠣᠬᠤᠷ ᠬᠥᠮᠥᠨ ᠤ ᠢᠯᠢᠯᠭᠡ ᠶᠢᠨ | ᠪᠠᠶᠢᠭᠤᠯᠤᠮᠵᠢ ᠶᠢᠨ ᠬᠥᠭᠵᠢᠯᠲᠡ ᠶᠢ ᠲᠡᠳᠬᠦᠬᠦ ᠬᠡᠷᠡᠭᠲᠡᠢ᠃ ᠡᠮᠴᠢᠯᠡᠭᠡᠨ ᠤ ᠪᠠᠲᠤᠯᠠᠭ᠎ᠠ ᠶᠢᠨ ᠰᠠᠯᠠᠭ᠎ᠠ ᠮᠥᠴᠢᠷ ᠨᠢ | ᠨᠥᠬᠦᠴᠡᠯ ᠳᠤ ᠨᠡᠶᠢᠴᠡᠬᠦ ᠰᠣᠬᠤᠷ ᠬᠥᠮᠥᠨ ᠤ ᠡᠮᠴᠢᠯᠡᠭᠡᠨ ᠤ ᠢᠯᠢᠯᠭᠡ ᠶᠢᠨ ᠪᠠᠶᠢᠭᠤᠯᠤᠮᠵᠢ ᠶᠢ ᠴᠠᠭ ᠲᠤᠬᠠᠢ ᠳᠤ ᠨᠢ | ᠡᠮᠴᠢᠯᠡᠭᠡᠨ ᠤ ᠳᠠᠭᠠᠳᠬᠠᠯ ᠤᠨ ᠲᠣᠭᠲᠠᠭᠰᠠᠨ ᠴᠡᠭ ᠤᠨ ᠬᠡᠪᠴᠢᠶᠡᠨ ᠳᠤ ᠣᠷᠣᠭᠤᠯᠬᠤ ᠬᠡᠷᠡᠭᠲᠡᠢ ᠃ ᠰᠣᠬᠤᠷ | ᠬᠥᠮᠥᠰ ᠤᠨ ᠰᠣᠶᠣᠯ ᠤᠷᠠᠯᠢᠭ᠂ ᠰᠡᠳᠬᠢᠴᠡ ᠶᠢᠨ ᠡᠷᠡᠭᠦᠯ ᠬᠠᠮᠠᠭᠠᠯᠠᠯ ᠪᠠ ᠮᠡᠳᠡᠭᠡ ᠵᠠᠩᠭᠢᠴᠢᠯᠠᠯᠲᠠ ᠶᠢᠨ ᠬᠡᠷᠡᠭᠯᠡᠭᠡᠨ | ᠵᠡᠷᠭᠡ ᠬᠦᠷᠢᠶᠡᠨ ᠳᠤ ᠠᠵᠢᠯ ᠣᠯᠬᠤ ᠶᠢ ᠲᠡᠮᠵᠢᠬᠦ ᠬᠡᠷᠡᠭᠲᠡᠢ᠃ ︵ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ | ᠪᠠ ᠥᠭᠡᠷᠡᠴᠢᠯᠡᠯᠲᠡ ᠶᠢᠨ ᠵᠥᠪᠯᠡᠯ᠂ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠡᠮᠴᠢᠯᠡᠭᠡᠨ ᠤ | ᠳᠠᠭᠠᠳᠬᠠᠯ ᠤᠨ ᠲᠣᠪᠴᠢᠶ᠎ᠠ᠂ ᠵᠡᠮᠳᠡᠭᠴᠦᠳ ᠤᠨ ᠬᠤᠯᠪᠣᠭᠠᠲᠤ ᠬᠤᠷᠠᠯ ᠠᠵᠢᠯ ᠤᠨ ᠬᠤᠪᠢᠶᠠᠷᠢᠯᠠᠯ ᠶᠣᠰᠣᠭᠠᠷ | ᠬᠠᠷᠢᠭᠤᠴᠠᠨ᠎ᠠ︶ | ︵ᠶᠢᠰᠦ︶ ᠵᠡᠮᠳᠡᠭᠴᠦᠳ ᠲᠤ ᠠᠵᠢᠯ ᠣᠯᠭᠤᠬᠤ ᠦᠢᠯᠡᠴᠢᠯᠡᠭᠡ ᠶᠢ ᠳᠡᠭᠡᠭᠰᠢᠯᠡᠭᠦᠯᠬᠦ ᠠᠵᠢᠯᠯᠠᠭᠠᠨ ᠢ | ᠬᠡᠷᠡᠭᠵᠢᠭᠦᠯᠦᠨ᠎ᠡ᠃ ᠡᠯ᠎ᠡ ᠱᠠᠲᠤᠨ ᠤ ᠵᠡᠮᠳᠡᠭᠴᠦᠳ ᠤᠨ ᠬᠤᠯᠪᠣᠭᠠᠲᠤ ᠬᠤᠷᠠᠯ ᠨᠢ ︽ᠳᠥᠷᠪᠡᠨ ᠨᠢᠭᠡ︾ ᠠᠵᠢᠯ | ᠣᠯᠭᠤᠬᠤ ᠦᠢᠯᠡᠴᠢᠯᠡᠭᠡᠨ ᠢ ᠵᠣᠬᠢᠶᠠᠨ ᠪᠠᠶᠢᠭᠤᠯᠤᠨ ᠥᠷᠨᠢᠭᠦᠯᠵᠦ᠂ ᠠᠵᠢᠯ ᠣᠯᠬᠤ ᠨᠠᠰᠤᠨ ᠳᠤ ᠪᠠᠨ ᠠᠵᠢᠯ | ᠣᠯᠣᠭᠠᠳᠤᠢ ᠵᠡᠮᠳᠡᠭᠴᠦᠳ ᠲᠤ ᠨᠠᠭᠠᠲᠤ ᠵᠠᠬ᠎ᠠ ᠳᠤ ᠪᠠᠨ ᠨᠢᠭᠡ ᠤᠳᠠᠭᠠᠨ ᠤ ᠰᠠᠭᠤᠷᠢ ᠮᠡᠳᠡᠭᠡ ᠵᠠᠩᠭᠢ ᠶᠢᠨ | ᠬᠠᠷᠭᠤᠭᠤᠯᠤᠯᠲᠠ ᠬᠢᠵᠦ᠂ ᠨᠢᠭᠡ ᠤᠳᠠᠭᠠᠨ ᠤ ᠠᠵᠢᠯ ᠮᠡᠷᠭᠡᠵᠢᠯ ᠤᠨ ᠴᠢᠳᠠᠪᠤᠷᠢ ᠶᠢᠨ ᠦᠨᠡᠯᠡᠨ ᠵᠢᠱᠢᠯᠲᠡ | ᠥᠷᠨᠢᠭᠦᠯᠵᠦ᠂ ᠨᠢᠭᠡ ᠤᠳᠠᠭᠠᠨ ᠤ ᠠᠵᠢᠯ ᠣᠯᠬᠤ ᠬᠡᠷᠡᠭᠴᠡᠭᠡ ᠱᠠᠭᠠᠷᠳᠠᠯᠭ᠎ᠠ ᠶᠢᠨ ᠪᠦᠷᠢᠳᠬᠡᠨ ᠳᠠᠩᠰᠠᠯᠠᠯᠲᠠ ᠬᠢᠵᠦ᠂ | ᠨᠢᠭᠡ ᠤᠳᠠᠭᠠᠨ ᠤ ᠠᠵᠢᠯ ᠣᠯᠭᠤᠬᠤ ᠦᠢᠯᠡᠴᠢᠯᠡᠭᠡᠨ ᠢ ᠥᠷᠨᠢᠭᠦᠯᠬᠦ ᠬᠡᠷᠡᠭᠲᠡᠢ᠃ ᠵᠡᠮᠳᠡᠭᠴᠦᠳ ᠲᠤ ᠠᠵᠢᠯ | ᠣᠯᠭᠤᠬᠤ ᠲᠠᠯ᠎ᠠ ᠪᠠᠷ ᠬᠢ ᠬᠠᠪᠰᠤᠷᠤᠨ ᠵᠢᠯᠣᠭᠤᠳᠤᠭᠴᠢ ᠶᠢᠨ ᠡᠩᠨᠡᠭᠡᠨ ᠤ ᠠᠵᠢᠯ ᠤᠨ ᠬᠠᠮᠢᠶᠠᠷᠤᠯᠲᠠ ᠶᠢᠨ | ᠲᠣᠭᠲᠠᠴᠠ ᠶᠢ ᠪᠦᠷᠢᠨᠰᠢᠭᠦᠯᠵᠦ᠂ ᠬᠤᠰᠢᠭᠤ ᠰᠢᠶᠠᠨ ᠤ ᠱᠠᠲᠤᠨ ᠠᠴᠠ ᠳᠡᠭᠡᠭᠰᠢᠬᠢ ᠵᠡᠮᠳᠡᠭᠴᠦᠳ ᠲᠤ ᠠᠵᠢᠯ | ᠣᠯᠭᠤᠬᠤ ᠦᠢᠯᠡᠴᠢᠯᠡᠭᠡᠨ ᠤ ᠪᠠᠶᠢᠭᠤᠯᠤᠮᠵᠢ ᠨᠢ ᠵᠢᠷᠣᠮᠵᠢᠨᠨᠰᠠᠨ ᠪᠠᠶᠢᠭᠤᠯᠤᠯᠲᠠ ᠪᠠᠨ ᠪᠡᠶᠡᠯᠡᠭᠦᠯᠬᠦ ᠬᠡᠷᠡᠭᠲᠡᠢ ᠃ ᠡᠯ᠎ᠡ | ᠲᠥᠷᠥᠯ ᠤᠨ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠤᠷᠤᠯᠳᠤᠭᠠᠨ᠂ ᠠᠵᠢᠯ ᠣᠯᠭᠤᠵᠤ ᠦᠢᠯᠡᠰ | ᠴᠣᠭᠴᠠᠯᠠᠬᠤ ᠪᠦᠲᠦᠭᠡᠯᠴᠢ ᠰᠡᠳᠬᠢᠮᠵᠢ ᠶᠢᠨ ᠤᠷᠤᠯᠳᠤᠭᠠᠨ ᠪᠠ ᠰᠣᠯᠢᠯᠴᠠᠭᠠᠨ ᠤ ᠠᠵᠢᠯᠯᠠᠭ᠎ᠠ ᠶᠢ ᠥᠷᠨᠢᠭᠦᠯᠵᠦ᠂ | ᠨᠢᠭᠡ ᠪᠦᠯᠦᠭ ᠲᠤᠰᠬᠠᠶᠢᠵᠢᠭᠰᠠᠨ ᠬᠢᠷᠢ ᠬᠡᠮᠵᠢᠶ᠎ᠡ ᠥᠨᠳᠥᠷ᠂ ᠦᠢᠯᠡᠴᠢᠯᠡᠬᠦ ᠴᠢᠳᠠᠪᠤᠷᠢ ᠰᠠᠶᠢᠲᠠᠢ ᠵᠡᠮᠳᠡᠭᠴᠦᠳ ᠢ | ᠲᠤᠰᠠᠯᠠᠬᠤ ᠨᠡᠶᠢᠭᠡᠮ ᠤᠨ ᠪᠠᠶᠢᠭᠤᠯᠤᠮᠵᠢ ᠶᠢ ᠪᠣᠶᠢᠵᠢᠭᠤᠯᠵᠤ᠂ ᠵᠡᠮᠳᠡᠭᠴᠦᠳ ᠲᠤ ᠠᠵᠢᠯ ᠣᠯᠭᠤᠵᠤ ᠦᠢᠯᠡᠰ | ᠴᠣᠭᠴᠠᠯᠠᠬᠤ ᠲᠠᠯ᠎ᠠ ᠪᠠᠷ ᠬᠢ ᠨᠢᠭᠡ ᠪᠦᠯᠦᠭ ᠵᠢᠷᠤᠮᠯᠠᠨ ᠳᠠᠭᠤᠷᠢᠶᠠᠵᠤ ᠪᠣᠯᠬᠤᠶᠢᠴᠠ ᠳᠡᠯᠭᠡᠷᠡᠭᠦᠯᠬᠦ ᠳᠤ ᠬᠢᠯᠪᠠᠷ | ᠲᠥᠷᠥᠯ ᠵᠦᠢᠯ ᠢ ᠰᠣᠩᠭᠤᠨ ᠳᠡᠪᠰᠢᠭᠦᠯᠵᠦ᠂ ᠨᠢᠭᠡ ᠪᠦᠯᠦᠭ ᠵᠡᠮᠳᠡᠭᠴᠦᠳ ᠤᠨ ᠤᠷ᠎ᠠ ᠴᠢᠳᠠᠪᠤᠷᠢ ᠶᠢᠨ ᠮᠠᠰᠲ᠋ᠧᠷ ᠪᠠ | ᠪᠣᠳᠠᠰ ᠤᠨ ᠪᠤᠰᠤ ᠰᠣᠶᠣᠯ ᠤᠨ ᠥᠪ ᠤᠨ ᠠᠵᠢᠯ ᠤᠨ ᠲᠠᠰᠤᠭ ᠢ ᠲᠡᠳᠬᠦᠬᠦ ᠬᠡᠷᠡᠭᠲᠡᠢ᠃ ︵ᠥᠪᠡᠷᠲᠡᠭᠡᠨ ᠵᠠᠰᠠᠬᠤ | ᠣᠷᠣᠨ ᠤ ᠵᠡᠮᠳᠡᠭᠴᠦᠳ ᠤᠨ ᠬᠤᠯᠪᠣᠭᠠᠲᠤ ᠬᠤᠷᠠᠯ᠂ ᠠᠵᠢᠯᠴᠢᠨ ᠤ ᠶᠡᠷᠦᠩᠬᠡᠢ ᠡᠪᠯᠡᠯ᠂ ᠡᠪᠯᠡᠯ ᠤᠨ ᠬᠤᠷᠢᠶ᠎ᠠ᠂ | ᠡᠮᠡᠭᠲᠡᠶᠢᠴᠦᠳ ᠤᠨ ᠬᠤᠯᠪᠣᠭᠠᠲᠤ ᠬᠤᠷᠠᠯ᠂ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ | ᠪᠠᠲᠤᠯᠠᠭ᠎ᠠ ᠶᠢᠨ ᠲᠢᠩᠬᠢᠮ ᠠᠵᠢᠯ ᠤᠨ ᠬᠤᠪᠢᠶᠠᠷᠢᠯᠠᠯ ᠶᠣᠰᠣᠭᠠᠷ ᠬᠠᠷᠢᠭᠤᠴᠠᠨ᠎ᠠ︶ | ︵ᠠᠷᠪᠠ︶ ᠵᠡᠮᠳᠡᠭᠴᠦᠳ ᠤᠨ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠠᠵᠢᠯᠯᠠᠭᠠᠨ ᠢ | ᠬᠡᠷᠡᠭᠵᠢᠭᠦᠯᠦᠨ᠎ᠡ᠃ ᠵᠡᠮᠳᠡᠭᠴᠦᠳ ᠲᠤ ᠪᠣᠯᠪᠠᠰᠤᠷᠠᠯ ᠬᠢᠬᠦ ᠡᠷᠴᠢᠮ ᠢᠶᠠᠨ ᠴᠢᠩᠭᠠᠷᠠᠭᠤᠯᠵᠤ᠂ ᠠᠵᠢᠯ ᠣᠯᠬᠤ ᠬᠦᠰᠡᠯ | ᠪᠠ ᠪᠣᠯᠪᠠᠰᠤᠷᠠᠯ ᠭᠦᠷᠲᠡᠬᠦ ᠬᠡᠷᠡᠭᠴᠡᠭᠡ ᠱᠠᠭᠠᠷᠳᠠᠯᠭ᠎ᠠ ᠲᠠᠢ ᠵᠡᠮᠳᠡᠭᠴᠦᠳ ᠢ ᠬᠠᠪᠰᠤᠷᠴᠤ ᠪᠠᠶᠢᠭᠠᠳ ᠵᠣᠬᠢᠬᠤ ᠠᠵᠢᠯ | ᠣᠯᠵᠤ ᠦᠢᠯᠡᠰ ᠴᠣᠭᠴᠠᠯᠠᠬᠤ ᠤᠷ᠎ᠠ ᠴᠢᠳᠠᠪᠤᠷᠢ ᠶᠢᠨ ᠪᠣᠯᠪᠠᠰᠤᠷᠠᠯ ᠢ ᠨᠡᠶᠢᠳᠡᠮ ᠬᠦᠷᠲᠡᠭᠡᠬᠦ ᠬᠡᠷᠡᠭᠲᠡᠢ᠃ ᠣᠯᠠᠨ | ᠨᠡᠶᠢᠲᠡ ᠶᠢᠨ ᠪᠣᠯᠪᠠᠰᠤᠷᠠᠯ ᠤᠨ ᠪᠠᠶᠢᠭᠤᠯᠤᠮᠵᠢ ᠳᠤ ᠲᠦᠰᠢᠭᠯᠡᠨ᠂ ᠵᠡᠮᠳᠡᠭᠴᠦᠳ ᠤᠨ ᠠᠵᠢᠯ ᠮᠡᠷᠭᠡᠵᠢᠯ ᠤᠨ | ᠪᠣᠯᠪᠠᠰᠤᠷᠠᠯ ᠤᠨ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ᠡᠯ᠎ᠡ ᠱᠠᠲᠤᠨ ᠤ | ᠵᠡᠮᠳᠡᠭᠴᠦᠳ ᠤᠨ ᠬᠤᠯᠪᠣᠭᠠᠲᠤ ᠬᠤᠷᠠᠯ ᠨᠢ ᠪᠡᠯᠡ ᠮᠥᠩᠭᠦ ᠪᠠᠨ ᠨᠢᠭᠡᠳᠦᠯᠲᠡᠢ ᠲᠥᠯᠥᠪᠯᠡᠵᠦ ᠪᠠᠶᠢᠭᠠᠳ ᠰᠠᠭᠠᠳ | ᠦᠭᠡᠢ ᠪᠠᠷ ᠥᠭᠡᠷᠡᠴᠢᠯᠡᠬᠦ᠂ ᠪᠡᠯᠡᠳᠬᠡᠮᠵᠢ ᠲᠥᠬᠦᠭᠡᠷᠦᠮᠵᠢ᠂ ᠪᠣᠯᠪᠠᠰᠤᠷᠠᠯ ᠤᠨ ᠵᠠᠷᠤᠳᠠᠯ ᠵᠡᠷᠭᠡ ᠲᠠᠯ᠎ᠠ ᠪᠠᠷ | ᠵᠣᠬᠢᠮᠵᠢᠲᠠᠢ ᠳᠡᠮᠵᠢᠯᠭᠡ ᠦᠵᠡᠬᠦᠯᠬᠦ ᠬᠡᠷᠡᠭᠲᠡᠢ᠃ ᠨᠥᠬᠦᠴᠡᠯ ᠲᠠᠢ ᠥᠪᠡᠷᠲᠡᠭᠡᠨ ᠵᠠᠰᠠᠬᠤ ᠣᠷᠣᠨ ᠤ ᠳᠤᠮᠳᠠ ᠪᠠ | ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠵᠡᠮᠳᠡᠭ ᠰᠣᠷᠣᠭᠴᠢ ᠡᠯᠰᠡᠬᠦ ᠬᠡᠪᠴᠢᠶ᠎ᠡ ᠪᠠᠨ | ᠠᠯᠬᠤᠮ ᠠᠯᠬᠤᠮ ᠢᠶᠠᠷ ᠥᠷᠭᠡᠳᠬᠡᠬᠦ ᠶᠢ ᠨᠢ ᠵᠣᠷᠢᠭᠵᠢᠭᠤᠯᠵᠤ᠂ ᠠᠩᠬ᠎ᠠ ᠪᠠ ᠥᠨᠳᠥᠷ ᠵᠡᠷᠭᠡ ᠶᠢᠨ ᠳᠤᠮᠳᠠᠳᠤ | ᠰᠤᠷᠭᠠᠭᠤᠯᠢ ᠶᠢᠨ ᠰᠣᠶᠣᠯ ᠤᠨ ᠬᠢᠷᠢ ᠬᠡᠮᠵᠢᠶ᠎ᠡ ᠲᠠᠢ ᠵᠡᠮᠳᠡᠭᠴᠦᠳ ᠢ ᠬᠠᠪᠰᠤᠷᠤᠨ ᠳᠤᠮᠳᠠ ᠪᠠ ᠳᠡᠭᠡᠳᠦ ᠵᠡᠷᠭᠡ ᠶᠢᠨ | ᠰᠤᠷᠭᠠᠨ ᠬᠥᠮᠦᠵᠢᠯ ᠬᠦᠷᠲᠡᠭᠡᠵᠦ᠂ ᠲᠣᠭᠲᠠᠭᠠᠯ ᠶᠣᠰᠣᠭᠠᠷ ᠰᠣᠷᠣᠭᠴᠢ ᠶᠢ ᠲᠤᠰᠠᠯᠠᠬᠤ ᠲᠥᠷᠥ ᠶᠢᠨ ᠪᠣᠳᠣᠯᠭ᠎ᠠ ᠶᠢ | ᠬᠦᠷᠲᠡᠭᠡᠬᠦ ᠬᠡᠷᠡᠭᠲᠡᠢ᠃ ︵ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ ᠬᠤᠯᠪᠣᠭᠠᠲᠤ ᠬᠤᠷᠠᠯ᠂ ᠬᠥᠮᠥᠨ ᠤ | ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ᠂ ᠰᠤᠷᠭᠠᠨ ᠬᠥᠮᠦᠵᠢᠯ ᠤᠨ ᠲᠢᠩᠬᠢᠮ | ᠠᠵᠢᠯ ᠤᠨ ᠬᠤᠪᠢᠶᠠᠷᠢᠯᠠᠯ ᠶᠣᠰᠣᠭᠠᠷ ᠬᠠᠷᠢᠭᠤᠴᠠᠨ᠎ᠠ︶ | ᠭᠤᠷᠪᠠ᠂ ᠪᠠᠲᠤᠯᠠᠭ᠎ᠠ ᠶᠢ ᠴᠢᠩᠭᠠᠷᠠᠭᠤᠯᠬᠤ ᠬᠡᠷᠡᠭᠲᠡᠢ | ︵ᠨᠢᠭᠡ︶ ᠵᠣᠬᠢᠶᠠᠨ ᠪᠠᠶᠢᠭᠤᠯᠤᠯᠲᠠ ᠶᠢᠨ ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠢ᠃ ᠥᠪᠡᠷᠲᠡᠭᠡᠨ | ᠵᠠᠰᠠᠬᠤ ᠣᠷᠣᠨ ᠤ ᠵᠡᠮᠳᠡᠭᠴᠦᠳ ᠤᠨ ᠠᠵᠢᠯ ᠤᠨ ᠵᠥᠪᠯᠡᠯ ᠠᠴᠠ ᠲᠦᠷᠦᠭᠦᠯᠡᠵᠦ ᠨᠠᠶᠢᠳᠠᠪᠤᠷᠢᠵᠢᠭᠤᠯᠬᠤ ᠶᠢ | ᠠᠳᠬᠤᠵᠤ᠂ ᠡᠯ᠎ᠡ ᠠᠶᠢᠮᠠᠭ ᠬᠤᠲᠠ ᠶᠢᠨ ᠵᠡᠮᠳᠡᠭᠴᠦᠳ ᠤᠨ ᠠᠵᠢᠯ ᠤᠨ ᠵᠥᠪᠯᠡᠯ ᠨᠢ ᠢᠳᠡᠪᠬᠢᠲᠡᠢ ᠬᠠᠮᠵᠢᠯᠴᠠᠨ᠂ | ᠨᠢᠭᠡᠳᠦᠯᠲᠡᠢ ᠤᠳᠤᠷᠢᠳᠬᠤ᠂ ᠱᠠᠲᠤ ᠬᠤᠪᠢᠶᠠᠨ ᠬᠠᠷᠢᠭᠤᠴᠠᠬᠤ᠂ ᠪᠥᠬᠦ ᠲᠠᠯ᠎ᠠ ᠪᠠᠷ ᠨᠠᠶᠢᠳᠠᠪᠤᠷᠢᠵᠢᠭᠤᠯᠬᠤ | ᠪᠠᠶᠢᠷᠢᠰᠢᠯ ᠢ ᠪᠣᠶ ᠪᠣᠯᠭᠠᠬᠤ ᠬᠡᠷᠡᠭᠲᠡᠢ᠃ ᠮᠠᠨ ᠤ ᠣᠷᠣᠨ ᠤ ᠵᠡᠮᠳᠡᠭᠴᠦᠳ ᠤᠨ ᠠᠵᠢᠯ ᠤᠨ ᠪᠣᠳᠠᠲᠠᠢ ᠲᠠᠢ ᠪᠠᠨ | ᠤᠶᠠᠯᠳᠤᠭᠤᠯᠤᠨ᠂ ᠡᠮᠦᠨ᠎ᠡ ᠳᠤᠷᠠᠳᠤᠭᠰᠠᠨ ᠠᠷᠪᠠᠨ ᠵᠦᠢᠯ ᠤᠨ ᠠᠵᠢᠯᠯᠠᠭᠠᠨ ᠲᠠᠢ ᠬᠠᠷᠭᠤᠭᠤᠯᠵᠤ ᠵᠣᠬᠢᠬᠤ | ᠲᠥᠷᠥ ᠶᠢᠨ ᠪᠣᠳᠣᠯᠭ᠎ᠠ ᠲᠣᠭᠲᠠᠭᠠᠨ ᠨᠡᠶᠢᠲᠡᠯᠡᠬᠦ ᠬᠡᠷᠡᠭᠲᠡᠢ᠃ ᠠᠵᠢᠯ ᠤᠨ ᠨᠠᠷᠢᠨ ᠬᠠᠭᠤᠳᠠᠰᠤ ᠶᠢ ᠵᠢᠭᠰᠠᠭᠠᠵᠤ᠂ | ᠬᠠᠷᠢᠭᠤᠴᠠᠯᠭᠠᠲᠤ ᠰᠠᠯᠠᠭ᠎ᠠ ᠮᠥᠴᠢᠷ᠂ ᠡᠭᠦᠷᠭᠡ ᠬᠠᠷᠠᠯᠲᠠ᠂ ᠪᠡᠶᠡᠯᠡᠭᠦᠯᠬᠦ ᠴᠠᠭ ᠬᠤᠭᠤᠴᠠᠭ᠎ᠠ ᠪᠠᠨ ᠲᠣᠳᠣᠷᠬᠠᠶᠢᠯᠠᠬᠤ | ᠬᠡᠷᠡᠭᠲᠡᠢ᠃ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠨᠢ ᠲᠤᠰ ᠲᠤᠰ ᠤᠨ ᠬᠠᠷᠢᠭᠤᠴᠠᠯᠭ᠎ᠠ ᠪᠠᠨ ᠡᠭᠦᠷᠭᠡᠯᠡᠨ᠂ | ᠵᠣᠬᠢᠴᠠᠯᠳᠤᠨ ᠬᠠᠮᠵᠢᠯᠴᠠᠵᠤ᠂ ᠨᠡᠶᠢᠯᠡᠮᠡᠯ ᠬᠦᠴᠦᠨ ᠢ ᠪᠤᠢ ᠪᠣᠯᠭᠠᠨ᠂ ᠵᠡᠮᠳᠡᠭᠴᠦᠳ ᠲᠤ ᠠᠵᠢᠯ ᠣᠯᠭᠤᠬᠤ ᠠᠵᠢᠯ ᠢ | ᠢᠳᠡᠪᠬᠢᠲᠡᠢ ᠪᠠᠷ ᠠᠬᠢᠭᠤᠯᠬᠤ ᠬᠡᠷᠡᠭᠲᠡᠢ᠃ | ︵ᠬᠤᠶᠠᠷ︶ ᠲᠥᠷᠥ ᠶᠢᠨ ᠪᠣᠳᠣᠯᠭ᠎ᠠ ᠶᠢᠨ ᠪᠠᠲᠤᠯᠠᠭ᠎ᠠ ᠪᠠᠨ ᠲᠡᠭᠦᠯᠳᠡᠷᠵᠢᠭᠦᠯᠬᠦ ᠬᠡᠷᠡᠭᠲᠡᠢ᠃ | ᠵᠡᠮᠳᠡᠭᠴᠦᠳ ᠲᠤ ᠠᠵᠢᠯ ᠣᠯᠭᠤᠬᠤ ᠶᠢ ᠠᠬᠢᠭᠤᠯᠬᠤ ᠲᠤᠬᠠᠢ ᠤᠯᠤᠰ ᠪᠠ ᠥᠪᠡᠷᠲᠡᠭᠡᠨ ᠵᠠᠰᠠᠬᠤ ᠣᠷᠣᠨ ᠤ | ᠬᠤᠯᠪᠣᠭᠳᠠᠯ ᠪᠦᠬᠦᠢ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ | ︽ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ᠂ ᠤᠯᠤᠰ ᠤᠨ ᠥᠮᠴᠢᠯᠡᠯᠲᠦ ᠠᠵᠤ ᠠᠬᠤᠶᠢᠯᠠᠯ ᠲᠦᠷᠦᠭᠦᠯᠡᠨ | ᠵᠡᠮᠳᠡᠭᠴᠦᠳ ᠢ ᠲᠣᠬᠢᠷᠠᠭᠤᠯᠤᠨ ᠠᠵᠢᠯ ᠣᠯᠭᠤᠬᠤ ᠠᠷᠭ᠎ᠠ︾ ᠶᠢᠨ ᠶᠣᠰᠣᠭᠠᠷ᠂ ᠵᠡᠮᠳᠡᠭᠴᠦᠳ ᠤᠨ ᠡᠯᠰᠡᠨ ᠬᠡᠷᠡᠭᠯᠡᠬᠦ | ︵ᠤᠷᠢᠬᠤ︶ ᠰᠢᠯᠭᠠᠯᠲᠠ ᠳᠤ ᠣᠷᠤᠯᠴᠠᠬᠤ ᠳᠤ ᠵᠦᠢ ᠵᠣᠬᠢᠰᠲᠠᠢ ᠲᠥᠬᠦᠮ ᠦᠵᠡᠭᠦᠯᠵᠦ᠂ ᠵᠡᠮᠳᠡᠭᠴᠦᠳ ᠤᠨ | ᠠᠵᠢᠯ ᠤᠨ ᠪᠠᠶᠢᠷᠢ ᠳᠤ ᠭᠠᠷᠬᠤ ᠪᠡᠶ᠎ᠡ ᠶᠢᠨ ᠪᠠᠶᠢᠴᠠᠭᠠᠯᠲᠠ ᠶᠢᠨ ᠠᠷᠭ᠎ᠠ ᠶᠢ ᠵᠦᠢ ᠵᠣᠬᠢᠰᠲᠠᠢ ᠲᠣᠭᠲᠠᠭᠠᠬᠤ ᠬᠡᠷᠡᠭᠲᠡᠢ᠃ | ᠵᠡᠮᠳᠡᠭᠴᠦᠳ ᠲᠤ ᠬᠠᠷᠢᠴᠠᠯ ᠶᠣᠰᠣᠭᠠᠷ ᠠᠵᠢᠯ ᠣᠯᠭᠤᠬᠤ ᠬᠡᠯᠪᠡᠷᠢ ᠳᠤ ᠰᠢᠨ᠎ᠡ ᠶᠢ ᠡᠭᠦᠳᠬᠦ ᠬᠡᠷᠡᠭᠲᠡᠢ᠃ | ᠵᠡᠮᠳᠡᠭᠴᠦᠳ ᠲᠤ ᠠᠵᠢᠯ ᠣᠯᠭᠤᠬᠤ ᠡᠯ᠎ᠡ ᠲᠥᠷᠥᠯ ᠤᠨ ᠦᠢᠯᠡᠴᠢᠯᠡᠭᠡᠨ ᠪᠠ ᠠᠵᠢᠯ ᠮᠡᠷᠭᠡᠵᠢᠯ ᠤᠨ ᠪᠣᠯᠪᠠᠰᠤᠷᠠᠯ ᠢ | ᠥᠷᠭᠡᠨ ᠢᠶᠠᠷ ᠥᠷᠨᠢᠭᠦᠯᠵᠦ᠂ ᠪᠡᠭᠡᠵᠢᠩ ᠥᠪᠥᠷ ᠮᠣᠩᠭᠤᠯ ᠵᠡᠮᠳᠡᠭᠴᠦᠳ ᠲᠤ ᠠᠵᠢᠯ ᠣᠯᠭᠤᠬᠤ ᠬᠠᠮᠵᠢᠯᠴᠠᠭ᠎ᠠ ᠪᠠᠨ | ᠴᠢᠩᠭᠠᠳᠬᠠᠬᠤ ᠬᠡᠷᠡᠭᠲᠡᠢ᠃ ᠨᠥᠬᠦᠴᠡᠯ ᠳᠤ ᠨᠡᠶᠢᠴᠡᠭᠰᠡᠨ ᠠᠵᠢᠯ ᠠᠴᠠ ᠪᠣᠯᠵᠤ ᠭᠡᠮᠲᠦᠭᠰᠡᠨ ᠵᠡᠮᠳᠡᠭ ᠠᠵᠢᠯᠲᠠᠨ | ᠠᠵᠢᠯᠴᠢᠨ ᠢ ᠵᠡᠮᠳᠡᠭᠴᠦᠳ ᠲᠤ ᠠᠵᠢᠯ ᠣᠯᠭᠤᠬᠤ ᠦᠢᠯᠡᠴᠢᠯᠡᠭᠡᠨ ᠤ ᠲᠣᠭᠲᠠᠯᠴᠠᠭ᠎ᠠ ᠳᠤ ᠤᠷᠤᠭᠤᠯᠬᠤ ᠬᠡᠷᠡᠭᠲᠡᠢ᠃ | ︵ᠭᠤᠷᠪᠠ︶ ᠰᠠᠭᠤᠷᠢ ᠮᠡᠳᠡᠭᠡ ᠵᠠᠩᠭᠢ ᠶᠢ ᠪᠠᠶᠢᠴᠠᠭᠠᠬᠤ ᠬᠡᠷᠡᠭᠲᠡᠢ᠃ ᠥᠪᠡᠷᠲᠡᠭᠡᠨ ᠵᠠᠰᠠᠬᠤ ᠣᠷᠣᠨ ᠤ | ᠵᠡᠮᠳᠡᠭᠴᠦᠳ ᠤᠨ ᠬᠤᠯᠪᠣᠭᠠᠲᠤ ᠬᠤᠷᠠᠯ ᠢᠶᠠᠷ ᠲᠦᠷᠦᠭᠦᠯᠡᠭᠦᠯᠦᠨ᠂ ᠬᠠᠮᠢᠶ᠎ᠠ ᠪᠦᠬᠦᠢ ᠰᠠᠯᠠᠭ᠎ᠠ ᠮᠥᠴᠢᠷ ᠯᠦᠭᠡ ᠲᠤᠭ᠎ᠠ | ᠪᠠᠷᠢᠮᠲᠠ ᠪᠠᠨ ᠬᠠᠷᠢᠴᠠᠭᠤᠯᠵᠤ᠂ ᠠᠯᠪᠠᠨ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ᠂ ᠤᠯᠤᠰ ᠤᠨ ᠥᠮᠴᠢᠯᠡᠯᠲᠦ | ᠠᠵᠤ ᠠᠬᠤᠶᠢᠯᠠᠯ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠲᠤᠭ᠎ᠠ ᠬᠡᠮᠵᠢᠶ᠎ᠡ᠂ ᠬᠡᠪᠴᠢᠶ᠎ᠡ ᠵᠢᠴᠢ | ᠵᠡᠮᠳᠡᠭᠴᠦᠳ ᠲᠤ ᠠᠵᠢᠯ ᠣᠯᠭᠤᠭᠰᠠᠨ ᠪᠠᠶᠢᠳᠠᠯ ᠢ ᠣᠶᠢᠯᠠᠭᠠᠨ᠂ ᠨᠢᠭᠡ ᠪᠦᠯᠦᠭ ᠬᠥᠮᠥᠨ ᠬᠡᠷᠡᠭᠯᠡᠬᠦ ᠬᠡᠪᠴᠢᠶ᠎ᠡ ᠪᠠᠷ | ᠥᠷᠭᠡᠨ᠂ ᠵᠡᠮᠳᠡᠭᠴᠦᠳ ᠲᠤ ᠠᠵᠢᠯ ᠣᠯᠭᠤᠬᠤ ᠨᠢᠭᠤᠭᠳᠠᠮᠠᠯ ᠬᠦᠴᠦᠨ ᠢᠶᠠᠷ ᠭᠦᠢᠴᠡᠳ ᠬᠥᠮᠥᠨ ᠬᠡᠷᠡᠭᠯᠡᠬᠦ | ᠨᠢᠭᠡᠴᠢ ᠶᠢ ᠰᠣᠩᠭᠤᠵᠤ᠂ ᠠᠵᠢᠯ ᠣᠯᠭᠤᠯᠲᠠ ᠶᠢ ᠠᠬᠢᠭᠤᠯᠬᠤ ᠠᠵᠢᠯᠯᠠᠭᠠᠨ ᠤ ᠭᠤᠣᠯᠳᠠᠯᠭ᠎ᠠ ᠪᠣᠯᠬᠤ ᠡᠲᠡᠭᠡᠳ | ᠪᠣᠯᠭᠠᠬᠤ ᠬᠡᠷᠡᠭᠲᠡᠢ᠃ ᠡᠭᠦᠨ ᠤ ᠬᠠᠮᠲᠤ᠂ ᠡᠯ᠎ᠡ ᠱᠠᠲᠤᠨ ᠤ ᠵᠡᠮᠳᠡᠭᠴᠦᠳ ᠤᠨ ᠬᠤᠯᠪᠣᠭᠠᠲᠤ ᠬᠤᠷᠠᠯ ᠢ ᠵᠣᠬᠢᠶᠠᠨ | ᠪᠠᠶᠢᠭᠤᠯᠤᠨ ᠪᠥᠬᠦ ᠣᠷᠣᠨ ᠤ ᠠᠵᠢᠯ ᠣᠯᠬᠤ ᠨᠠᠰᠤᠨ ᠳᠤ ᠪᠠᠨ ᠠᠵᠢᠯ ᠣᠯᠣᠭᠠᠳᠤᠢ ᠵᠡᠮᠳᠡᠭᠴᠦᠳ ᠤᠨ ᠰᠠᠭᠤᠷᠢ | ᠮᠡᠳᠡᠭᠡ ᠵᠠᠩᠭᠢ ᠶᠢᠨ ᠪᠠᠶᠢᠳᠠᠯ ᠢ ᠣᠶᠢᠯᠠᠭᠠᠨ ᠪᠠᠶᠢᠴᠠᠭᠠᠬᠤ ᠶᠢᠨ ᠬᠠᠮᠲᠤ ᠪᠠᠶᠢᠴᠠᠭᠠᠭᠰᠠᠨ ᠲᠤᠭ᠎ᠠ ᠪᠠᠷᠢᠮᠲᠠ ᠪᠠᠨ | ᠬᠤᠷᠢᠶᠠᠩᠭᠤᠶᠢᠯᠠᠨ ᠵᠠᠳᠠᠯᠵᠤ᠂ ᠠᠵᠢᠯ ᠮᠡᠷᠭᠡᠵᠢᠯ ᠤᠨ ᠴᠢᠳᠠᠪᠤᠷᠢ ᠶᠢ ᠦᠨᠡᠯᠡᠨ ᠵᠢᠱᠢᠬᠦ᠂ ᠠᠵᠢᠯ ᠣᠯᠬᠤ ᠬᠡᠷᠡᠭᠴᠡᠭᠡ | ᠱᠠᠭᠠᠷᠳᠠᠯᠭ᠎ᠠ ᠶᠢ ᠪᠦᠷᠢᠳᠬᠡᠨ ᠳᠠᠩᠰᠠᠯᠠᠬᠤ ᠪᠠ ᠠᠵᠢᠯ ᠣᠯᠭᠤᠬᠤ ᠦᠢᠯᠡᠴᠢᠯᠡᠭᠡ ᠵᠡᠷᠭᠡ ᠠᠵᠢᠯ ᠢ ᠥᠷᠨᠢᠭᠦᠯᠬᠦ | ᠬᠡᠷᠡᠭᠲᠡᠢ᠃ | ︵ᠳᠥᠷᠪᠡ︶ ᠪᠡᠯᠡ ᠮᠥᠩᠭᠦᠨ ᠤ ᠪᠠᠲᠤᠯᠠᠭ᠎ᠠ ᠶᠢ ᠴᠢᠩᠭᠠᠷᠠᠭᠤᠯᠬᠤ ᠬᠡᠷᠡᠭᠲᠡᠢ᠃ ᠵᠡᠮᠳᠡᠭᠴᠦᠳ ᠲᠤ ᠠᠵᠢᠯ | ᠣᠯᠭᠤᠬᠤ ᠪᠣᠯᠪᠠᠰᠤᠷᠠᠯ᠂ ᠠᠵᠢᠯ ᠣᠯᠭᠤᠬᠤ ᠦᠢᠯᠡᠴᠢᠯᠡᠭᠡᠨ᠂ ᠨᠡᠮᠡᠭᠦᠷᠢ ᠥᠭᠴᠦ ᠱᠠᠩᠨᠠᠬᠤ ᠵᠡᠷᠭᠡ ᠬᠠᠮᠢᠶ᠎ᠠ ᠪᠦᠬᠦᠢ | ᠪᠡᠯᠡ ᠮᠥᠩᠭᠦᠨ ᠤ ᠣᠷᠣᠭᠤᠯᠤᠯᠲᠠ ᠶᠢ ᠪᠠᠲᠤᠯᠠᠵᠤ᠂ ᠨᠡᠮᠡᠭᠦᠷᠢ ᠥᠭᠬᠦ ᠪᠠ ᠱᠠᠩᠨᠠᠬᠤ ᠪᠠᠷᠢᠮᠵᠢᠶ᠎ᠠ᠂ ᠨᠥᠬᠦᠴᠡᠯ ᠵᠡᠷᠭᠡ | ᠠᠭᠤᠯᠭ᠎ᠠ ᠶᠢ ᠵᠦᠢ ᠵᠣᠬᠢᠰᠲᠠᠢ ᠲᠣᠭᠲᠠᠭᠠᠬᠤ ᠬᠡᠷᠡᠭᠲᠡᠢ᠃ ᠵᠡᠮᠳᠡᠭᠴᠦᠳ ᠤᠨ ᠠᠵᠢᠯ ᠣᠯᠵᠤ ᠦᠢᠯᠡᠰ | ᠴᠣᠭᠴᠠᠯᠠᠬᠤ ᠶᠢ ᠲᠡᠳᠬᠦᠨ ᠲᠡᠮᠵᠢᠬᠦ ᠡᠯ᠎ᠡ ᠲᠥᠷᠥᠯ ᠤᠨ ᠪᠡᠯᠡ ᠮᠥᠩᠭᠦ ᠶᠢ ᠨᠢᠭᠡᠳᠦᠯᠲᠡᠢ ᠲᠥᠯᠥᠪᠯᠡᠨ ᠰᠠᠶᠢᠲᠤᠷ | ᠬᠡᠷᠡᠭᠯᠡᠵᠦ᠂ ᠰᠣᠯᠪᠢᠴᠠᠭᠤᠯᠤᠨ ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠢ᠃ ᠵᠡᠮᠳᠡᠭᠴᠦᠳ ᠲᠤ ᠠᠵᠢᠯ ᠣᠯᠭᠤᠬᠤ ᠲᠠᠯ᠎ᠠ | ᠪᠠᠷ ᠬᠢ ᠡᠯ᠎ᠡ ᠲᠥᠷᠥᠯ ᠤᠨ ᠬᠠᠪᠰᠤᠷᠤᠨ ᠲᠡᠳᠬᠦᠬᠦ ᠪᠠ ᠪᠣᠯᠪᠠᠰᠤᠷᠠᠯ ᠬᠦᠷᠲᠡᠭᠡᠬᠦ ᠰᠠᠭᠤᠷᠢᠨ ᠭᠠᠵᠠᠷ ᠤᠨ ᠪᠦᠲᠦᠭᠡᠨ | ᠪᠠᠶᠢᠭᠤᠯᠤᠯᠲᠠ ᠶᠢ ᠲᠣᠭᠲᠠᠭᠠᠯ ᠶᠣᠰᠣᠭᠠᠷ ᠲᠡᠳᠬᠦᠬᠦ ᠬᠡᠷᠡᠭᠲᠡᠢ᠃ ᠬᠠᠷᠢᠴᠠᠯ ᠠᠴᠠ ᠳᠠᠪᠠᠭᠤᠯᠵᠤ ᠵᠡᠮᠳᠡᠭᠴᠦᠳ ᠢ | ᠲᠣᠬᠢᠷᠠᠭᠤᠯᠤᠨ ᠠᠵᠢᠯ ᠣᠯᠭᠤᠭᠰᠠᠨ ᠬᠥᠮᠥᠨ ᠬᠡᠷᠡᠭᠯᠡᠬᠦ ᠨᠢᠭᠡᠴᠢ ᠶᠢ ᠱᠠᠩᠨᠠᠨ ᠬᠥᠬᠢᠭᠦᠯᠬᠦ ᠡᠷᠴᠢᠮ ᠢᠶᠠᠨ | ᠴᠢᠩᠭᠠᠷᠠᠭᠤᠯᠬᠤ ᠬᠡᠷᠡᠭᠲᠡᠢ᠃ | ︵ᠲᠠᠪᠤ︶ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠬᠤ ᠬᠡᠷᠡᠭᠲᠡᠢ᠃ ︽ᠵᠡᠮᠳᠡᠭᠴᠦᠳ ᠲᠤ ᠠᠵᠢᠯ | ᠣᠯᠭᠤᠬᠤ ᠤᠬᠠᠭᠤᠯᠭ᠎ᠠ ᠶᠢᠨ ᠣᠨ︾ ᠤ ᠠᠵᠢᠯᠯᠠᠭᠠᠨ ᠲᠠᠢ ᠤᠶᠠᠯᠳᠤᠭᠤᠯᠤᠨ᠂ ᠵᠡᠮᠳᠡᠭᠴᠦᠳ ᠲᠤ ᠠᠵᠢᠯ ᠣᠯᠭᠤᠬᠤ | ᠤᠬᠠᠭᠤᠯᠭ᠎ᠠ ᠶᠢᠨ ᠡᠷᠴᠢᠮ ᠢᠶᠠᠨ ᠨᠡᠮᠡᠭᠳᠡᠭᠦᠯᠬᠦ ᠬᠡᠷᠡᠭᠲᠡᠢ᠃ ᠲᠥᠬᠦᠮ ᠣᠶᠢᠯᠠᠭᠠᠮᠵᠢᠲᠠᠢ᠂ ᠲᠣᠪᠴᠢ ᠠᠪᠰᠠᠷᠬᠠᠨ | ᠥᠰᠥᠭ ᠪᠢᠴᠢᠭ᠂ ᠬᠡᠷᠡᠯ ᠵᠢᠷᠤᠭ᠂ ᠸᠢᠳᠢᠤ᠋ ᠬᠡᠯᠪᠡᠷᠢ ᠪᠠᠷ ᠷᠠᠳᠢᠣ᠋ ᠲᠧᠯᠸᠢᠰ᠂ ᠰᠣᠨᠢᠨ᠂ ᠰᠦᠯᠵᠢᠶ᠎ᠡ ᠪᠠ ᠰᠢᠨ᠎ᠡ | ᠵᠠᠭᠤᠴᠢᠯᠠᠭᠤᠷ ᠤᠨ ᠲᠠᠪᠴᠠᠩ ᠢᠶᠠᠷ ᠳᠠᠮᠵᠢᠭᠤᠯᠤᠨ ᠵᠡᠮᠳᠡᠭᠴᠦᠳ ᠤᠨ ᠠᠵᠢᠯ ᠣᠯᠵᠤ ᠦᠢᠯᠡᠰ ᠴᠣᠭᠴᠠᠯᠠᠬᠤ ᠶᠢ | ᠲᠡᠳᠬᠦᠬᠦ ᠲᠥᠷᠥ ᠶᠢᠨ ᠪᠣᠳᠣᠯᠭ᠎ᠠ ᠶᠢ ᠶᠡᠭᠡ ᠪᠠᠷ ᠤᠬᠠᠭᠤᠯᠵᠤ᠂ ᠬᠥᠮᠥᠨ ᠬᠡᠷᠡᠭᠯᠡᠬᠦ ᠨᠢᠭᠡᠴᠢ ᠶᠢᠨ ᠵᠡᠮᠳᠡᠭᠴᠦᠳ ᠢ | ᠲᠣᠬᠢᠷᠠᠭᠤᠯᠤᠨ ᠠᠵᠢᠯ ᠣᠯᠭᠤᠬᠤ ᠨᠡᠶᠢᠭᠡᠮ ᠤᠨ ᠬᠠᠷᠢᠭᠤᠴᠠᠯᠭ᠎ᠠ ᠪᠠᠨ ᠭᠦᠢᠴᠡᠳᠬᠡᠭᠰᠡᠨ᠂ ᠵᠡᠮᠳᠡᠭᠴᠦᠳ ᠤᠨ | ᠠᠵᠢᠯ ᠣᠯᠵᠤ ᠦᠢᠯᠡᠰ ᠴᠣᠭᠴᠠᠯᠠᠭᠰᠠᠨ ᠨᠡᠶᠢᠲᠡᠯᠢᠭ ᠲᠤᠷᠰᠢᠯᠭ᠎ᠠ ᠵᠡᠷᠭᠡ ᠶᠢ ᠳᠡᠯᠭᠡᠷᠡᠭᠦᠯᠬᠦ ᠬᠡᠷᠡᠭᠲᠡᠢ᠃ | ︵ᠵᠢᠷᠭᠤᠭ᠎ᠠ︶ ᠬᠢᠨᠠᠨ ᠰᠢᠨᠵᠢᠵᠦ ᠦᠨᠡᠯᠡᠨ ᠵᠢᠱᠢᠬᠦ ᠠᠵᠢᠯ ᠢ ᠥᠷᠨᠢᠭᠦᠯᠬᠦ ᠬᠡᠷᠡᠭᠲᠡᠢ᠃ ᠲᠣᠰ ᠲᠥᠰᠥᠯ ᠢ | ᠬᠡᠷᠡᠭᠵᠢᠭᠦᠯᠬᠦ ᠬᠤᠭᠤᠴᠠᠭᠠᠨ ᠳᠤ᠂ ᠥᠪᠡᠷᠲᠡᠭᠡᠨ ᠵᠠᠰᠠᠬᠤ ᠣᠷᠣᠨ ᠠᠴᠠ ᠲᠣᠭᠲᠠᠮᠠᠯ ᠬᠤᠭᠤᠴᠠᠭ᠎ᠠ ᠲᠠᠢ ᠪᠠᠷ | ᠠᠵᠢᠯ ᠤᠨ ᠠᠬᠢᠴᠠ ᠶᠢᠨ ᠪᠠᠶᠢᠳᠠᠯ ᠢ ᠲᠣᠬᠢᠷᠠᠭᠤᠯᠬᠤ ᠬᠡᠷᠡᠭᠲᠡᠢ᠃ ᠡᠯ᠎ᠡ ᠠᠶᠢᠮᠠᠭ ᠬᠤᠳᠠ ᠶᠢᠨ ᠵᠡᠮᠳᠡᠭᠴᠦᠳ ᠤᠨ | ᠠᠵᠢᠯ ᠤᠨ ᠵᠥᠪᠯᠡᠯ ᠨᠢ ᠵᠢᠯ ᠪᠦᠷᠢ ᠶᠢᠨ 11 ᠳ᠋ᠦ᠋ᠭᠡᠷ ᠰᠠᠷ᠎ᠠ ᠶᠢᠨ ᠰᠡᠭᠦᠯᠴᠢ ᠠᠴᠠ ᠡᠮᠦᠨ᠎ᠡ ᠥᠪᠡᠷᠲᠡᠭᠡᠨ ᠵᠠᠰᠠᠬᠤ | ᠣᠷᠣᠨ ᠤ ᠵᠡᠮᠳᠡᠭᠴᠦᠳ ᠤᠨ ᠠᠵᠢᠯ ᠤᠨ ᠵᠥᠪᠯᠡᠯ ᠳᠤ ᠠᠵᠢᠯ ᠢᠶᠠᠨ ᠨᠠᠶᠢᠳᠠᠪᠤᠷᠢᠵᠢᠭᠤᠯᠤᠭᠰᠠᠨ ᠪᠠᠶᠢᠳᠠᠯ ᠢᠶᠠᠨ | ᠮᠡᠳᠡᠬᠦᠯᠬᠦ ᠬᠡᠷᠡᠭᠲᠡᠢ᠃ 2024 ᠣᠨ ᠤ ᠡᠴᠦᠰ ᠲᠤ᠂ ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ | ᠠᠵᠢᠯ ᠤᠨ ᠵᠥᠪᠯᠡᠯ ᠪᠠ ᠬᠤᠯᠪᠣᠭᠳᠠᠯ ᠪᠦᠬᠦᠢ ᠰᠠᠯᠠᠭ᠎ᠠ ᠮᠥᠴᠢᠷ ᠨᠢ ᠲᠥᠰᠥᠯ ᠢ ᠨᠠᠶᠢᠳᠠᠪᠤᠷᠢᠵᠢᠭᠤᠯᠤᠭᠰᠠᠨ | ᠪᠠᠶᠢᠳᠠᠯ ᠳᠤ ᠪᠥᠬᠦ ᠲᠠᠯ᠎ᠠ ᠶᠢᠨ ᠳ᠋ᠦᠩᠨᠡᠯᠲᠡ ᠪᠠ ᠦᠨᠡᠯᠡᠨ ᠵᠢᠱᠢᠯᠲᠡ ᠬᠢᠬᠦ ᠬᠡᠷᠡᠭᠲᠡᠢ᠃ | | | | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠤ ᠠᠯᠪᠠᠨ ᠲᠢᠩᠬᠢᠮ | 2022 ᠣᠨ ᠤ 9 ᠳ᠋ᠦ᠋ᠭᠡᠷ ᠰᠠᠷ᠎ᠠ ᠶᠢᠨ 13 ᠤ ᠡᠳᠦᠷ ᠳᠠᠷᠤᠮᠠᠯᠯᠠᠨ | ᠲᠠᠷᠬᠠᠭᠠᠪᠠ | | | | | |