ᠠᠷᠠᠳᠤᠨ ᠴᠠᠭᠳᠠᠭᠠ ᠡᠵᠡᠨ ᠦᠭᠡᠢ ᠪᠣᠳᠠᠰᠢ ᠣᠯᠵᠤ ᠢᠯᠡᠷᠡᠭᠦᠯᠪᠡᠯ ᠶᠠᠭ᠋ᠠᠬᠢᠬᠤ ᠪᠤᠢ?
(ᠨᠢᠭᠡ) ᠮᠠᠭ᠋ᠠᠳᠯᠠᠨ ᠲᠣᠭᠲᠠᠭ᠋ᠠᠬᠤ ᠵᠢ ᠠᠩᠬᠠᠷᠬᠤ᠄ ᠡᠷᠭᠢᠨ ᠲᠣᠭᠣᠷᠢᠨᠤ ᠬᠦᠮᠦᠰᠠᠴᠠ ᠨᠠᠷᠢᠨ ᠠᠰᠠᠭᠤᠵᠤ᠂ ᠡᠵᠡᠨ ᠦᠭᠡᠶ ᠬᠥᠮᠦᠨᠤ ᠪᠤᠳᠠᠰ ᠮᠥᠨ ᠡᠰᠡᠬᠦ ᠵᠢ ᠨᠤᠲᠠᠯᠠᠬᠤ ᠬᠡᠷᠡᠭᠲᠡᠶ᠃ ᠶᠠᠪᠤᠭᠤᠯᠤᠨ ᠬᠥᠮᠦᠨᠤ ᠭᠡᠭᠡᠭᠰᠡᠨ ᠶᠠᠭᠤᠮᠠ ᠪᠠ ᠬᠠᠤᠯᠢ ᠵᠢ ᠵᠥᠷᠢᠴᠡᠵᠦ ᠶᠠᠯᠠ ᠬᠢᠭᠰᠡᠨ ᠰᠡᠵᠢᠭᠯᠡᠯᠲᠡᠶ ᠬᠥᠮᠦᠨᠤ ᠪᠤᠵᠠᠷ ᠡᠳ᠋᠂ ᠬᠡᠷᠡᠭ ᠬᠢᠭᠰᠡᠨ ᠪᠠᠭ᠋ᠠᠵᠢ ᠵᠡᠷᠭᠡ ᠶᠠᠭᠤᠮᠠ ᠵᠢ ᠢᠯᠭ᠋ᠠᠬᠤ ᠵᠢ ᠠᠩᠬᠠᠷᠬᠤ ᠬᠡᠷᠡᠭᠲᠡᠶ᠃
(ᠬᠣᠶᠠᠷ) ᠨᠠᠷᠢᠨ ᠬᠢᠨᠠᠮᠠᠭ᠋ᠠᠶ ᠪᠠᠶ᠋ᠢᠴᠠᠭ᠋ᠠᠨ ᠦᠵᠡᠬᠦ᠄ ᠡᠵᠡᠨ ᠥᠬᠡᠶ ᠭᠡᠵᠦ ᠨᠤᠲᠠᠯᠠᠭᠰᠠᠨ ᠡᠳ᠋ ᠪᠣᠳᠠᠰᠢ ᠳᠠᠷᠤᠶ᠋ᠢᠬᠠᠨ ᠨᠠᠷᠢᠨ ᠬᠢᠨᠠᠮᠠᠭ᠋ᠠᠶ ᠪᠠᠶ᠋ᠢᠴᠠᠭ᠋ᠠᠨ ᠰᠢᠯᠭ᠋ᠠᠵᠤ᠂ ᠶᠠᠮᠠᠷ ᠡᠳ᠋ ᠪᠣᠳᠠᠰ᠂ ᠶᠠᠮᠠᠷ ᠡᠳ᠋ ᠪᠣᠳᠠᠰ ᠠᠭᠤᠯᠵᠤ ᠪᠠᠶ᠋ᠢᠬᠤ ᠵᠢᠨᠢ ᠦᠵᠡᠬᠦ ᠬᠡᠷᠡᠭᠲᠡᠶ᠃ ᠠᠶᠤᠯᠲᠠᠢ ᠪᠣᠳᠠᠰ ᠪᠣᠯᠬᠤ ᠵᠢ ᠣᠯᠵᠤ ᠮᠡᠳᠡᠮᠡᠭᠴᠡ ᠲᠡᠷᠡ ᠳᠠᠷᠤᠢᠳᠤᠨᠢ ᠳᠡᠭᠡᠭᠰᠢ ᠮᠡᠳᠡᠭᠦᠯᠵᠦ᠂ ᠲᠤᠰᠬᠠᠢ ᠮᠡᠷᠭᠡᠵᠢᠯᠤᠨ ᠰᠠᠯᠠᠭᠠ ᠮᠥᠴᠢᠷᠢ ᠦᠳᠲᠡᠷ ᠲᠦᠷᠭᠡᠨ ᠵᠣᠬᠢᠴᠠᠭᠤᠯᠵᠤ᠂ ᠠᠶᠤᠯ ᠲᠦᠭᠰᠢᠭᠦᠷᠢ ᠵᠢ ᠠᠷᠢᠯᠭ᠋ᠠᠬᠤ ᠬᠡᠷᠡᠭᠲᠡᠢ᠃
(ᠭᠤᠷᠪᠠ) ᠲᠣᠬᠢᠲᠠᠢ ᠬᠠᠳᠠᠭ᠋ᠠᠯᠠᠬᠤ᠄ ᠪᠤᠰᠤᠳᠤᠨ ᠭᠡᠭᠡᠭᠰᠡᠨ ᠶᠠᠭᠤᠮᠠ ᠵᠢᠨ ᠡᠵᠡᠨᠢ ᠡᠷᠢᠬᠦ ᠬᠡᠷᠡᠭᠲᠡᠢ᠃ ᠪᠤᠵᠠᠷ ᠡᠳ᠋ ᠪᠠ ᠬᠡᠷᠡᠭ ᠦᠢ᠍ᠯᠡᠳᠦᠭᠰᠡᠨ ᠪᠠᠭ᠋ᠠᠵᠢ ᠪᠣᠯ ᠬᠣᠯᠪᠣᠭᠳᠠᠯ ᠪᠦᠬᠦᠢ ᠰᠠᠯᠠᠭᠠ ᠮᠥᠴᠢᠷᠲᠤ ᠴᠠᠭ ᠲᠤᠬᠠᠢᠳᠤᠨᠢ ᠰᠢᠯᠵᠢᠭᠦᠯᠦᠨ ᠲᠤᠰᠢᠶᠠᠬᠤ ᠬᠡᠷᠡᠭᠲᠡᠢ᠃