ᠠᠷᠠᠳ᠎ᠤᠨ ᠴᠠᠭᠳᠠᠭ᠎ᠠ ᠶᠡᠷᠦ᠎ᠳᠤ᠎ᠪᠠᠨ ᠬᠠᠤᠯᠢ ᠵᠢ ᠵᠥᠷᠢᠴᠡᠵᠦ ᠶᠠᠯ᠎ᠠ ᠬᠢᠭᠰᠡᠨ
ᠰᠡᠵᠢᠭᠯᠡᠯᠲᠡᠢ ᠬᠦᠮᠦᠨ᠎ᠢ ᠪᠠᠷᠢᠪᠴᠢᠯᠠᠬᠤ ᠦᠶ᠎ᠡ᠎ᠳᠤ ᠶᠠᠭ᠋ᠠᠬᠢᠪᠠᠯ ᠵᠣᠬᠢᠬᠤ ᠪᠣᠢ?
(ᠨᠢᠭᠡ) ᠲᠤᠬᠠᠶ ᠵᠢᠨ ᠲᠠᠯᠠᠪᠠᠢ ᠵᠢ ᠲᠤᠷᠰᠢᠨ ᠪᠠᠶ᠋ᠢᠴᠠᠭ᠋ᠠᠬᠤ᠄ ᠬᠠᠤᠯᠢ᠎ᠠᠴᠠ ᠵᠥᠷᠢᠴᠡᠵᠦ ᠶᠠᠯ᠎ᠠ ᠬᠢᠭᠰᠡᠨ ᠰᠡᠵᠢᠭᠯᠡᠯᠲᠡᠢ ᠬᠥᠮᠦᠰ᠎ᠢ ᠨᠠᠷᠢᠨ ᠬᠢᠨᠠᠮᠠᠭ᠋ᠠᠢ ᠲᠣᠷᠰᠢᠨ ᠪᠠᠢ᠌ᠴᠠᠭ᠋ᠠᠵᠤ᠂ ᠰᠡᠵᠢᠭᠯᠡᠯᠲᠡᠢ ᠬᠦᠮᠦᠰ᠎ᠤᠨ ᠲᠣᠭ᠎ᠠ ᠬᠡᠮᠵᠢᠶ᠎ᠡ᠂ ᠣᠨᠴᠠᠯᠢᠭ ᠰᠢᠨᠵᠢ᠂ ᠪᠠᠢ᠌ᠭ᠎ᠠ ᠣᠷᠣᠨ ᠪᠠᠶ᠋ᠢᠷᠢ᠂ ᠠᠵᠢᠯᠯᠠᠭ᠋ᠠᠨ᠎ᠤ ᠵᠠᠮ ᠮᠥᠷ᠎ᠢ ᠪᠠᠶ᠋ᠢᠴᠠᠭ᠋ᠠᠨ ᠲᠣᠳᠣᠯᠠᠬᠤ᠂ ᠶᠠᠷᠭ᠋ᠠᠯᠠᠬᠤ ᠪᠠᠭ᠋ᠠᠵᠢ ᠪᠠ ᠫᠤᠤ ᠵᠡᠪᠰᠡᠭ ᠪᠠᠢ᠌ᠬᠤ ᠡᠰᠡᠬᠦ ᠵᠢ ᠪᠠᠶ᠋ᠢᠴᠠᠭ᠋ᠠᠨ ᠲᠣᠳᠣᠯᠠᠨ᠎ᠠ᠃
(ᠬᠣᠶᠠᠷ) ᠲᠤᠰᠠᠯᠠᠮᠵᠢ ᠭᠤᠶᠤᠬᠤ᠎ᠪᠠᠷ ᠬᠠᠷᠢᠭᠤ ᠲᠤᠰᠬᠠᠬᠤ᠄ ᠲᠤᠬᠠᠶ ᠵᠢᠨ ᠲᠠᠯᠠᠪᠠᠢ ᠵᠢᠨ ᠪᠠᠶ᠋ᠢᠳᠠᠯ᠎ᠢ ᠵᠢᠯᠤᠭᠤᠳᠬᠤ ᠲᠥᠪ᠎ᠲᠤ ᠨᠠᠷᠢᠨ ᠬᠢᠨᠠᠮᠠᠭ᠋ᠠᠶ ᠮᠡᠳᠡᠭᠦᠯᠵᠦ᠂ ᠪᠠᠶ᠋ᠢᠳᠠᠯ᠎ᠢ ᠭᠦᠢ᠍ᠴᠡᠳ ᠦᠨᠡᠯᠡᠨ ᠵᠢᠱ᠌ᠢᠵᠦ᠂ ᠴᠢᠬᠤᠯᠠᠲᠠᠢ ᠥᠶ᠎ᠡ᠎ᠳᠤ ᠲᠤᠰᠠᠯᠠᠮᠵᠢ ᠭᠤᠶᠤᠴᠢᠯᠠᠨ᠎ᠠ᠃
(ᠭᠤᠷᠪᠠ) ᠬᠦᠮᠦᠰ᠎ᠢ ᠲᠠᠷᠬᠠᠭ᠋ᠠᠬᠤ᠄ ᠲᠤᠬᠠᠶ ᠵᠢᠨ ᠲᠠᠯᠠᠪᠠᠢ ᠳᠠᠬᠢ ᠬᠠᠮᠢᠶ᠎ᠠ ᠦᠭᠡᠢ ᠬᠥᠮᠦᠰ᠎ᠢ ᠲᠠᠷᠬᠠᠭ᠋ᠠᠵᠤ᠂ ᠰᠢᠷᠬᠠᠲᠤᠬᠤ᠎ᠠᠴᠠ ᠰᠡᠷᠭᠡᠶ᠋ᠢᠯᠡᠨ᠎ᠡ᠃
(ᠳᠥᠷᠪᠡ) ᠪᠡᠶ᠎ᠡ ᠵᠢᠨ ᠭᠠᠷᠤᠯ ᠵᠶ᠋ᠠᠨ ᠲᠣᠳᠣᠷᠬᠠᠶ᠋ᠢᠯᠠᠬᠤ᠄ ᠪᠡᠶ᠎ᠡ ᠵᠢᠨ ᠭᠠᠷᠤᠯ ᠵᠶ᠋ᠠᠨ ᠲᠣᠳᠤᠷᠬᠠᠢ᠌ᠯᠠᠵᠤ᠂ ᠬᠠᠤᠯᠢ ᠬᠡᠷᠡᠭᠵᠢᠭᠦᠯᠬᠦ ᠦᠨᠡᠮᠯᠡᠯ ᠵᠶ᠋ᠠᠨ ᠭᠠᠷᠭ᠋ᠠᠵᠤ ᠦᠵᠡᠭᠦᠯᠬᠦ ᠬᠡᠷᠡᠭᠲᠡᠶ᠃
(ᠲᠠᠪᠤ) ᠠᠮᠠᠨ ᠰᠡᠷᠡᠮᠵᠢ ᠥᠭᠬᠦ᠄ ᠲᠤᠬᠠᠶ ᠵᠢᠨ ᠲᠠᠯᠠᠪᠤᠷ᠎ᠤᠨ ᠪᠠᠶ᠋ᠢᠳᠠᠯ᠎ᠢ ᠡᠵᠡᠮᠳᠡᠵᠦ᠂ ᠨᠥᠭᠦᠭᠡ ᠡᠲᠡᠭᠡᠳ ᠵᠶ᠋ᠠᠨ ᠠᠯᠪᠠᠳᠠᠨ ᠵᠠᠷᠯᠢᠭ᠎ᠢ ᠳᠠᠭ᠋ᠠᠭᠤᠯᠬᠤ᠃
(ᠵᠢᠷᠭᠤᠭ᠎ᠠ) ᠪᠠᠭ᠋ᠠᠵᠢ ᠬᠡᠷᠡᠭᠰᠡᠯ ᠬᠡᠷᠡᠭᠯᠡᠬᠦ᠄ ᠪᠠᠶ᠋ᠢᠳᠠᠯ᠎ᠢ᠎ᠨᠢ ᠦᠵᠡᠵᠦ ᠪᠠᠶ᠋ᠢᠭ᠋ᠠᠳ ᠴᠠᠭᠳᠠᠭ᠋ᠠᠨ᠎ᠤ ᠵᠡᠪᠰᠡᠭ ᠪᠠ ᠵᠡᠪᠰᠡᠭ᠎ᠢ ᠡᠷᠡᠰ ᠰᠢᠭᠤᠷᠬᠠᠶ᠎ᠪᠠᠷ ᠬᠡᠷᠡᠭᠯᠡᠵᠦ᠂ ᠬᠠᠤᠯᠢ ᠵᠢ ᠵᠥᠷᠢᠴᠡᠭᠰᠡᠨ ᠶᠠᠯᠠᠲᠤ ᠠᠵᠢᠯᠯᠠᠭ᠎ᠠ ᠵᠢ ᠦᠳᠲᠡᠷ ᠲᠦᠷᠭᠡᠨ ᠬᠣᠷᠢᠭᠯᠠᠨ ᠵᠣᠭᠰᠣᠭ᠋ᠠᠨ᠎ᠠ᠃
(ᠳᠣᠯᠣᠭ᠎ᠠ) ᠴᠢᠩᠭ᠎ᠠ ᠬᠢᠵᠠᠭ᠋ᠠᠷᠯᠠᠬᠤ᠄ ᠰᠡᠵᠢᠭᠳᠡᠨ᠎ᠢ ᠠᠮᠵᠢᠯᠲᠠ᠎ᠲᠠᠢ ᠡᠵᠡᠮᠳᠡᠭᠰᠡᠨ᠎ᠤ ᠳᠠᠷᠠᠭ᠎ᠠ᠂ ᠬᠠᠤᠯᠢ ᠶᠣᠰᠣᠭ᠋ᠠᠷ ᠴᠠᠭᠳᠠᠭ᠋ᠠᠨ᠎ᠤ ᠪᠠᠭ᠋ᠠᠵᠢ ᠬᠡᠷᠡᠭᠯᠡᠵᠦ ᠬᠢᠵᠠᠭ᠋ᠠᠷᠯᠠᠨ᠎ᠠ᠃
(ᠨᠠᠢ᠍ᠮᠠ) ᠪᠡᠶ᠎ᠡ ᠨᠡᠩᠵᠢᠬᠦ᠄ ᠠᠪᠤᠨ ᠪᠡᠶ᠎ᠡ ᠨᠡᠩᠵᠢᠵᠦ ᠳᠠᠯᠳᠠ ᠭᠡᠮ᠎ᠢ ᠠᠷᠢᠯᠭ᠋ᠠᠬᠤ ᠵᠢᠨ ᠬᠠᠮᠳᠤ ᠲᠤᠬᠠᠶ ᠵᠢᠨ ᠲᠠᠯᠠᠪᠠᠶ᠎ᠠᠴᠠ ᠠᠮᠤᠷ ᠲᠦᠪᠰᠢᠨ ᠵᠶ᠋ᠡᠷ ᠠᠪᠴᠤ ᠲᠦᠷᠭᠡᠨ ᠰᠠᠯᠬᠤ ᠬᠡᠷᠡᠭᠲᠡᠶ᠃
(ᠶᠢᠰᠦ) ᠬᠠᠤᠯᠢ ᠶᠣᠰᠣᠭ᠋ᠠᠷ ᠡᠮᠨᠡᠨ ᠵᠠᠰᠠᠬᠤ᠄ ᠰᠡᠵᠢᠭᠯᠡᠯᠲᠡᠶ ᠬᠥᠮᠦᠨ ᠰᠢᠷᠬᠠᠲᠤᠭᠰᠠᠨ ᠪᠣᠯ ᠴᠠᠭ ᠲᠤᠬᠠᠶ᠎ᠳᠤᠨᠢ ᠠᠪᠤᠷᠠᠨ ᠲᠤᠰᠠᠯᠠᠬᠤ ᠵᠢᠨ ᠬᠠᠮᠲᠤ ᠠᠷᠭ᠎ᠠ ᠬᠡᠮᠵᠢᠶ᠎ᠡ ᠠᠪᠴᠤ ᠪᠠᠶ᠋ᠢᠭ᠋ᠠᠳ ᠳᠤᠲᠠᠭ᠋ᠠᠬᠤ᠂ ᠥᠪᠡᠷ᠎ᠢ᠎ᠪᠠᠨ ᠰᠢᠷᠬᠠᠳᠤᠭᠤᠯᠬᠤ᠂ ᠪᠡᠶ᠎ᠡ᠎ᠪᠠᠨ ᠬᠣᠤᠷᠯᠠᠬᠤ ᠵᠡᠷᠭᠡ ᠵᠢ ᠰᠡᠷᠭᠡᠶ᠋ᠢᠯᠡᠨ᠎ᠡ᠃