ᠲᠡᠷᠢᠭᠦᠨ ᠬᠠᠭᠤᠳᠠᠰᠤ   -   ᠰᠢ᠌ᠳᠪᠦᠷᠢᠯᠡᠯᠲᠡ
ᠠᠷᠠᠳ᠎ᠤᠨ ᠴᠠᠭᠳᠠᠭ᠎ᠠ ᠲᠤᠬᠠᠶ ᠵᠢᠨ ᠲᠠᠯᠠᠪᠤᠷ᠎ᠲᠤ ᠬᠡᠲᠦᠷᠡᠮᠡᠬᠡᠶ ᠠᠵᠢᠯᠯᠠᠭ᠎ᠠ᠎ᠲᠠᠢ ᠵᠠᠬᠢᠳᠠᠯ ᠰᠤᠷᠪᠤᠯᠵᠢᠯᠠᠭ᠎ᠠ ᠲᠣᠬᠢᠶᠠᠯᠳᠤᠪᠠᠯ᠂ ᠶᠠᠭ᠋ᠠᠬᠢᠪᠠᠯ ᠵᠤᠬᠢᠬᠤ ᠪᠤᠢ?
ᠨᠡᠶ᠋ᠢᠲᠡᠯᠡᠭᠰᠡᠨ ᠴᠠᠭ᠄ 2022-01-04

          ᠠᠷᠠᠳ᠎ᠤᠨ ᠴᠠᠭᠳᠠᠭ᠎ᠠ ᠲᠤᠬᠠᠶ ᠵᠢᠨ ᠲᠠᠯᠠᠪᠤᠷ᠎ᠲᠤ ᠬᠡᠲᠦᠷᠡᠮᠡᠬᠡᠶ ᠠᠵᠢᠯᠯᠠᠭ᠎ᠠ

         ᠎ᠲᠠᠢ ᠵᠠᠬᠢᠳᠠᠯ ᠰᠤᠷᠪᠤᠯᠵᠢᠯᠠᠭ᠎ᠠ ᠲᠣᠬᠢᠶᠠᠯᠳᠤᠪᠠᠯ᠂ ᠶᠠᠭ᠋ᠠᠬᠢᠪᠠᠯ ᠵᠤᠬᠢᠬᠤ ᠪᠤᠢ?
   

      (ᠨᠢᠭᠡ)  ᠦᠢ᠍ᠯᠡ ᠠᠵᠢᠯᠯᠠᠭ᠎ᠠ ᠵᠢ ᠬᠣᠷᠢᠭᠯᠠᠨ ᠵᠣᠭᠰᠣᠭ᠋ᠠᠬᠤ᠄ ᠠᠷᠠᠳ᠎ᠤᠨ ᠴᠠᠭᠳᠠᠭ᠎ᠠ ᠲᠤᠬᠠᠶ ᠵᠢᠨ ᠲᠠᠯᠠᠪᠠᠢ᠎ᠳᠤ ᠬᠥᠷᠦᠭᠰᠡᠨ᠎ᠤ ᠳᠠᠷᠠᠭ᠎ᠠ᠂ ᠵᠠᠬᠢᠳᠠᠯ ᠰᠤᠷᠪᠤᠯᠵᠢᠯᠠᠯ᠎ᠤᠨ ᠬᠦᠮᠦᠰ᠎ᠤᠨ ᠬᠡᠲᠦᠷᠡᠮᠡᠬᠡᠶ ᠦᠢ᠍ᠯᠡ ᠠᠵᠢᠯᠯᠠᠭ᠎ᠠ ᠵᠢ ᠳᠠᠷᠤᠶ᠋ᠢᠬᠠᠨ ᠬᠣᠷᠢᠭᠯᠠᠨ ᠵᠤᠭᠰᠤᠭ᠋ᠠᠵᠤ᠂ ᠲᠡᠭᠦᠨ᠎ᠤ ᠤᠷᠮ᠎ᠠ ᠵᠣᠷᠢᠭ᠎ᠢ ᠲᠠᠶ᠋ᠢᠳᠬᠤᠷᠠᠭᠤᠯᠤᠨ᠂ ᠲᠣᠭᠣᠷᠢᠨ ᠦᠵᠡᠬᠦ ᠬᠥᠮᠦᠰ᠎ᠢ ᠢᠳᠬᠠᠨ ᠲᠠᠷᠬᠠᠭ᠋ᠠᠨ᠎ᠠ᠃
     (ᠬᠣᠶᠠᠷ) ᠢᠳᠬᠠᠨ ᠤᠬᠠᠭᠤᠯᠤᠬᠤ᠄ ᠵᠠᠬᠢᠳᠠᠯ ᠰᠤᠷᠪᠤᠯᠵᠢᠯᠠᠭ᠎ᠠ ᠬᠦᠯᠢᠶᠡᠭᠰᠡᠨ ᠨᠢᠭᠡᠴᠢ ᠵᠢᠴᠢ ᠠᠵᠢᠯᠲᠠᠳ᠎ᠲᠠᠢ ᠬᠠᠮᠵᠢᠯᠴᠠᠨ ᠵᠠᠬᠢᠳᠠᠯ ᠰᠤᠷᠪᠤᠯᠵᠢᠯᠠᠭ᠎ᠠ ᠬᠢᠭᠰᠡᠳ᠎ᠢ ᠢᠳᠬᠠᠨ ᠰᠤᠷᠭ᠋ᠠᠨ᠎ᠠ᠃ ᠢᠳᠬᠠᠨ ᠰᠤᠷᠭ᠋ᠠᠬᠤ᠎ᠳᠤ᠎ᠪᠠᠨ ᠬᠡᠯᠡᠵᠦ ᠰᠤᠷᠭ᠋ᠠᠬᠤ᠎ᠪᠠᠷ ᠭᠣᠣᠯ ᠪᠣᠯᠭ᠋ᠠᠨ᠂ ᠲᠡᠭᠦᠨ᠎ᠳᠤ ᠬᠠᠤᠯᠢ ᠴᠠᠭ᠋ᠠᠵᠠ ᠬᠠᠤᠯᠢ ᠲᠣᠭᠲᠠᠭ᠋ᠠᠯ ᠲᠥᠷᠥ ᠵᠢᠨ ᠪᠣᠳᠣᠯᠭ᠎ᠠ ᠵᠢᠨ ᠤᠬᠠᠭᠤᠯᠭ᠎ᠠ ᠬᠢᠬᠦ᠎ᠪᠠᠷ ᠭᠤᠤᠯᠳᠠᠯᠭ᠎ᠠ ᠪᠣᠯᠭ᠋ᠠᠵᠤ᠂ ᠬᠡᠲᠦᠷᠡᠮᠡᠬᠡᠶ ᠦᠢ᠍ᠯᠡ ᠠᠵᠢᠯᠯᠠᠭ᠎ᠠ ᠵᠢᠨ ᠬᠠᠤᠯᠢ᠎ᠠᠴᠠ ᠵᠥᠷᠢᠴᠡᠭᠰᠡᠨ ᠴᠢᠨᠠᠷ ᠪᠣᠯᠤᠨ ᠬᠠᠤᠯᠢ ᠴᠠᠭ᠋ᠠᠵᠠ ᠵᠢᠨ ᠦᠷ᠎ᠡ ᠳ᠋ᠦᠩ᠎ᠢ ᠬᠡᠯᠡᠵᠦ ᠥᠭᠭᠦᠨ᠎ᠡ᠃
     (ᠭᠤᠷᠪᠠ) ᠭᠣᠣᠯᠳᠠᠯᠭ᠎ᠠ ᠵᠢ ᠠᠩᠬᠠᠷᠬᠤ᠄ ᠵᠠᠬᠢᠳᠠᠯ ᠰᠤᠷᠪᠤᠯᠵᠢᠯᠠᠭ᠎ᠠ ᠵᠢᠨ ᠠᠵᠢᠯᠯᠠᠭ᠎ᠠ ᠵᠢᠨ ᠵᠣᠬᠢᠶᠠᠨ ᠪᠠᠢ᠌ᠭᠤᠯᠤᠭᠴᠢ᠂ ᠤᠳᠤᠷᠢᠳᠤᠭᠴᠢ ᠵᠢ ᠡᠷᠢᠬᠦ ᠵᠢ ᠠᠩᠬᠠᠷᠤᠨ᠎ᠠ᠃ ᠰᠡᠳᠬᠢᠯ ᠳᠣᠭᠳᠣᠯᠤᠭᠰᠠᠨ᠂ ᠦᠢ᠍ᠯᠡ ᠠᠵᠢᠯᠯᠠᠭ᠎ᠠ᠎ᠨᠢ ᠠᠮᠠᠷᠬᠠᠨ ᠡᠵᠡᠮᠰᠢᠯ ᠵᠶ᠋ᠠᠨ ᠠᠯᠳᠠᠬᠤ ᠬᠥᠮᠦᠰ᠎ᠢ ᠨᠠᠷᠢᠨ ᠠᠩᠬᠠᠷᠬᠤ ᠬᠡᠷᠡᠭᠲᠡᠶ᠃
     (ᠳᠥᠷᠪᠡᠨ) ᠡᠮᠬᠢ ᠳᠢᠭᠯᠢᠮ᠎ᠢ ᠰᠡᠷᠭᠦᠭᠡᠬᠦ᠄ ᠵᠠᠬᠢᠳᠠᠯ ᠰᠤᠷᠪᠤᠯᠵᠢᠯᠠᠯ᠎ᠤᠨ ᠬᠦᠮᠦᠰ ᠣᠯᠠᠨ ᠪᠠᠢ᠌ᠪᠠᠯ᠂ ᠲᠥᠯᠥᠭᠡᠯᠡᠭᠴᠢ ᠰᠤᠩᠭᠤᠬᠤ ᠵᠢ ᠱᠠᠭ᠋ᠠᠷᠳᠠᠵᠤ᠂ ᠲᠣᠭᠲᠠᠭᠰᠠᠨ ᠬᠦᠯᠢᠶᠡᠨ ᠠᠪᠬᠤ ᠭᠠᠵᠠᠷ᠎ᠲᠤ ᠣᠴᠢᠵᠤ ᠵᠥᠪᠳᠡᠯᠴᠡᠬᠦ ᠬᠡᠷᠡᠭᠳᠡᠢ᠃ ᠪᠤᠰᠤᠳ ᠵᠠᠬᠢᠳᠠᠯ ᠰᠤᠷᠪᠤᠯᠵᠢᠯᠠᠯ᠎ᠤᠨ ᠬᠦᠮᠦᠰ᠎ᠢ ᠵᠠᠷᠯᠢᠭᠳᠠᠵᠤ ᠪᠠᠶ᠋ᠢᠭ᠋ᠠᠳ ᠠᠵᠢᠯᠯᠠᠬᠤ᠂  ᠦᠢ᠍ᠯᠡᠳᠪᠦᠷᠢᠯᠡᠬᠦ᠂ ᠡᠵᠡᠩᠨᠡᠬᠦ ᠭᠠᠵᠠᠷ᠎ᠠᠴᠠ ᠳᠠᠷᠤᠶ᠋ᠢᠬᠠᠨ ᠭᠠᠷᠭ᠋ᠠᠵᠤ᠂ ᠬᠡᠪ᠎ᠤᠨ ᠡᠮᠬᠢ ᠳᠢᠭᠯᠢᠮ᠎ᠢ᠎ᠨᠢ ᠰᠡᠷᠭᠦᠭᠡᠬᠦ ᠬᠡᠷᠡᠭᠲᠡᠶ᠃
     (ᠲᠠᠪᠤ) ᠮᠡᠳᠡᠭᠳᠡᠬᠦ ᠠᠷᠭ᠎ᠠ ᠵᠠᠮ᠄ ᠵᠥᠪᠳᠡᠯᠴᠡᠬᠦ᠎ᠪᠠᠷ ᠳᠠᠮᠵᠢᠭ᠋ᠠᠳ ᠰᠠᠨᠠᠯ ᠨᠢᠭᠡᠳᠬᠦ᠎ᠳᠤ ᠪᠡᠷᠬᠡ ᠪᠠᠶ᠋ᠢᠪᠠᠯ᠂ ᠵᠠᠬᠢᠳᠠᠯ ᠰᠤᠷᠪᠤᠯᠵᠢᠯᠠᠭ᠎ᠠ ᠵᠢᠨ ᠬᠦᠮᠦᠰ᠎ᠢ ᠵᠠᠬᠢᠳᠠᠯ ᠰᠤᠷᠪᠤᠯᠵᠢᠯᠠᠭ᠎ᠠ ᠵᠢᠨ ᠰᠠᠯᠠᠭ᠎ᠠ ᠮᠥᠴᠢᠷ᠎ᠲᠤ ᠬᠦᠷᠴᠦ ᠵᠦᠢ ᠶᠣᠰᠣᠨ᠎ᠤ ᠵᠠᠬᠢᠳᠠᠯ ᠰᠤᠷᠪᠤᠯᠵᠢᠯᠠᠭ᠎ᠠ ᠵᠢᠨ ᠠᠷᠭ᠎ᠠ ᠵᠠᠮ ᠵᠶ᠋ᠠᠷ ᠳᠠᠮᠵᠢᠭᠤᠯᠤᠨ ᠰᠢᠢ᠍ᠳᠪᠦᠷᠢᠯᠡᠬᠦ ᠬᠡᠷᠡᠭᠲᠡᠶ ᠭᠡᠵᠦ ᠮᠡᠳᠡᠭᠳᠡᠨ᠎ᠡ᠃
     (ᠵᠢᠷᠭᠤᠭ᠎ᠠ) ᠡᠷᠡᠰ ᠰᠢᠭᠤᠷᠬᠠᠶ᠎ᠪᠠᠷ ᠰᠢᠢ᠍ᠳᠪᠦᠷᠢᠯᠡᠬᠦ᠄ ᠵᠠᠬᠢᠳᠠᠯ ᠰᠤᠷᠪᠤᠯᠵᠢᠯᠠᠯ᠎ᠤᠨ ᠬᠦᠮᠦᠰ ᠢᠳᠬᠠᠯ᠎ᠢ ᠰᠣᠨᠣᠰᠬᠤ ᠦᠭᠡᠢ᠂ ᠠᠵᠢᠯᠲᠠᠨ᠎ᠢ ᠬᠠᠷᠢᠶᠠᠬᠤ᠂ ᠳᠣᠷᠣᠮᠵᠢᠯᠠᠬᠤ᠂ ᠵᠣᠳᠣᠬᠤ᠂ ᠠᠯᠪᠠᠨ᠎ᠤ ᠪᠡᠯᠡᠳᠬᠡᠮᠵᠢ ᠵᠢ ᠡᠪᠳᠡᠯᠡᠬᠦ ᠪᠤᠶᠤ ᠶᠣᠰᠣ ᠪᠤᠰᠤ᠎ᠪᠠᠷ ᠠᠭ᠋ᠠᠰᠢᠯᠠᠭᠰᠠᠨ ᠪᠣᠯ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠳᠤ ᠠᠪᠠᠴᠢᠵᠤ ᠬᠠᠤᠯᠢ ᠶᠣᠰᠣᠭ᠋ᠠᠷ ᠰᠢᠢ᠍ᠳᠪᠦᠷᠢᠯᠡᠬᠦ ᠬᠡᠷᠡᠭᠲᠡᠶ᠂ ᠠᠪᠴᠤ ᠶᠠᠪᠤᠬᠤ᠎ᠳᠤ᠎ᠪᠠᠨ ᠵᠠᠬᠢᠳᠠᠯ ᠰᠤᠷᠪᠤᠯᠵᠢᠯᠠᠭ᠎ᠠ ᠬᠢᠭᠰᠡᠳ᠎ᠤᠨ ᠪᠡᠶ᠎ᠡ ᠮᠠᠬᠠᠪᠣᠳ᠎ᠢ ᠭᠡᠮᠲᠦᠭᠡᠬᠦ᠎ᠠᠴᠠ ᠵᠠᠢ᠌ᠯᠠᠰᠬᠢᠵᠦ᠂ ᠵᠥᠷᠢᠴᠡᠯ᠎ᠤᠨ ᠲᠥᠪᠯᠡᠷᠡᠯ᠎ᠤᠨ ᠴᠡᠭ᠎ᠢ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠳᠤ ᠰᠢᠯᠵᠢᠭᠦᠯᠬᠦ ᠵᠢ ᠰᠡᠷᠭᠡᠢ᠌ᠯᠡᠬᠦ ᠬᠡᠷᠡᠭᠲᠡᠶ᠃ 

ᠢᠷᠡᠯᠲᠡ᠄ ᠲᠣᠳᠤᠭ᠋ᠠᠳᠣ ᠵᠢ ᠬᠠᠮᠠᠭ᠋ᠠᠯᠠᠬᠤ ᠲᠢᠩᠬᠢᠮ