ᠲᠡᠷᠢᠭᠦᠨ ᠬᠠᠭᠤᠳᠠᠰᠤ   -   ᠰᠢ᠌ᠳᠪᠦᠷᠢᠯᠡᠯᠲᠡ
ᠠᠷᠠᠳ᠎ᠤᠨ ᠴᠠᠭᠳᠠᠭ᠎ᠠ ᠲᠤᠬᠠᠶ ᠵᠢᠨ ᠲᠠᠯᠠᠪᠠᠶ᠎ᠳᠤ ᠬᠠᠶ᠋ᠢᠨ ᠪᠠᠶ᠋ᠢᠴᠠᠭ᠋ᠠᠬᠤ ᠦᠶ᠎ᠡ᠎ᠳᠤ ᠠᠮᠢᠳᠤ ᠪᠤᠳᠠᠰ᠎ᠤᠨ ᠰᠢᠯᠭ᠋ᠠᠨ ᠪᠠᠢ᠌ᠴᠠᠭ᠋ᠠᠬᠤ ᠮᠠᠲ᠋ᠧᠷᠢᠶᠠᠯ᠎ᠤᠨ ᠭᠡᠷᠡᠴᠢ ᠪᠠᠷᠢᠮᠲᠠ ᠵᠢ ᠣᠯᠵᠤ ᠮᠡᠳᠡᠪᠡᠯ ᠶᠠᠭ᠋ᠠᠬᠢᠬᠤ ᠪᠣᠶ?
ᠨᠡᠶ᠋ᠢᠲᠡᠯᠡᠭᠰᠡᠨ ᠴᠠᠭ᠄ 2021-07-28

          ᠠᠷᠠᠳ᠎ᠤᠨ ᠴᠠᠭᠳᠠᠭ᠎ᠠ ᠲᠤᠬᠠᠶ ᠵᠢᠨ ᠲᠠᠯᠠᠪᠠᠶ᠎ᠳᠤ ᠬᠠᠶ᠋ᠢᠨ

          ᠪᠠᠶ᠋ᠢᠴᠠᠭ᠋ᠠᠬᠤ ᠦᠶ᠎ᠡ᠎ᠳᠤ ᠠᠮᠢᠳᠤ ᠪᠤᠳᠠᠰ᠎ᠤᠨ ᠰᠢᠯᠭ᠋ᠠᠨ ᠪᠠᠢ᠌ᠴᠠᠭ᠋ᠠᠬᠤ

          ᠮᠠᠲ᠋ᠧᠷᠢᠶᠠᠯ᠎ᠤᠨ ᠭᠡᠷᠡᠴᠢ ᠪᠠᠷᠢᠮᠲᠠ ᠵᠢ ᠣᠯᠵᠤ ᠮᠡᠳᠡᠪᠡᠯ ᠶᠠᠭ᠋ᠠᠬᠢᠬᠤ ᠪᠣᠶ?
   

     (ᠨᠢᠭᠡ) ᠦᠵᠡᠯ ᠤᠬᠠᠮᠰᠠᠷ ᠵᠶ᠋ᠠᠨ ᠳᠡᠭᠡᠭᠰᠢᠯᠡᠭᠦᠯᠬᠦ᠄ ᠬᠡᠷᠡᠭ ᠬᠢᠭᠰᠡᠨ ᠬᠥᠮᠦᠨ᠎ᠲᠠᠢ ᠬᠦᠷᠦᠯᠴᠡᠭᠰᠡᠨ ᠪᠤᠶᠤ ᠰᠢᠯᠵᠢᠭᠦᠯᠦᠭᠰᠡᠨ᠂ ᠤᠷᠪᠠᠭᠤᠯᠤᠭᠰᠠᠨ ᠪᠣᠯᠤᠯᠴᠠᠭ᠎ᠠ᠎ᠲᠠᠢ ᠡᠳ᠋ ᠪᠣᠳᠠᠰ᠎ᠠᠴᠠ ᠠᠮᠢᠳᠤ ᠪᠣᠳᠠᠰ᠎ᠤᠨ ᠪᠠᠶ᠋ᠢᠴᠠᠭ᠋ᠠᠯᠲᠠ ᠵᠢᠨ ᠮᠠᠲᠸᠷᠢᠶᠠᠯ᠎ᠢ ᠭᠠᠷᠭ᠋ᠠᠨ ᠠᠪᠬᠤ ᠵᠢ ᠠᠩᠬᠠᠷᠬᠤ ᠬᠡᠷᠡᠭᠲᠡᠶ᠃
     (ᠬᠣᠶᠠᠷ) ᠰᠡᠷᠭᠡᠶ᠋ᠢᠯᠡᠨ ᠬᠠᠮᠠᠭ᠋ᠠᠯᠠᠬᠤ ᠵᠢ ᠴᠢᠬᠤᠯᠠᠴᠢᠯᠠᠬᠤ᠄ ᠲᠤᠬᠠᠶ ᠵᠢᠨ ᠲᠠᠯᠠᠪᠠᠢ ᠵᠢᠨ ᠬᠠᠶ᠋ᠢᠨ ᠪᠠᠢ᠌ᠴᠠᠭ᠋ᠠᠯᠳᠠ ᠵᠢᠨ ᠠᠵᠢᠯᠲᠠᠨ ᠰᠢᠯᠭ᠋ᠠᠨ ᠪᠠᠶ᠋ᠢᠴᠠᠭ᠋ᠠᠬᠤ ᠮᠠᠲ᠋ᠧᠷᠢᠶᠠᠯ᠎ᠢ ᠭᠠᠷᠭ᠋ᠠᠨ ᠠᠪᠬᠤ᠎ᠳᠤ᠎ᠪᠠᠨ ᠲᠣᠰ ᠪᠡᠶ᠎ᠡ ᠵᠢᠨ ᠰᠡᠷᠭᠡᠶ᠋ᠢᠯᠡᠨ ᠬᠠᠮᠠᠭ᠋ᠠᠯᠠᠬᠤ ᠵᠢ ᠠᠩᠬᠠᠷᠬᠤ ᠬᠡᠷᠡᠭᠲᠡᠶ᠃ ᠠᠮᠠᠪᠴᠢ᠂ ᠮᠠᠯᠠᠭ᠋ᠠᠶ᠂ ᠪᠡᠭᠡᠯᠡᠶ᠂ ᠱᠠᠬᠠᠶ ᠵᠢᠨ ᠲᠤᠭᠳᠤᠢ᠂ ᠬᠠᠮᠠᠭ᠋ᠠᠯᠠᠬᠤ ᠬᠤᠪᠴᠠᠰᠤ ᠵᠡᠷᠭᠡ ᠬᠠᠮᠠᠭ᠋ᠠᠯᠠᠯᠲᠠ ᠵᠢᠨ ᠬᠡᠷᠡᠭᠰᠡᠯ᠎ᠢ ᠡᠮᠦᠰᠴᠦ ᠵᠡᠭᠦᠬᠦ ᠬᠡᠷᠡᠭᠲᠡᠶ᠃ ᠴᠢᠬᠤᠯᠠ ᠪᠦᠬᠦᠢ ᠰᠡᠷᠭᠡᠶ᠋ᠢᠯᠡᠨ ᠬᠠᠮᠠᠭ᠋ᠠᠯᠠᠬᠤ ᠲᠥᠬᠥᠭᠡᠷᠦᠮᠵᠢ ᠵᠢ ᠬᠡᠷᠡᠭᠯᠡᠵᠦ᠂ ᠨᠢᠭᠡ ᠯᠡ ᠤᠳᠠᠭ᠎ᠠ ᠬᠡᠷᠡᠭᠯᠡᠬᠦ ᠪᠠᠭ᠋ᠠᠵᠢ ᠬᠡᠷᠡᠭᠰᠡᠯ ᠪᠠ ᠬᠣᠷᠣᠭᠳᠠᠯ ᠮᠠᠲ᠋ᠧᠷᠢᠶᠠᠯ᠎ᠢ ᠬᠡᠷᠡᠭᠯᠡᠨ᠎ᠡ᠃
     (ᠭᠤᠷᠪᠠ)   ᠵᠢᠷᠤᠭ ᠳᠦᠷᠰᠦ ᠰᠡᠭᠦᠳᠡᠷᠯᠡᠵᠦ ᠰᠢᠩᠭᠡᠭᠡᠨ ᠠᠪᠬᠤ᠄ ᠰᠢᠯᠭ᠋ᠠᠨ ᠪᠠᠶ᠋ᠢᠴᠠᠭ᠋ᠠᠬᠤ ᠮᠠᠲ᠋ᠧᠷᠢᠶᠠᠯ᠎ᠢ ᠭᠠᠷᠭ᠋ᠠᠨ ᠠᠪᠬᠤ᠎ᠠᠴᠠ ᠡᠮᠦᠨ᠎ᠡ ᠰᠡᠭᠦᠳᠡᠷ ᠲᠠᠲᠠᠬᠤ ᠪᠤᠶᠤ ᠳᠦᠷᠰᠦ ᠰᠢᠩᠭᠡᠭᠡᠬᠦ ᠬᠡᠷᠡᠭᠲᠡᠶ᠃ ᠲᠡᠷᠡᠴᠢᠯᠡᠨ ᠭᠠᠷᠭ᠋ᠠᠨ ᠠᠪᠬᠤ ᠶᠠᠪᠤᠴᠠ ᠵᠢ ᠨᠠᠷᠢᠨ ᠲᠡᠮᠳᠡᠭᠯᠡᠨ᠎ᠡ᠃ ᠰᠢᠯᠭ᠋ᠠᠨ ᠪᠠᠶ᠋ᠢᠴᠠᠭ᠋ᠠᠭᠰᠠᠨ ᠮᠠᠲ᠋ᠧᠷᠢᠶᠠᠯ᠎ᠢ ᠭᠠᠷᠭ᠋ᠠᠨ ᠠᠪᠤᠭᠰᠠᠨ ᠲᠡᠮᠳᠡᠭᠯᠡᠯ ᠬᠢᠭᠡᠳ ᠲᠤᠬᠠᠶ ᠵᠢᠨ ᠲᠠᠯᠠᠪᠠᠢ ᠵᠢᠨ ᠬᠠᠶ᠋ᠢᠨ ᠪᠠᠶ᠋ᠢᠴᠠᠭ᠋ᠠᠭᠰᠠᠨ ᠲᠡᠮᠳᠡᠭᠯᠡᠯ᠎ᠳᠠᠬᠢ ᠰᠢᠯᠭ᠋ᠠᠨ ᠪᠠᠶ᠋ᠢᠴᠠᠭ᠋ᠠᠭᠰᠠᠨ ᠮᠠᠲ᠋ᠧᠷᠢᠶᠠᠯ᠎ᠤᠨ ᠲᠤᠬᠠᠶ ᠳᠦᠷᠰᠦᠯᠡᠨ ᠲᠣᠭ᠋ᠠᠴᠠᠭᠰᠠᠨ᠎ᠨᠢ ᠨᠢᠭᠡᠳᠦᠯᠲᠡᠶ ᠪᠠᠢ᠌ᠬᠤ ᠬᠡᠷᠡᠭᠲᠡᠶ᠃
     (ᠳᠥᠷᠪᠡᠨ) ᠭᠠᠷᠭ᠋ᠠᠨ ᠠᠪᠬᠤ ᠳᠡᠰ ᠳᠠᠷᠠᠭ᠋ᠠᠯᠠᠯ᠄ ᠣᠷᠣᠮ᠎ᠤᠨ ᠪᠣᠳᠠᠰ᠎ᠤᠨ ᠭᠡᠷᠡᠴᠢ ᠵᠢ ᠲᠣᠭᠳᠠᠭ᠋ᠠᠨ ᠭᠠᠷᠭ᠋ᠠᠨ ᠠᠪᠬᠤ ᠥᠶ᠎ᠡ᠎ᠳᠤ᠂ ᠤᠷᠢᠳᠠᠪᠠᠷ ᠬᠣᠬᠢᠷᠠᠭᠰᠠᠨ ᠦᠭᠡᠢ᠂ ᠳᠠᠷᠠᠭ᠎ᠠ᠎ᠨᠢ ᠬᠣᠬᠢᠷᠠᠭᠰᠠᠨ᠂ ᠤᠷᠢᠳ ᠵᠶ᠋ᠠᠷ ᠠᠮᠢᠳᠤ ᠪᠣᠳᠠᠰ᠎ᠤᠨ ᠰᠢᠯᠭ᠋ᠠᠨ ᠪᠠᠶ᠋ᠢᠴᠠᠭ᠋ᠠᠬᠤ ᠮᠠᠲ᠋ᠧᠷᠢᠶᠠᠯ᠂ ᠭᠠᠷ᠎ᠤᠨ ᠣᠷᠣᠮ᠎ᠢ ᠲᠣᠭᠲᠠᠭ᠋ᠠᠨ ᠭᠠᠷᠭ᠋ᠠᠨ ᠠᠪᠴᠤ᠂ ᠳᠠᠷᠠᠭ᠎ᠠ᠎ᠨᠢ ᠪᠤᠰᠤᠳ ᠣᠷᠣᠮ᠎ᠢ ᠦᠯᠡᠳᠡᠭᠡᠨ᠎ᠡ᠃
     (ᠲᠠᠪᠤ) ᠴᠢᠰᠤᠨ᠎ᠤ ᠭᠡᠷᠡᠴᠢ ᠵᠢ ᠭᠠᠷᠭ᠋ᠠᠨ ᠠᠪᠬᠤ᠄ ᠴᠢᠰᠤᠨ ᠣᠷᠣᠮ᠎ᠤᠨ ᠲᠤᠬᠠᠢ᠂ ᠳᠠᠷᠤᠢ ᠬᠤᠪᠴᠠᠰᠤ ᠥᠮᠥᠳᠥ᠂ ᠬᠡᠪᠢᠰ᠂ ᠣᠷᠣ ᠵᠢᠨ ᠪᠦᠲᠡᠭᠡᠯᠭᠡ ᠳᠡᠭᠡᠷᠡᠬᠢ ᠴᠢᠰᠤᠨ ᠣᠷᠣᠮ᠎ᠢ ᠨᠢᠭᠡ ᠬᠡᠰᠡᠭ᠎ᠢ ᠬᠠᠶ᠋ᠢᠴᠢᠯᠠᠵᠤ ᠠᠪᠤᠭ᠋ᠠᠳ᠂ ᠠᠶᠠᠨᠳᠠᠭ᠋ᠠᠨ ᠬᠠᠲᠠᠭ᠋ᠠᠭᠰᠠᠨ᠎ᠤ ᠳᠠᠷᠠᠭ᠎ᠠ ᠴᠠᠭ᠋ᠠᠰᠤᠨ ᠤᠭᠤᠲᠠᠨ᠎ᠳᠤ ᠬᠢᠵᠦ ᠲᠣᠭᠳᠠᠮᠠᠯ ᠳᠤᠯᠠᠭ᠋ᠠᠨ᠎ᠳᠤ ᠬᠠᠳᠠᠭ᠋ᠠᠯᠠᠨ᠎ᠠ᠃ ᠵᠢᠱ᠌ᠢᠶᠡᠯᠡᠪᠡᠯ᠄ ᠠᠪᠳᠠᠷ᠎ᠠ᠂ ᠬᠡᠷᠡᠮ᠂ ᠱᠠᠯᠠ᠂ ᠪᠠᠭ᠋ᠠᠵᠢ ᠬᠡᠷᠡᠭᠰᠡᠯ ᠳᠡᠭᠡᠷᠡᠬᠢ ᠴᠢᠰᠤᠨ ᠣᠷᠣᠮ᠎ᠢ ᠬᠤᠰᠤᠵᠤ ᠠᠪᠴᠤ ᠪᠣᠯᠤᠨ᠎ᠠ᠃ ᠡᠰᠡᠬᠦᠯ᠎ᠡ ᠹᠢᠽᠢᠣᠯᠣᠭᠢ ᠵᠢᠨ ᠳᠠᠪᠤᠰᠤ᠎ᠲᠠᠢ ᠤᠰᠤᠨ᠎ᠳᠤ ᠳᠡᠪᠲᠦᠭᠡᠭᠰᠡᠨ ᠱᠠ ᠪᠥᠰ ᠲᠡᠭᠡᠷ᠎ᠡ ᠨᠠᠭ᠋ᠠᠯᠳᠤᠭᠤᠯᠤᠨ ᠠᠪᠴᠤ ᠠᠶᠠᠨᠳᠠᠭ᠋ᠠᠨ ᠬᠠᠲᠠᠭ᠋ᠠᠭᠰᠠᠨ᠎ᠤ ᠳᠠᠷᠠᠭ᠎ᠠ ᠬᠠᠳᠠᠭ᠋ᠠᠯᠠᠨ᠎ᠠ᠃ ᠰᠢᠪᠠᠷ ᠳᠡᠭᠡᠷᠡᠬᠢ ᠴᠢᠰᠤᠨ ᠣᠷᠣᠮ᠎ᠢ ᠰᠢᠪᠠᠷ ᠰᠢᠷᠣᠶ ᠪᠠ ᠴᠢᠰᠤ ᠵᠢ ᠬᠠᠮᠲᠤ᠎ᠳᠤ᠎ᠨᠢ ᠭᠠᠷᠭ᠋ᠠᠨ ᠠᠪᠴᠤ ᠪᠣᠯᠬᠤ ᠪᠥᠭᠡᠳ ᠬᠠᠵᠠᠭᠤ ᠬᠠᠪᠢ ᠵᠢᠨ ᠴᠢᠰᠤ ᠪᠠᠢ᠌ᠬᠤ ᠦᠭᠡᠢ ᠪᠠᠶ᠋ᠢᠴᠠᠭ᠋ᠠᠯᠲᠠ ᠵᠢᠨ ᠮᠠᠲ᠋ᠧᠷᠢᠶᠠᠯ᠎ᠢ ᠭᠠᠷᠭ᠋ᠠᠨ ᠠᠪᠴᠤ ᠬᠠᠷᠢᠴᠠᠭᠤᠯᠬᠤ ᠶᠠᠩᠵᠤ ᠪᠣᠯᠭ᠋ᠠᠵᠤ ᠪᠣᠯᠤᠨ᠎ᠠ᠃ ᠴᠠᠰᠤᠨ ᠳᠡᠭᠡᠷᠡᠬᠢ ᠴᠢᠰᠤᠨ ᠣᠷᠣᠮ᠎ᠢ ᠱᠠ ᠪᠥᠰ ᠵᠶ᠋ᠠᠷ ᠴᠢᠰᠤᠨ ᠤᠷᠤᠮ ᠪᠠ ᠪᠠᠭ᠎ᠠ ᠬᠡᠮᠵᠢᠶᠡᠨ᠎ᠤ ᠴᠠᠰᠤᠨ ᠮᠥᠬᠥᠯᠢᠭ᠎ᠢ ᠬᠠᠮᠲᠤ᠎ᠳᠤ᠎ᠨᠢ ᠭᠠᠷᠭ᠋ᠠᠨ ᠠᠪᠴᠤ᠂ ᠴᠠᠰᠤᠨ᠎ᠤ ᠮᠥᠬᠥᠯᠢᠭ ᠬᠠᠶ᠋ᠢᠯᠤᠭᠰᠠᠨ᠎ᠤ ᠳᠠᠷᠠᠭ᠋ᠠᠬᠢ ᠴᠢᠰᠤᠨ ᠤᠷᠤᠮ᠎ᠨᠢ ᠱᠠ ᠪᠦᠰ᠎ᠤᠨ ᠳᠡᠭᠡᠷ᠎ᠡ ᠨᠠᠭ᠋ᠠᠯᠳᠤᠳᠠᠭ᠂ ᠬᠠᠲᠠᠭ᠋ᠠᠭᠰᠠᠨ᠎ᠤ ᠳᠠᠷᠠᠭ᠎ᠠ ᠬᠠᠳᠠᠭ᠋ᠠᠯᠠᠨ᠎ᠠ᠃
     (ᠵᠢᠷᠭᠤᠭ᠎ᠠ) ᠦᠰᠦ ᠭᠡᠵᠢᠭᠡ ᠵᠢᠨ ᠭᠡᠷᠡᠴᠢ ᠵᠢ ᠭᠠᠷᠭ᠋ᠠᠨ ᠠᠪᠬᠤ᠄ ᠲᠤᠬᠠᠶ ᠵᠢᠨ ᠲᠠᠯᠠᠪᠠᠶ᠎ᠳᠤ ᠣᠯᠵᠤ ᠮᠡᠳᠡᠭᠰᠡᠨ ᠰᠡᠵᠢᠭᠲᠡᠶ ᠦᠰᠦ ᠬᠡᠵᠢᠭᠡ ᠵᠢ ᠬᠢᠮᠰᠠ᠎ᠪᠠᠷ   ᠬᠠᠪᠴᠢᠨ ᠠᠪᠴᠤ᠂ ᠴᠠᠭ᠋ᠠᠰᠤᠨ ᠤᠭᠤᠲᠠᠨ᠎ᠳᠤ ᠬᠢᠵᠦ ᠲᠤᠭᠳᠠᠮᠠᠯ ᠳᠤᠯᠠᠭ᠋ᠠᠨ ᠵᠶ᠋ᠠᠷ ᠬᠠᠳᠠᠭ᠋ᠠᠯᠠᠨ᠎ᠠ᠃
     (ᠲᠤᠯᠦᠭ᠎ᠠ) ᠣᠷᠣ ᠮᠥᠷ᠎ᠤᠨ ᠭᠡᠷᠡᠴᠢ ᠵᠢ ᠭᠠᠷᠭ᠋ᠠᠨ ᠠᠪᠬᠤ᠄ ᠲᠤᠬᠠᠶ ᠵᠢᠨ ᠲᠠᠯᠠᠪᠤᠷ᠎ᠲᠤ ᠣᠯᠵᠤ ᠮᠡᠳᠡᠭᠰᠡᠨ ᠲᠡᠮᠲᠡᠷᠢᠭᠳᠡᠭᠰᠡᠨ ᠤᠷᠤᠮ᠂ ᠪᠡᠭᠡᠯᠡᠶ ᠵᠢᠨ ᠤᠷᠦᠮ ᠳᠡᠭᠡᠷᠡᠬᠢ ᠠᠮᠢᠳᠤ ᠪᠣᠳᠠᠰ᠎ᠤᠨ ᠪᠠᠶ᠋ᠢᠴᠠᠭ᠋ᠠᠯᠲᠠ ᠵᠢᠨ ᠮᠠᠲ᠋ᠧᠷᠢᠶᠠᠯ᠎ᠢ ᠬᠠᠭᠤᠷᠠᠶ ᠪᠠ ᠲᠡᠪᠳᠦᠭᠡᠬᠦ ᠬᠣᠶᠠᠷ ᠠᠯᠬᠤᠮ᠎ᠤᠨ ᠠᠷᠭ᠎ᠠ᠎ᠪᠠᠷ ᠭᠠᠷᠭ᠋ᠠᠨ ᠠᠪᠴᠤ ᠪᠣᠯᠤᠨ᠎ᠠ᠃ ᠰᠢᠯᠦᠰᠦᠨ ᠲᠣᠯᠪᠣ ᠠᠭᠤᠯᠤᠭᠰᠠᠨ ᠪᠠᠶ᠋ᠢᠴᠠᠭ᠋ᠠᠬᠤ ᠮᠠᠲ᠋ᠧᠷᠢᠶᠠᠯ᠂ ᠵᠢᠱ᠌ᠢᠶᠡᠯᠡᠪᠡᠯ ᠲᠠᠮᠠᠬᠢᠨ ᠤᠵᠠᠭᠤᠷ᠂ ᠵᠢᠮᠢᠰ᠎ᠤᠨ ᠴᠥᠮ᠎ᠡ᠂ ᠵᠠᠵᠢᠯᠤᠭᠤᠷᠢ ᠰᠢᠬᠢᠷ ᠵᠡᠷᠭᠡ ᠵᠢ ᠬᠢᠮᠰᠠ᠎ᠪᠠᠷ ᠠᠪᠤᠭᠰᠠᠨ᠎ᠤ ᠳᠠᠷᠠᠭ᠎ᠠ   ᠳᠣᠭᠳᠠᠮᠠᠯ ᠳᠤᠯᠠᠭ᠋ᠠᠨ᠎ᠳᠤ ᠬᠠᠳᠠᠭ᠋ᠠᠯᠠᠨ᠎ᠠ᠃ ᠬᠢᠮᠰᠠ ᠴᠡᠪᠡᠷ ᠪᠠᠶ᠋ᠢᠬᠤ ᠵᠢ ᠠᠩᠬᠠᠷᠴᠤ᠂ ᠪᠣᠵᠠᠷᠳᠤᠬᠤ ᠵᠢ ᠰᠡᠷᠭᠡᠶ᠋ᠢᠯᠡᠨ᠎ᠡ᠃ ᠨᠢᠭᠡ ᠭᠡᠷᠡᠴᠢ ᠪᠣᠳᠠᠰ᠎ᠢ ᠭᠠᠷᠭ᠋ᠠᠨ ᠠᠪᠤᠭᠰᠠᠨ᠎ᠤ ᠳᠠᠷᠠᠭ᠎ᠠ ᠨᠢᠭᠡ ᠤᠳᠠᠭ᠎ᠠ ᠤᠬᠢᠶᠠᠬᠤ᠂ ᠡᠰᠡᠬᠦᠯ᠎ᠡ ᠬᠢᠮᠰᠠ ᠢᠯᠡᠭᠦᠦ ᠪᠡᠯᠡᠳᠬᠡᠬᠦ ᠠᠷᠭ᠎ᠠ ᠵᠢ ᠠᠪᠴᠤ ᠪᠣᠯᠤᠨ᠎ᠠ᠃  

ᠢᠷᠡᠯᠲᠡ᠄ ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ