ᠠᠷᠠᠳ᠎ᠤᠨ ᠴᠠᠭᠳᠠᠭ᠎ᠠ ᠪᠣᠰᠣᠳ᠎ᠤᠨ ᠤᠰᠤᠨ᠎ᠳᠤ ᠵᠢᠪᠪᠦᠭᠰᠡᠨ
ᠪᠠᠢ᠌ᠳᠠᠯ ᠲᠣᠬᠢᠶᠠᠯᠳᠤᠪᠠᠯ᠂ ᠶᠠᠭ᠋ᠠᠬᠢᠪᠠᠯ ᠵᠣᠬᠢᠬᠤ ᠪᠤᠢ?
(ᠨᠢᠭᠡ) ᠲᠠᠶ᠋ᠢᠯᠪᠤᠷᠢᠯᠠᠨ ᠲᠣᠳᠣᠷᠬᠠᠶ᠋ᠢᠯᠠᠬᠤ᠄ ᠪᠣᠰᠤᠳ᠎ᠤᠨ ᠤᠰᠤᠨ᠎ᠳᠤ ᠵᠢᠪᠪᠦᠭᠰᠡᠨ᠎ᠲᠠᠢ ᠲᠣᠬᠢᠶᠠᠯᠳᠤᠭᠰᠠᠨ ᠪᠣᠯᠪᠠᠴᠤ᠂ ᠤᠮᠪᠠᠵᠤ ᠴᠢᠳᠠᠬᠤ ᠦᠭᠡᠢ ᠮᠥᠷᠲᠡᠭᠡᠨ ᠠᠪᠤᠷᠠᠨ ᠲᠤᠰᠠᠯᠠᠬᠤ ᠲᠥᠬᠥᠭᠡᠷᠦᠮᠵᠢ ᠦᠭᠡᠢ ᠥᠶ᠎ᠡ᠎ᠳᠤ᠂ ᠯᠠᠪᠳᠠᠭᠤᠨ ᠲᠣᠭᠲᠠᠭᠤᠨ ᠪᠠᠢ᠌ᠬᠤ ᠮᠥᠷᠳᠡᠭᠡᠨ ᠠᠮᠤᠷ ᠲᠦᠪᠰᠢᠨ᠎ᠢ ᠠᠩᠬᠠᠷᠴᠤ᠂ ᠰᠣᠬᠣᠷ ᠪᠠᠯᠠᠢ᠎ᠪᠠᠷ ᠤᠰᠤᠨ᠎ᠳᠤ ᠣᠷᠣᠵᠤ ᠪᠣᠯᠬᠤ ᠦᠭᠡᠢ᠂ ᠵᠣᠬᠢᠰᠲᠠᠢ ᠠᠷᠭ᠎ᠠ ᠬᠡᠯᠪᠡᠷᠢ᠎ᠪᠠᠷ ᠤᠯᠠᠨ ᠲᠦᠮᠡᠨ᠎ᠳᠤ ᠤᠮᠪᠠᠵᠤ ᠴᠢᠳᠠᠬᠤ ᠦᠭᠡᠢ ᠭᠡᠳᠡᠭ ᠵᠶ᠋ᠠᠨ ᠢᠯᠡᠷᠬᠡᠶ᠋ᠢᠯᠡᠬᠦ ᠬᠡᠷᠡᠭᠲᠡᠢ᠃
(ᠬᠣᠶᠠᠷ) ᠠᠷᠭ᠎ᠠ ᠰᠦᠪᠡᠭᠴᠢᠯᠡᠨ ᠠᠪᠤᠷᠠᠬᠤ᠄ ᠣᠩᠭᠣᠴᠠ ᠰᠠᠯ᠂ ᠠᠪᠤᠷᠠᠯᠲᠠ ᠵᠢᠨ ᠴᠠᠭ᠋ᠠᠷᠢᠭ ᠪᠣᠯᠤᠨ ᠲᠤᠬᠠᠶ ᠵᠢᠨ ᠲᠠᠯᠠᠪᠠᠶ᠎ᠳᠤ ᠣᠯᠵᠤ ᠮᠡᠳᠡᠭᠰᠡᠨ ᠮᠣᠳᠣᠨ ᠬᠠᠪᠲᠠᠰᠤ᠂ ᠬᠤᠯᠤᠰᠤᠨ ᠡᠰᠢ ᠵᠡᠷᠭᠡ ᠪᠠᠭ᠋ᠠᠵᠢ ᠵᠢ ᠭᠦᠢ᠍ᠴᠡᠳ ᠠᠰᠢᠭᠯᠠᠨ ᠢᠳᠡᠪᠬᠢᠲᠡᠶ᠎ᠪᠠᠷ ᠠᠪᠤᠷᠠᠨ ᠲᠤᠰᠠᠯᠠᠬᠤ ᠬᠡᠷᠡᠭᠲᠡᠶ᠃
(ᠭᠤᠷᠪᠠ) ᠴᠠᠭ ᠲᠤᠬᠠᠶ᠎ᠳᠤᠨᠢ ᠮᠡᠳᠡᠭᠦᠯᠬᠦ᠄ ᠵᠢᠯᠣᠭᠣᠳᠬᠤ ᠲᠥᠪ᠎ᠲᠤ ᠮᠡᠳᠡᠭᠦᠯᠵᠦ᠂ ᠭᠠᠯ ᠤᠨᠲᠠᠷᠠᠭ᠋ᠠᠬᠤ᠂ 120 ᠲᠥᠷᠭᠡᠨ ᠠᠪᠤᠷᠠᠬᠤ ᠵᠡᠷᠭᠡ ᠲᠤᠰᠬᠠᠶ ᠮᠡᠷᠭᠡᠵᠢᠯ᠎ᠤᠨ ᠬᠦᠴᠦᠨ᠎ᠢ ᠲᠤᠬᠠᠶ ᠵᠢᠨ ᠲᠠᠯᠠᠪᠠᠶ᠎ᠳᠤ ᠢᠷᠡᠵᠦ ᠠᠪᠤᠷᠠᠨ ᠲᠤᠰᠠᠯᠠᠬᠤ ᠵᠢ ᠭᠤᠶᠤᠴᠢᠯᠠᠨ᠎ᠠ᠃
(ᠳᠥᠷᠪᠡᠨ) ᠵᠢᠷᠤᠮᠵᠢᠯ᠎ᠲᠠᠢ ᠡᠮᠨᠡᠨ ᠵᠠᠰᠠᠬᠤ᠄ ᠤᠰᠤᠨ᠎ᠳᠤ ᠵᠢᠪᠦᠭᠰᠡᠨ ᠬᠥᠮᠦᠰ᠎ᠢ ᠠᠪᠤᠷᠠᠵᠤ ᠡᠷᠭᠢ᠎ᠳᠤ ᠭᠠᠷᠭ᠋ᠠᠭᠰᠠᠨ᠎ᠤ ᠳᠠᠷᠠᠭ᠎ᠠ᠂ ᠪᠠᠶ᠋ᠢᠳᠠᠯ᠎ᠢ᠎ᠨᠢ ᠦᠨᠳᠦᠰᠦᠯᠡᠨ ᠲᠦᠷᠭᠡᠨ ᠠᠪᠤᠷᠠᠯᠲᠠ ᠬᠢᠨ᠎ᠡ᠃
ᠬᠠᠤᠯᠢ ᠴᠠᠭ᠋ᠠᠵᠠ ᠵᠢᠨ ᠦᠨᠳᠦᠰᠦ ᠪᠠᠷᠢᠮᠲᠠ᠄ 《ᠠᠷᠠᠳ᠎ᠤᠨ ᠴᠠᠭᠳᠠᠭ᠋ᠠᠨ᠎ᠤ ᠬᠠᠤᠯᠢ》 ᠵᠢᠨ 21 ᠳ᠋ᠦ᠍ᠭᠡᠷ ᠵᠦᠢ᠍ᠯ᠃