ᠲᠡᠷᠢᠭᠦᠨ ᠬᠠᠭᠤᠳᠠᠰᠤ   -   ᠳᠤᠰᠬᠠᠢ ᠮᠡᠳᠡᠭᠡᠯᠡᠯ
ᠦᠬᠠᠶ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠣᠯᠠᠨ ᠨᠡᠶ᠋ᠢᠲᠡ ᠵᠢᠨ ᠵᠠᠮ ᠬᠠᠷᠢᠯᠴᠠᠭ᠋ᠠᠨ᠎ᠤ ᠬᠤᠪᠢᠶᠠᠷᠢ ᠲᠣᠪᠴᠢᠶ᠎ᠠ ᠪᠣᠯᠤᠨ ᠨᠢᠰᠬᠡᠯ᠎ᠤᠨ ᠪᠠᠭᠤᠳᠠᠯ ᠬᠠᠮᠲᠤᠷᠠᠨ ᠨᠠᠮ᠎ᠤᠨ ᠪᠠᠶ᠋ᠢᠭᠤᠯᠤᠯᠲᠠ ᠵᠢᠨ ᠬᠣᠯᠪᠣᠭ᠋ᠠᠨ᠎ᠤ ᠦᠢ᠍ᠯᠡᠳᠦᠯᠭᠡ ᠵᠢᠨ ᠠᠵᠢᠯᠯᠠᠭ᠎ᠠ ᠥᠷᠨᠢᠭᠦᠯᠪᠡ
ᠨᠡᠶ᠋ᠢᠲᠡᠯᠡᠭᠰᠡᠨ ᠴᠠᠭ᠄ 2024-05-16

     ᠦᠬᠠᠢ ᠬᠤᠳᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠤᠯᠠᠨ ᠨᠡᠶ᠋ᠢᠲᠡ ᠵᠢᠨ ᠵᠠᠮ ᠬᠠᠷᠢᠯᠴᠠᠭ᠋ᠠᠨ᠎ᠤ ᠬᠤᠪᠢᠶᠠᠷᠢ ᠲᠣᠪᠴᠢᠶ᠎ᠠ ᠵᠢᠨ ᠨᠠᠮ᠎ᠤᠨ ᠡᠭᠦᠷ ᠪᠣᠯᠤᠨ ᠦᠬᠠᠢ ᠨᠢᠰᠬᠡᠯ᠎ᠤᠨ ᠪᠠᠭᠤᠳᠠᠯ᠎ᠤᠨ ᠨᠠᠮ᠎ᠤᠨ ᠬᠣᠷᠢᠶ᠎ᠠ 《ᠨᠠᠮ᠎ᠤᠨ ᠪᠠᠶ᠋ᠢᠭᠤᠯᠤᠯᠲᠠ ᠵᠢ ᠬᠠᠮᠲᠤᠪᠠᠷ ᠪᠠᠶ᠋ᠢᠭᠤᠯᠬᠤ ᠬᠠᠮᠲᠤᠷᠠᠯᠴᠠᠭ᠋ᠠᠨ᠎ᠤ ᠬᠡᠯᠡᠯᠴᠡᠭᠡᠷ᠎ᠤᠨ ᠪᠢᠴᠢᠭ》᠎ᠲᠤ ᠭᠠᠷ᠎ᠤᠨ ᠦᠰᠦᠭ ᠵᠢᠷᠤᠭᠰᠠᠨ᠎ᠠᠴᠠ ᠨᠠᠭ᠋ᠠᠰᠢ᠂ ᠬᠣᠶᠠᠷ ᠲᠠᠯ᠎ᠠ᠎ᠪᠠᠷ ᠵᠶ᠋ᠠᠨ ᠵᠣᠬᠢᠶᠠᠨ ᠪᠠᠶ᠋ᠢᠭᠤᠯᠤᠯᠲᠠ ᠵᠢᠨ ᠪᠠᠢ᠌ᠭᠤᠯᠤᠯᠲᠠ᠂ ᠭᠣᠣᠯ ᠰᠡᠳᠦᠪᠲᠦ ᠠᠵᠢᠯᠯᠠᠭ᠎ᠠ᠂ ᠨᠠᠮ᠎ᠤᠨ ᠪᠠᠶ᠋ᠢᠭᠤᠯᠤᠯᠲᠠ ᠵᠢᠨ ᠠᠴᠢᠶᠠᠯᠠᠪᠤᠷᠢ᠂ ᠠᠮᠤᠷ ᠠᠮᠤᠭᠤᠯᠠᠩ᠎ᠢ ᠡᠭᠦᠳᠦᠨ ᠪᠠᠶ᠋ᠢᠭᠤᠯᠬᠤ ᠵᠡᠷᠭᠡ ᠤᠯᠠᠨ ᠲᠠᠯ᠎ᠠ᠎ᠠᠴᠠ ᠨᠠᠮ᠎ᠤᠨ ᠪᠠᠶ᠋ᠢᠭᠤᠯᠤᠯᠲᠠ ᠵᠢᠨ ᠬᠠᠮᠲᠤᠷᠠᠯᠴᠠᠭ᠎ᠠ ᠵᠢ ᠥᠷᠨᠢᠭᠦᠯᠪᠡ᠃

微信图片_20240516103156.jpg


    ᠣᠶ᠋ᠢᠷ᠎ᠠ᠎ᠳᠤ᠂ ᠨᠡᠶ᠋ᠢᠲᠡ ᠵᠢᠨ ᠵᠠᠮ ᠬᠠᠷᠢᠯᠴᠠᠭ᠋ᠠᠨ᠎ᠤ ᠬᠤᠪᠢᠶᠠᠷᠢ ᠲᠣᠪᠴᠢᠶ᠎ᠠ ᠵᠢᠨ ᠨᠠᠮ᠎ᠤᠨ ᠡᠭᠦᠷ ᠪᠣᠯᠤᠨ ᠨᠢᠰᠬᠡᠯ᠎ᠤᠨ ᠪᠠᠭᠤᠳᠠᠯ᠎ᠤᠨ ᠨᠠᠮ᠎ᠤᠨ ᠬᠣᠷᠢᠶ᠎ᠠ ᠬᠠᠮᠲᠤᠷᠠᠨ ᠨᠠᠮ᠎ᠤᠨ ᠪᠠᠶ᠋ᠢᠭᠤᠯᠤᠯᠲᠠ ᠵᠢ ᠬᠠᠮᠲᠤ᠎ᠪᠠᠷ ᠪᠠᠶ᠋ᠢᠭᠤᠯᠬᠤ ᠪᠣᠳᠠᠲᠤ ᠪᠠᠶ᠋ᠢᠯᠳᠤᠭ᠋ᠠᠨ᠎ᠤ ᠴᠡᠷᠢᠭ᠎ᠤᠨ ᠪᠣᠯᠪᠠᠰᠤᠷᠠᠯ᠎ᠤᠨ ᠠᠵᠢᠯᠯᠠᠭ᠎ᠠ ᠥᠷᠨᠢᠭᠦᠯᠵᠦ᠂ 40 ᠭᠠᠷᠤᠶ ᠨᠠᠮ᠎ᠤᠨ ᠭᠡᠰᠢᠭᠦᠨ ᠺᠠᠳ᠋ᠷ ᠣᠷᠣᠯᠴᠠᠵᠠᠶ᠃ ᠠᠵᠢᠯᠯᠠᠭ᠎ᠠ ᠵᠢᠨ ᠳᠤᠮᠳᠠ᠂ ᠨᠢᠰᠬᠡᠯ᠎ᠤᠨ ᠪᠠᠭᠤᠳᠠᠯ᠎ᠤᠨ ᠲᠣᠮᠢᠯᠠᠭᠰᠠᠨ ᠰᠠᠯᠪᠤᠷᠢ ᠵᠢᠨ ᠠᠷᠠᠳ᠎ᠤᠨ ᠴᠠᠭᠳᠠᠭ᠎ᠠ ᠨᠠᠷ ᠨᠢᠰᠬᠡᠯ᠎ᠤᠨ ᠪᠠᠭᠤᠳᠠᠯ᠎ᠤᠨ ᠠᠮᠤᠷ᠎ᠢ ᠬᠠᠮᠠᠭ᠋ᠠᠯᠠᠬᠤ ᠠᠵᠢᠯ᠎ᠤᠨ ᠰᠢᠢ᠍ᠳᠪᠦᠷᠢᠯᠡᠬᠦ ᠵᠢᠷᠤᠮ ᠵᠢᠴᠢ ᠠᠷᠭ᠎ᠠ᠂ ᠲᠦᠷ ᠴᠠᠭ᠎ᠤᠨ ᠨᠢᠰᠬᠡᠯ᠎ᠳᠤ ᠭᠠᠷᠤᠭᠰᠠᠨ ᠭᠡᠷᠡᠴᠢ ᠵᠡᠷᠭᠡ ᠲᠤᠬᠠᠶ᠋ᠢᠯᠠᠭᠰᠠᠨ ᠠᠵᠢᠯ᠎ᠢ ᠣᠯᠠᠨ᠎ᠳᠤ ᠨᠠᠷᠢᠨ ᠲᠠᠶ᠋ᠢᠯᠪᠤᠷᠢᠯᠠᠵᠤ ᠥᠭᠴᠡᠶ᠃ ᠠᠵᠢᠯᠯᠠᠭ᠎ᠠ᠎ᠳᠤ ᠣᠷᠣᠯᠴᠠᠭᠰᠠᠨ ᠪᠦᠬᠦ ᠨᠠᠮ᠎ᠤᠨ ᠭᠡᠰᠢᠭᠦᠨ ᠺᠠᠳ᠋ᠷᠴᠤᠳ ᠪᠠᠰᠠ 3000 ᠮᠧᠲᠷ᠎ᠤᠨ ᠬᠣᠯᠠ ᠭᠦᠶᠦᠯᠲᠡ ᠵᠢᠨ ᠪᠣᠯᠪᠠᠰᠤᠷᠠᠯ ᠬᠢᠵᠦ᠂ ᠬᠤᠪᠢᠶᠠᠷᠢ ᠲᠣᠪᠴᠢᠶ᠎ᠠ ᠵᠢᠨ 12 ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠨᠠᠷ ᠪᠣᠯᠤᠨ ᠲᠠᠯᠠᠪᠤᠷ᠎ᠲᠤ ᠰᠠᠭᠤᠭ᠎ᠠ ᠨᠢᠭᠡᠴᠢ ᠵᠢᠨ ᠡᠯ᠎ᠡ ᠰᠠᠯᠠᠭ᠎ᠠ ᠴᠡᠷᠢᠭ ᠠᠩᠭᠢ ᠵᠢᠨ ᠲᠠᠮᠢᠷᠴᠢᠳ ᠬᠦᠴᠦ ᠲᠠᠮᠢᠷ ᠪᠠ ᠰᠥᠰᠥ ᠵᠣᠷᠢᠭ᠎ᠤᠨ ᠦᠵᠡᠯᠴᠡᠭᠡᠨ ᠬᠢᠪᠡ᠃

微信图片_20240516103149.jpg


    ᠲᠤᠰ ᠤᠳᠠᠭ᠋ᠠᠨ᠎ᠤ ᠨᠠᠮ᠎ᠤᠨ ᠪᠠᠶ᠋ᠢᠭᠤᠯᠤᠯᠲᠠ ᠵᠢ ᠬᠠᠮᠲᠤ᠎ᠪᠠᠷ ᠪᠠᠶ᠋ᠢᠭᠤᠯᠬᠤ ᠠᠵᠢᠯᠯᠠᠭ᠎ᠠ᠎ᠪᠠᠷ ᠳᠠᠮᠵᠢᠭᠤᠯᠤᠨ᠂ ᠨᠠᠮ᠎ᠤᠨ ᠪᠠᠶ᠋ᠢᠭᠤᠯᠤᠯᠲᠠ ᠵᠢᠨ ᠦᠢ᠍ᠯᠡᠳᠦᠯᠭᠡ ᠵᠢᠨ ᠠᠭᠤᠯᠭ᠎ᠠ ᠵᠢ ᠪᠠᠶᠠᠯᠢᠭᠵᠢᠭᠤᠯᠤᠭᠰᠠᠨ ᠮᠥᠷᠲᠡᠭᠡᠨ ᠪᠠᠰᠠ ᠬᠣᠶᠠᠷ ᠲᠠᠯ᠎ᠠ ᠵᠢᠨ ᠣᠶ᠋ᠢᠯᠠᠭ᠋ᠠᠯᠴᠠᠭ᠎ᠠ ᠪᠠ ᠢᠲᠡᠭᠡᠯᠴᠡᠭᠡ ᠵᠢ ᠨᠡᠮᠡᠭᠳᠡᠭᠦᠯᠵᠦ᠂ ᠨᠠᠮ᠎ᠤᠨ ᠪᠠᠶ᠋ᠢᠭᠤᠯᠤᠯᠲᠠ᠎ᠪᠠᠷ ᠲᠤᠬᠠᠶ᠋ᠢᠯᠠᠭᠰᠠᠨ ᠠᠵᠢᠯ ᠵᠶ᠋ᠠᠨ ᠠᠬᠢᠭᠤᠯᠬᠤ᠂ ᠨᠠᠮ᠎ᠤᠨ ᠪᠠᠶ᠋ᠢᠭᠤᠯᠤᠯᠲᠠ᠎ᠪᠠᠷ ᠠᠮᠤᠷ ᠲᠦᠪᠰᠢᠨ᠎ᠢ ᠠᠬᠢᠭᠤᠯᠬᠤ᠂ ᠨᠠᠮ᠎ᠤᠨ ᠪᠠᠶ᠋ᠢᠭᠤᠯᠤᠯᠲᠠ᠎ᠪᠠᠷ ᠬᠥᠭᠵᠢᠯᠲᠡ ᠵᠢ ᠠᠬᠢᠭᠤᠯᠬᠤ ᠵᠣᠷᠢᠯᠭ᠎ᠠ᠎ᠳᠤ ᠬᠦᠷᠦᠭᠰᠡᠨ ᠪᠠᠶ᠋ᠢᠨ᠎ᠠ᠃ ᠳᠠᠷᠠᠭ᠋ᠠᠴᠢ ᠵᠢᠨ ᠠᠯᠬᠤᠮ᠎ᠳᠤ᠂ ᠬᠤᠳᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠤᠯᠠᠨ ᠨᠡᠶ᠋ᠢᠲᠡ ᠵᠢᠨ ᠵᠠᠮ ᠬᠠᠷᠢᠯᠴᠠᠭ᠋ᠠᠨ᠎ᠤ ᠬᠤᠪᠢᠶᠠᠷᠢ ᠲᠣᠪᠴᠢᠶ᠎ᠠ ᠦᠷᠭᠦᠯᠵᠢᠯᠡᠨ ᠬᠣᠯᠪᠣᠭᠳᠠᠯ ᠪᠦᠬᠦᠢ ᠨᠢᠭᠡᠴᠢ᠎ᠲᠠᠢ ᠨᠠᠮ᠎ᠤᠨ ᠪᠠᠶ᠋ᠢᠭᠤᠯᠤᠯᠲᠠ ᠵᠢᠨ ᠬᠣᠯᠪᠣᠭ᠎ᠠ ᠪᠠᠶ᠋ᠢᠭᠤᠯᠵᠤ᠂ ᠨᠠᠮ᠎ᠤᠨ ᠪᠠᠶ᠋ᠢᠭᠤᠯᠤᠯᠲᠠ ᠵᠢᠨ ᠠᠵᠢᠯ ᠪᠣᠯᠤᠨ ᠲᠤᠬᠠᠶ᠋ᠢᠯᠠᠭᠰᠠᠨ ᠠᠵᠢᠯ᠎ᠢ ᠭᠦᠨᠵᠡᠭᠡᠢ ᠣᠷᠭ᠋ᠠᠨᠢᠭ ᠵᠶ᠋ᠠᠷ ᠠᠭᠤᠰᠤᠯᠴᠠᠭᠤᠯᠤᠨ᠎ᠠ᠃

 

ᠢᠷᠡᠯᠲᠡ᠄ ᠦᠬᠠᠢ ᠬᠣᠲᠠ ᠵᠢᠨ ᠲᠣᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ