2019 ᠤᠨ᠎ᠤ ᠦᠪᠤᠷ ᠮᠤᠩᠭᠤᠯ᠎ᠤᠨ ᠬᠤᠤᠷᠳᠤ ᠡᠳ᠋᠎ᠲᠠᠢ
ᠬᠤᠯᠪᠤᠭᠳᠠᠭᠰᠠᠨ ᠠᠷᠪᠠᠨ ᠨᠡᠶ᠋ᠢᠲᠡᠯᠢᠭ ᠬᠡᠷᠡᠭ᠎ᠤᠨ ᠵᠢᠱ᠌ᠢᠶ᠎ᠡ
ᠦᠪᠡᠷᠲᠡᠭᠡᠨ ᠵᠠᠰᠠᠬᠤ ᠣᠷᠣᠨ᠎ᠤ ᠳᠣᠲᠣᠭ᠋ᠠᠳᠣ ᠵᠢ ᠬᠠᠮᠠᠭ᠋ᠠᠯᠠᠬᠤ ᠲᠢᠩᠬᠢᠮ 2019 ᠤᠨ᠎ᠤ ᠦᠪᠤᠷ ᠮᠤᠩᠭᠤᠯ᠎ᠤᠨ ᠬᠤᠤᠷᠳᠤ ᠡᠳ᠋᠎ᠲᠠᠢ ᠬᠤᠯᠪᠤᠭᠳᠠᠭᠰᠠᠨ ᠠᠷᠪᠠᠨ ᠨᠡᠶ᠋ᠢᠳᠡᠯᠢᠭ ᠬᠡᠷᠡᠭ᠎ᠤᠨ ᠵᠢᠱ᠌ᠢᠶ᠎ᠡ ᠵᠢ ᠨᠡᠶ᠋ᠢᠲᠡᠯᠡᠪᠡ᠃
ᠨᠢᠭᠡ᠂ ᠬᠦᠬᠡᠬᠤᠲᠡ ᠵᠢᠨ ᠢᠤᠢ ᠴᠢᠤᠸᠠᠨ ᠲᠤᠭᠤᠷᠢᠭ᠎ᠤᠨ ᠳᠣᠲᠣᠭ᠋ᠠᠳᠣ ᠵᠢ ᠬᠠᠮᠠᠭ᠋ᠠᠯᠠᠬᠤ ᠬᠤᠪᠢᠶᠠᠷᠢ ᠲᠤᠪᠴᠢᠶ᠎ᠠ ᠵᠢᠨ ᠳᠠᠩᠨᠡᠨ ᠢᠯᠡᠷᠡᠭᠦᠯᠦᠭᠰᠡᠨ ᠬᠡᠷᠡᠭ
ᠬᠦᠬᠡᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠢᠤᠢ ᠴᠢᠤᠸᠠᠨ ᠳᠤᠭᠤᠷᠢᠭ᠎ᠤᠨ ᠬᠤᠪᠢᠶᠠᠷᠢ ᠲᠤᠪᠴᠢᠶ᠎ᠠ ᠵᠢᠨ ᠬᠤᠤᠷ ᠴᠠᠭ᠋ᠠᠵᠠᠯᠠᠬᠤ ᠶᠡᠭᠡ ᠠᠩᠭᠢ ᠳᠤᠳᠤᠭ᠋ᠠᠳᠤ ᠵᠢ ᠬᠠᠮᠠᠭ᠋ᠠᠯᠠᠬᠤ ᠶᠠᠮᠤᠨ᠎ᠤ ᠬᠤᠤᠷ ᠴᠠᠭ᠋ᠠᠵᠠᠯᠠᠬᠤ ᠲᠤᠪᠴᠢᠶ᠎ᠠ ᠵᠢᠨ ᠨᠢᠭᠡᠳᠤᠯᠳᠡᠢ ᠵᠤᠬᠢᠴᠠᠭᠤᠯᠭ᠎ᠠ ᠵᠢᠯᠤᠭᠤᠳᠤᠯᠭ᠎ᠠ ᠳᠤᠤᠷ᠎ᠠ᠂ ᠭᠤᠸᠠᠩᠳᠦ᠋ᠩ᠂ ᠵᠢᠶᠠᠩᠰᠢ᠂ ᠵᠢᠶᠠᠩᠰᠤ᠂ ᠶᠦᠨᠨᠠᠨ᠎ᠤ ᠳᠤᠳᠤᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠲᠠᠢ ᠬᠠᠮᠵᠢᠯᠴᠠᠨ ᠯᠢ ᠤᠪᠤᠭᠳᠤ᠎ᠪᠠᠷ ᠲᠣᠯᠣᠭ᠋ᠠᠶ᠋ᠢᠯᠠᠭᠤᠯᠣᠭᠰᠠᠨ ᠬᠤᠤᠷ ᠰᠠᠷᠢᠭ᠋ᠠᠯᠠᠬᠤ ᠡᠪᠰᠡᠯ ᠪᠦᠯᠦᠭ᠎ᠢ ᠰᠤᠶ᠋ᠢᠷᠡᠭᠤᠯᠪᠠ᠃ ᠲᠣᠰ ᠬᠡᠷᠡᠭ᠎ᠤᠨ 18 ᠶᠠᠯ᠎ᠠ ᠵᠢᠨ ᠰᠡᠵᠢᠭᠲᠡᠨ᠎ᠢ ᠪᠠᠷᠢᠪᠴᠢᠯᠠᠵᠤ᠂ 2 ᠳᠦᠮᠡᠨ ᠦᠷᠢᠯ ᠰᠢᠨ᠎ᠡ ᠬᠡᠯᠪᠡᠷᠢ ᠵᠢᠨ ᠬᠤᠤᠷᠳᠤ ᠡᠳ᠋᠎ᠤᠨ ᠬᠤᠮᠵᠢᠶ᠎ᠠ ᠡᠮ᠎ᠢ ᠤᠯᠵᠠᠯᠠᠵᠤ᠂ ᠡᠯ᠎ᠡ ᠵᠦᠢ᠍ᠯ᠎ᠤᠨ ᠬᠤᠤᠷᠳᠤ ᠡᠳ᠋᠎ᠤᠨ ᠬᠤᠮᠵᠢᠶ᠎ᠠ ᠡᠮ᠎ᠢ 1200 ᠭᠠᠷᠤᠢ ᠦᠷᠢᠯ ᠬᠤᠷᠢᠶᠠᠮᠵᠢᠯᠠᠵᠦ᠂ ᠬᠡᠷᠡᠭ᠎ᠲᠤ ᠬᠤᠯᠪᠤᠭᠳᠠᠭᠰᠠᠨ 86600 ᠲᠦᠭᠦᠷᠢᠭ ᠪᠡᠯᠡᠨ ᠵᠣᠭᠤᠰ᠎ᠢ ᠬᠤᠷᠢᠶᠠᠮᠵᠢᠯᠠᠵᠣ᠂ ᠬᠡᠷᠡᠭ᠎ᠲᠤ ᠬᠤᠯᠪᠤᠭᠳᠠᠭᠰᠠᠨ ᠪᠠᠩᠭᠢ ᠵᠢᠨ ᠺᠠᠷᠲ᠎ᠤᠨ ᠪᠠᠯᠠ ᠮᠦᠩᠬᠦ ᠵᠢ 50 ᠭᠠᠷᠤᠢ ᠲᠦᠮᠡᠨ ᠲᠦᠭᠦᠷᠢᠭ ᠴᠡᠪᠳᠡᠭᠯᠡᠵᠦ᠂ ᠨᠢᠭᠡ ᠤᠷᠤᠨ ᠰᠠᠭᠤᠴᠠ᠂ 4 ᠬᠡᠷᠡᠭ ᠤᠶ᠋ᠢᠯᠡᠳᠤᠭ᠌ᠰᠡᠨ ᠲᠡᠷᠭᠡ ᠪᠠ ᠶᠡᠭᠡ ᠬᠡᠮᠵᠢᠶᠡᠨ᠎ᠤ ᠬᠡᠷᠡᠭ ᠦᠢ᠍ᠯᠡᠳᠬᠦ ᠪᠠᠭ᠋ᠠᠵᠢ ᠵᠢ ᠪᠠᠶ᠋ᠢᠴᠠᠭ᠋ᠠᠨ ᠪᠢᠳᠡᠭᠦᠮᠵᠢᠯᠡᠵᠦ ᠪᠠᠷᠢᠴᠠᠭ᠋ᠠᠨ᠎ᠳᠤ ᠦᠯᠡᠳᠡᠭᠡᠵᠡᠢ᠃
ᠬᠤᠶᠠᠷ᠂ ᠤᠯᠠᠭ᠋ᠠᠨᠴᠠᠪ ᠬᠤᠲᠡ ᠵᠢᠨ ᠴᠠᠬᠠᠷ ᠪᠠᠷᠠᠭᠤᠨ ᠭᠠᠷᠤᠨ ᠬᠤᠶ᠋ᠢᠳᠤ ᠬᠤᠰᠢᠭᠤᠨ᠎ᠤ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠲᠡᠩᠨᠡᠨ ᠢᠯᠡᠷᠡᠭᠦᠯᠦᠭᠰᠡᠨ ᠬᠡᠷᠡᠭ
ᠤᠯᠠᠭ᠋ᠠᠨᠴᠠᠪ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠵᠢᠨ ᠬᠤᠤᠷ ᠴᠠᠭ᠋ᠠᠵᠠᠯᠠᠬᠤ ᠰᠠᠯᠠᠭ᠎ᠠ ᠮᠦᠴᠢᠷ 1 ᠬᠤᠤᠷ ᠲᠠᠲᠠᠭᠴᠢ ᠪᠠ 0.18 ᠭ᠋ᠷᠡᠮ ᠬᠤᠤᠷᠳᠤ ᠡᠳ᠋᠎ᠠᠴᠠ ᠭᠠᠷ ᠤᠷᠤᠵᠤ᠂ ᠬᠢᠯᠢ ᠵᠢᠨ ᠭᠠᠳᠠᠨᠠᠬᠢ 《ᠠᠯᠳᠠᠨ ᠭᠤᠷᠪᠠᠯᠵᠢᠨ ᠤᠷᠤᠨ》᠎ᠠᠴᠠ ᠶᠦᠨᠨᠠᠨ᠎ᠳᠤ ᠬᠦᠷᠴᠦ ᠤᠨᠴᠠ ᠶᠡᠭᠡ ᠤᠯᠤᠰ ᠠᠯᠤᠰᠯᠠᠭᠰᠠᠨ ᠬᠤᠤᠷ ᠰᠠᠷᠢᠭ᠋ᠠᠯᠠᠬᠤ ᠵᠠᠮ᠎ᠢ ᠪᠠᠶ᠋ᠢᠴᠠᠭ᠋ᠠᠨ ᠳᠤᠳᠤᠯᠠᠪᠠ᠃ ᠴᠠᠭᠳᠠᠭ᠎ᠠ ᠨᠠᠷ ᠲᠤᠰ ᠬᠡᠷᠡᠭ᠎ᠢ ᠠᠮᠵᠢᠯᠲᠠ᠎ᠲᠠᠢ ᠢᠯᠡᠷᠡᠭᠦᠯᠵᠦ᠂ ᠬᠡᠷᠡᠭ᠎ᠲᠤ ᠬᠤᠯᠪᠤᠭᠳᠠᠭᠰᠠᠨ 23 ᠬᠦᠮᠦᠨ᠎ᠢ ᠪᠠᠷᠢᠪᠴᠢᠯᠠᠵᠦ᠂ 1344.93 ᠭ᠋ᠷᠡᠮ ᠾᠧᠷᠦᠶᠢᠨ ᠬᠤᠷᠢᠶᠠᠮᠵᠢᠯᠠᠵᠦ᠂ ᠬᠡᠷᠡᠭ᠎ᠲᠤ ᠬᠤᠯᠪᠤᠭᠳᠠᠭᠰᠠᠨ 120 ᠭᠠᠷᠤᠢ ᠳᠦᠮᠡᠨ ᠳᠦᠭᠦᠷᠢᠭ ᠵᠤᠭᠤᠰ ᠪᠠ 2 ᠮᠠᠰᠢᠨ ᠲᠡᠷᠭᠡ ᠵᠢ ᠪᠠᠷᠢᠴᠠᠭ᠋ᠠᠨ᠎ᠳᠤ ᠦᠯᠡᠳᠡᠭᠡᠵᠡᠢ᠃
ᠭᠤᠷᠪᠠ᠂ ᠤᠯᠠᠭ᠋ᠠᠬᠠᠨᠳᠠ ᠬᠤᠳᠠ ᠵᠢᠨ ᠨᠢᠩᠴᠸᠡᠭ ᠰᠢᠶᠠᠨ᠎ᠤ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠲᠠᠩᠨᠡᠨ ᠢᠯᠡᠷᠡᠭᠦᠯᠦᠭᠰᠡᠨ ᠬᠡᠷᠡᠭ
2019 ᠤᠨ᠎ᠤ 2 ᠰᠠᠷ᠎ᠠ᠎ᠳᠤ᠂ ᠨᠢᠩᠴᠸᠡᠭ ᠰᠢᠶᠠᠨ᠎ᠤ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠬᠤᠤᠷ ᠴᠠᠭ᠋ᠠᠵᠠᠯᠠᠬᠤ ᠶᠡᠭᠡ ᠠᠩᠭᠢ ᠵᠸᠡᠭ ᠤᠪᠤᠭᠳᠤ ᠵᠢᠨ ᠤᠨᠴᠠ ᠶᠡᠭᠡ ᠬᠤᠤᠷ ᠰᠠᠷᠢᠭ᠋ᠠᠯᠠᠬᠤ ᠳᠤᠤᠷ᠎ᠤᠨ ᠰᠦᠪᠡᠭᠴᠢ ᠵᠢ ᠤᠯᠵᠤ᠂ ᠡᠪᠡᠰᠡᠯ ᠪᠦᠯᠦᠭ᠎ᠤᠨ ᠳᠦᠷᠦᠭᠦᠦ᠎ᠨᠢ ᠾᠧᠪᠸᠢ ᠵᠢᠨ ᠯᠠᠩᠹᠡᠩ ᠬᠤᠲᠡ᠎ᠳᠤ ᠰᠠᠭᠤᠨ ᠪᠦᠬᠦ ᠤᠯᠤᠰ᠎ᠲᠤ ᠨᠢᠳᠦ ᠬᠠᠶᠠᠵᠦ᠂ ᠬᠠᠭᠤᠷᠮᠠᠭ ᠪᠡᠶ᠎ᠡ ᠵᠢᠨ ᠭᠠᠷᠤᠯ ᠵᠶ᠋ᠠᠷ ᠭᠠᠷ ᠳᠤᠤᠷᠠᠬᠢ ᠬᠦᠮᠦᠰ ᠵᠶ᠋ᠠᠨ ᠵᠢᠯᠤᠭᠤᠳᠤᠨ ᠤᠯᠠᠨ ᠮᠤᠵᠢ᠎ᠳᠤ ᠳᠡᠯᠡᠰ᠎ᠳᠤ ᠬᠤᠤᠷ ᠰᠠᠷᠢᠭ᠋ᠠᠯᠠᠨ ᠵᠦᠭᠡᠭᠡᠪᠤᠷᠢᠯᠡᠵᠤ ᠪᠠᠶ᠋ᠢᠬᠤ ᠵᠢ ᠪᠠᠶ᠋ᠢᠴᠠᠭ᠋ᠠᠨ ᠳᠤᠳᠤᠯᠠᠪᠠ᠃ 5 ᠰᠠᠷ᠎ᠠ ᠵᠢᠨ 1᠎ᠠᠴᠠ ᠡᠬᠢᠯᠡᠨ ᠴᠠᠭᠳᠠᠭ᠎ᠠ ᠨᠠᠷ ᠬᠡᠷᠡᠭ᠎ᠲᠤ ᠬᠤᠯᠪᠣᠭᠳᠠᠭᠰᠠᠨ 15 ᠶᠠᠯ᠎ᠠ ᠵᠢᠨ ᠰᠡᠵᠢᠭᠲᠡᠨ᠎ᠢ ᠪᠦᠭᠦᠨ᠎ᠢ ᠪᠠᠷᠢᠪᠴᠢᠯᠠᠵᠤ᠂ 3.7 ᠺᠢᠯᠣᠭ᠌ᠷᠠᠮ ᠳᠠᠯᠠᠰᠳᠤ ᠬᠤᠤᠷ ᠬᠤᠷᠢᠶᠠᠮᠵᠢᠯᠠᠵᠠᠢ᠃
ᠳᠦᠷᠪᠠ᠂ ᠪᠤᠭᠤᠳᠤ ᠬᠤᠲᠡ ᠵᠢᠨ ᠬᠦᠨᠳᠡᠯᠡᠨ ᠳᠤᠭᠤᠷᠢᠭ᠎ᠤᠨ ᠳᠤᠳᠤᠭ᠋ᠠᠳᠤ ᠵᠢ ᠬᠠᠮᠠᠭ᠋ᠠᠯᠠᠬᠤ ᠬᠤᠪᠢᠶᠠᠷᠢ ᠲᠤᠪᠴᠢᠶ᠎ᠠ ᠵᠢᠨ ᠲᠠᠩᠨᠡᠨ ᠢᠯᠡᠷᠡᠭᠦᠯᠦᠭᠰᠡᠨ ᠬᠡᠷᠡᠭ
ᠪᠤᠭᠤᠳᠤ ᠬᠤᠳᠠ ᠵᠢᠨ ᠬᠦᠨᠳᠡᠯᠡᠨ ᠳᠤᠭᠤᠷᠢᠭ᠎ᠤᠨ ᠳᠤᠳᠤᠭ᠋ᠠᠳᠤ ᠵᠢ ᠬᠠᠮᠠᠭ᠋ᠠᠯᠠᠬᠤ ᠬᠤᠪᠢᠶᠠᠷᠢ ᠲᠤᠪᠴᠢᠶ᠎ᠠ ᠵᠢᠨ ᠴᠠᠭᠳᠠᠭ᠎ᠠ ᠨᠠᠷ ᠦᠪᠤᠷ ᠮᠤᠩᠭᠤᠯ᠂ ᠾᠧᠪᠸᠢ ᠬᠤᠶᠠᠷ ᠮᠤᠵᠢ ᠤᠷᠤᠨ᠎ᠢ ᠠᠯᠤᠰᠯᠠᠭᠰᠠᠨ ᠬᠤᠤᠷ ᠰᠠᠷᠢᠭ᠋ᠠᠯᠠᠨ ᠦᠢ᠍ᠯᠡᠳᠬᠦ ᠳᠤᠤᠷ᠎ᠤᠨ ᠰᠦᠪᠡᠭᠴᠢ ᠵᠢ ᠪᠠᠶ᠋ᠢᠴᠠᠭ᠋ᠠᠨ ᠡᠵᠡᠮᠰᠢᠵᠦ᠂ 2019 ᠤᠨ᠎ᠤ 8 ᠰᠠᠷ᠎ᠠ ᠵᠢᠨ 17᠎ᠤ ᠤᠷᠤᠢ ᠪᠠᠷᠢᠪᠴᠢᠯᠠᠬᠤ ᠠᠵᠢᠯᠯᠠᠭ᠎ᠠ ᠠᠪᠴᠤ᠂ ᠬᠤᠤᠷ᠎ᠲᠠᠢ ᠬᠤᠯᠪᠤᠭᠳᠠᠭᠰᠠᠨ 16 ᠬᠦᠮᠦᠨ᠎ᠢ ᠪᠠᠷᠢᠪᠴᠢᠯᠠᠵᠦ᠂ 113.86 ᠭ᠋ᠷᠡᠮ ᠲᠠᠯᠠᠰᠳᠤ ᠬᠤᠤᠷ᠂ 270 ᠭ᠋ᠷᠡᠮ ᠰᠢᠩᠭᠡᠨ ᠪᠠᠶ᠎ᠠ᠎ᠳᠤ ᠳᠠᠯᠠᠰᠳᠤ ᠬᠤᠤᠷ ᠪᠠ ᠶᠡᠭᠡ ᠬᠡᠮᠵᠢᠶᠠᠨ᠎ᠤ ᠬᠤᠤᠷ ᠦᠢ᠍ᠯᠡᠳᠬᠦ ᠪᠠᠭ᠋ᠠᠵᠢ ᠵᠢ ᠬᠤᠷᠢᠶᠠᠮᠵᠢᠯᠠᠵᠠᠢ᠃
ᠲᠠᠪᠤ᠂ ᠤᠷᠳᠤᠰ ᠬᠤᠳᠠ ᠵᠢᠨ ᠵᠡᠭᠦᠨᠭ᠋ᠠᠷ ᠬᠤᠰᠢᠭᠤᠨ᠎ᠤ ᠳᠤᠳᠤᠭ᠋ᠠᠳᠤ ᠵᠢ ᠬᠠᠮᠠᠭ᠋ᠠᠯᠠᠬᠤ ᠳᠤᠪᠴᠢᠶ᠎ᠠ ᠵᠢᠨ ᠢᠯᠡᠷᠡᠭᠦᠯᠦᠭᠰᠡᠨ ᠬᠡᠷᠡᠭ
2018 ᠤᠨ᠎ᠤ 11 ᠰᠠᠷ᠎ᠠ᠎ᠳᠤ᠂ ᠤᠷᠳᠤᠰ ᠬᠤᠳᠠ ᠵᠢᠨ ᠵᠡᠭᠦᠨᠭ᠋ᠠᠷ ᠬᠤᠰᠢᠭᠤᠨ᠎ᠤ ᠳᠤᠳᠤᠭ᠋ᠠᠳᠤ ᠵᠢ ᠬᠠᠮᠠᠭ᠋ᠠᠯᠠᠬᠤ ᠳᠤᠪᠴᠢᠶ᠎ᠠ ᠱᠠᠨ ᠰᠢ᠂ ᠱᠠᠨᠰᠢ ᠦᠪᠤᠷ ᠮᠤᠩᠭᠤᠯ ᠭᠤᠷᠪᠠᠨ ᠮᠤᠵᠢ ᠤᠷᠤᠨ᠎ᠢ ᠠᠯᠤᠰᠯᠠᠭᠰᠠᠨ ᠬᠤᠤᠷ ᠰᠠᠷᠢᠭ᠋ᠠᠯᠠᠬᠤ ᠳᠤᠤᠷ᠎ᠢ ᠪᠠᠶ᠋ᠢᠴᠠᠭ᠋ᠠᠨ ᠳᠤᠳᠤᠯᠠᠵᠤ᠂ ᠳᠤᠰᠬᠠᠢ ᠬᠡᠷᠡᠭ᠎ᠤᠨ ᠳᠤᠭᠤᠶ᠋ᠢᠯᠠᠩ ᠪᠠᠶ᠋ᠢᠭᠤᠯᠤᠨ ᠭᠡᠳᠤᠨ ᠰᠠᠷ᠎ᠠ ᠳᠠᠩᠨᠡᠨ ᠪᠠᠶ᠋ᠢᠴᠠᠭ᠋ᠠᠬᠤ᠎ᠪᠠᠷ ᠳᠡᠮᠵᠢᠨ᠂ ᠲᠤᠰ ᠶᠠᠯᠠᠳᠤ ᠡᠪᠰᠡᠯ ᠪᠦᠯᠦᠭ᠎ᠢ ᠰᠦᠢ᠍ᠷᠡᠭᠦᠯᠵᠦ᠂ ᠳᠠᠯᠠᠰᠳᠤ ᠬᠤᠤᠷ ᠺᠣᠹᠧᠶᠢᠨᠢ ᠵᠦᠭᠡᠭᠡᠪᠦᠷᠢᠯᠡᠨ ᠦᠢ᠍ᠯᠡᠳᠴᠦ ᠰᠠᠷᠢᠭ᠋ᠠᠯᠠᠨ ᠬᠤᠳᠠᠯᠳᠤᠳᠠᠭ ᠴᠢᠬᠤᠯᠠ ᠵᠠᠮ᠎ᠢ ᠳᠠᠰᠤᠯᠵᠦ᠂ 17 ᠬᠡᠷᠡᠭ᠎ᠲᠤ ᠬᠤᠯᠪᠤᠭᠳᠠᠭᠰᠠᠨ ᠬᠦᠮᠦᠨ᠎ᠢ ᠪᠠᠷᠢᠪᠴᠢᠯᠠᠵᠦ᠂ 2300 ᠭᠠᠷᠤᠢ ᠭ᠋ᠷᠡᠮ ᠺᠣᠹᠧ᠎ᠶᠢᠨ᠂ 30 ᠭᠠᠷᠤᠢ ᠭ᠋ᠷᠡᠮ ᠬᠠᠷ᠎ᠠ ᠲᠡᠮᠡᠬᠢ ᠵᠢᠨ ᠨᠠᠭ᠋ᠠᠯᠲᠠ᠂ 6 ᠬᠡᠷᠡᠭ᠎ᠲᠤ ᠬᠤᠯᠪᠤᠭᠳᠠᠭᠰᠠᠨ ᠲᠡᠷᠭᠡ᠂ 29 ᠳᠦᠮᠠ ᠭᠠᠷᠤᠢ ᠲᠦᠭᠦᠷᠢᠭ ᠬᠡᠷᠡᠭ᠎ᠲᠤ ᠬᠤᠯᠪᠤᠭᠳᠠᠭᠰᠠᠨ ᠵᠤᠭᠤᠰ᠎ᠢ ᠬᠤᠷᠢᠶᠠᠮᠵᠢᠯᠠᠵᠠᠢ᠃
ᠵᠢᠷᠭᠤᠭ᠎ᠠ᠂ ᠪᠠᠶᠠᠨᠨᠠᠭᠤᠷ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠲᠠᠩᠨᠡᠨ ᠢᠯᠡᠷᠡᠭᠦᠯᠦᠭᠰᠡᠨ ᠬᠡᠷᠡᠭ
ᠪᠠᠶᠠᠨᠨᠠᠭᠤᠷ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠭᠤᠷᠪᠠᠨ ᠰᠠᠷ᠎ᠠ ᠰᠢᠬᠠᠮ ᠨᠠᠷᠢᠨ ᠨᠢᠭᠲᠠ ᠲᠠᠩᠨᠡᠨ ᠪᠠᠶ᠋ᠢᠴᠠᠭ᠋ᠠᠬᠤ᠎ᠪᠠᠷ ᠳᠡᠮᠵᠢᠨ᠂ ᠦᠪᠤᠷ ᠮᠤᠩᠭᠤᠯ᠂ ᠱᠠᠨ ᠰᠢ ᠱᠠᠨᠰᠢ᠂ ᠭᠤᠷᠪᠠᠨ ᠮᠤᠵᠢ ᠤᠷᠤᠨ᠎ᠲᠠᠢ ᠬᠤᠯᠪᠤᠭᠳᠠᠭᠰᠠᠨ ᠨᠢᠭᠡᠨ ᠤᠨᠴᠨ ᠶᠡᠭᠡ ᠬᠠᠤᠯᠢ ᠪᠤᠰᠤ᠎ᠪᠠᠷ ᠤᠯᠤᠰ᠎ᠠᠴᠠ ᠵᠡᠬᠢᠷᠤᠨ ᠬᠠᠮᠢᠶᠠᠷᠴᠤ ᠪᠠᠶ᠋ᠢᠭ᠎ᠠ ᠬᠤᠶᠠᠳᠤᠭ᠋ᠠᠷ ᠲᠦᠷᠤᠯ᠎ᠤᠨ ᠤᠶᠤᠨ ᠰᠠᠨᠠᠭ᠎ᠠ ᠮᠢᠨᠴᠤᠷᠡᠭᠦᠯᠬᠦ ᠡᠮ᠎ᠤᠨ ᠵᠦᠢ᠍ᠯᠡᠰ ᠪᠤᠯᠬᠤ ᠺᠣᠹᠧᠶᠢᠨᠢ ᠦᠢ᠍ᠯᠡᠳᠪᠦᠷᠢᠯᠡᠨ ᠪᠤᠯᠪᠰᠤᠷᠠᠭᠤᠯᠵᠦ ᠰᠠᠷᠢᠭ᠋ᠠᠯᠠᠨ ᠬᠤᠳᠠᠯᠳᠤᠵᠤ ᠪᠠᠶ᠋ᠢᠭᠰᠠᠨ ᠬᠡᠷᠡᠭ᠎ᠢ ᠢᠯᠡᠷᠡᠭᠦᠯᠵᠦ᠂ ᠬᠡᠷᠡᠭ ᠲᠤ ᠬᠤᠯᠪᠤᠭᠳᠠᠭᠰᠠᠨ 51 ᠬᠦᠮᠦᠨ᠎ᠢ ᠪᠠᠷᠢᠪᠴᠢᠯᠠᠵᠦ᠂ 2.8 ᠲᠣᠨ ᠺᠤᠹᠧ᠎ᠶᠢᠨ ᠬᠤᠷᠢᠶᠠᠮᠵᠢᠯᠠᠵᠦ᠂ 1 ᠬᠡᠶ᠋ᠢᠳᠤ ᠫᠤᠤ ᠪᠠᠶ᠋ᠢᠴᠠᠭ᠋ᠠᠨ ᠤᠯᠵᠠᠯᠠᠵᠤ᠂ 3 ᠦᠢ᠍ᠯᠡᠳᠪᠦᠷᠢᠯᠡᠨ ᠪᠣᠯᠪᠠᠰᠣᠷᠠᠭᠤᠯᠬᠤ ᠡᠭᠦᠷ᠎ᠢ ᠰᠦᠢ᠍ᠷᠡᠭᠦᠯᠦᠨ᠂ ᠡᠳᠤᠢ ᠲᠠᠳᠤᠢ ᠬᠤᠤᠷ ᠦᠢ᠍ᠯᠡᠳᠪᠦᠷᠢᠯᠡᠬᠦ ᠪᠠᠭ᠋ᠠᠵᠢ ᠵᠢ ᠬᠤᠷᠢᠶᠠᠮᠵᠢᠯᠠᠪᠠ᠃
ᠳᠤᠯᠤᠭ᠎ᠠ᠂ ᠦᠬᠠᠢ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠳᠤᠪᠴᠢᠶ᠎ᠠ ᠵᠢᠨ ᠬᠠᠶ᠋ᠢᠨᠠᠨ ᠳᠤᠭᠤᠷᠢᠭ᠎ᠤᠨ ᠬᠤᠪᠢᠶᠠᠷᠢ ᠳᠤᠪᠴᠢᠶ᠎ᠠ ᠵᠢᠨ ᠢᠯᠡᠷᠡᠭᠦᠯᠦᠭᠰᠡᠨ ᠬᠡᠷᠡᠭ
ᠦᠬᠠᠢ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠳᠤᠪᠴᠢᠶ᠎ᠠ ᠵᠢᠨ ᠬᠠᠶ᠋ᠢᠨᠠᠨ ᠳᠤᠭᠤᠷᠢᠭ᠎ᠤᠨ ᠬᠤᠪᠢᠶᠠᠷᠢ ᠳᠤᠪᠴᠢᠶ᠎ᠠ ᠵᠢᠨ ᠬᠤᠤᠷ ᠴᠠᠭ᠋ᠠᠵᠠᠯᠠᠬᠤ ᠶᠡᠭᠡ ᠠᠩᠭᠢ ᠴᠧᠩᠳᠦ᠋ ᠬᠤᠲᠡ᠂ ᠱ᠌ᠢ ᠵᠢᠶᠨ ᠵᠤᠸᠠᠩ ᠬᠤᠲᠡ᠂ ᠰᠦᠢ ᠬᠤᠸᠨ ᠬᠤᠲᠡ᠂ ᠹᠦᠵᠸᠦ ᠬᠤᠲᠡ᠂ ᠦᠬᠠᠢ ᠬᠤᠲᠡ ᠵᠡᠷᠭᠡ ᠳᠠᠪᠤᠨ ᠮᠤᠵᠢ ᠤᠷᠤᠨ᠎ᠤ ᠲᠠᠪᠤᠨ ᠬᠤᠲᠡ ᠵᠢ ᠪᠦᠷᠭᠦᠭᠰᠡᠨ ᠲᠠᠪᠤᠨ ᠳᠡᠰ ᠳᠠᠪᠬᠤᠷᠭ᠎ᠠ ᠵᠢᠨ ᠬᠤᠤᠷ ᠰᠠᠷᠢᠭ᠋ᠠᠯᠠᠬᠤ ᠳᠤᠤᠷ᠎ᠤᠨ ᠰᠦᠪᠡᠭᠴᠢ ᠵᠢ ᠤᠯᠵᠤ ᠮᠡᠳᠡᠵᠡᠢ᠃ ᠳᠤᠰᠬᠠᠢ ᠬᠡᠷᠡᠭ᠎ᠤᠨ ᠳᠤᠭᠤᠶ᠋ᠢᠯᠠᠩ᠎ᠤᠨ ᠴᠠᠭᠳᠠᠭ᠎ᠠ ᠨᠠᠷ ᠬᠡᠷᠡᠭ᠎ᠲᠤ ᠬᠤᠯᠪᠤᠭᠳᠠᠭᠰᠠᠨ 13 ᠬᠦᠮᠦᠨ᠎ᠢ ᠪᠠᠷᠢᠪᠴᠢᠯᠠᠵᠤ᠂ 1228.4 ᠭ᠋ᠷᠡᠮ ᠳᠠᠯᠠᠰᠳᠤ ᠬᠤᠤᠷ᠂ 92 ᠲᠦᠮᠠ ᠭᠠᠷᠤᠢ ᠲᠦᠭᠦᠷᠢᠭ ᠬᠡᠷᠡᠭ᠎ᠲᠤ ᠬᠤᠯᠪᠤᠭᠳᠠᠭᠰᠠᠨ ᠵᠤᠭᠤᠰ᠎ᠢ ᠬᠤᠷᠢᠶᠠᠮᠵᠢᠯᠠᠵᠤ᠂ ᠬᠡᠷᠡᠭ᠎ᠲᠤ ᠬᠤᠯᠪᠤᠭᠳᠠᠭᠰᠠᠨ 1 ᠮᠠᠰᠢᠨ ᠲᠡᠷᠭᠡ ᠵᠢ ᠬᠤᠷᠢᠶᠠᠮᠵᠢᠯᠠᠵᠤ ᠪᠠᠷᠢᠴᠠᠭ᠋ᠠᠨ᠎ᠳᠤ ᠦᠯᠡᠳᠡᠭᠡᠵᠡᠢ᠃
ᠨᠠᠢ᠍ᠮᠠ᠂ ᠬᠦᠯᠦᠨ ᠪᠦᠢ᠍ᠷ ᠬᠤᠲᠡ ᠵᠢᠨ ᠵᠠᠯᠠᠨ ᠠᠶ᠋ᠢᠯ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠢᠯᠡᠷᠡᠭᠦᠯᠦᠭᠰᠡᠨ ᠬᠡᠷᠡᠭ
ᠵᠠᠯᠠᠨ ᠠᠶ᠋ᠢᠯ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠬᠤᠤᠷ ᠴᠠᠭ᠋ᠠᠵᠠᠯᠠᠬᠤ ᠶᠡᠭᠡ ᠠᠩᠭᠢ ᠬᠤᠨᠠᠨ ᠮᠤᠵᠢ ᠵᠢᠨ ᠬᠤᠸᠠᠢ ᠬᠤᠸᠨ ᠬᠤᠲᠡ ᠵᠢᠨ ᠬᠤᠤᠷ ᠴᠠᠭ᠋ᠠᠵᠠᠯᠠᠬᠤ ᠰᠠᠯᠪᠤᠷᠢ ᠠᠩᠭᠢ᠎ᠲᠠᠢ ᠬᠠᠮᠳᠤᠷᠠᠨ 10 ᠰᠠᠷ᠎ᠠ ᠵᠢᠨ ᠬᠤᠭᠤᠴᠠᠭ᠎ᠠ ᠵᠢ ᠬᠡᠷᠡᠭᠰᠡᠨ 4 ᠲᠦᠮᠠ ᠭᠠᠷᠤᠢ ᠺᠢᠯᠤᠮᠧᠳ᠋ᠷ ᠠᠶᠠᠯᠠᠨ ᠨᠢᠭᠡᠨ ᠬᠤᠤᠷᠳᠤ ᠡᠳ᠋᠎ᠤᠨ ᠬᠡᠷᠡᠭ᠎ᠢ ᠢᠯᠡᠷᠡᠭᠦᠯᠵᠦ᠂ 28 ᠶᠠᠯ᠎ᠠ ᠵᠢᠨ ᠰᠡᠵᠢᠭᠲᠡᠨ᠎ᠢ ᠪᠠᠷᠢᠪᠴᠢᠯᠠᠵᠣ᠂ 28.414 ᠺᠢᠯᠣᠭ᠌ᠷᠠᠮ ᠬᠤᠣᠷᠲᠣ ᠡᠳ᠋ ᠬᠤᠷᠢᠶᠠᠮᠵᠢᠯᠠᠵᠤ᠂ 2 ᠬᠤᠤᠷ ᠦᠢ᠍ᠯᠡᠳᠬᠦ ᠡᠭᠦᠷ᠎ᠢ ᠰᠦᠢ᠍ᠷᠡᠭᠦᠯᠵᠦ᠂ 1 ᠬᠤᠤᠷ ᠦᠢ᠍ᠯᠡᠳᠬᠦ ᠮᠠᠲ᠋ᠧᠷᠢᠶᠠᠯ᠎ᠢ ᠬᠠᠳᠠᠭ᠋ᠠᠯᠠᠳᠠᠭ ᠬᠦᠮᠦᠷᠭᠡ ᠵᠢ ᠪᠠᠶ᠋ᠢᠴᠠᠭ᠋ᠠᠨ ᠢᠯᠡᠷᠡᠭᠦᠯᠵᠦ᠂ 1.5 ᠲᠤᠨ ᠬᠤᠤᠷ ᠦᠢ᠍ᠯᠡᠳᠬᠦ ᠲᠦᠭᠦᠭᠡᠢ ᠮᠠᠲ᠋ᠧᠷᠢᠶᠠᠯ᠎ᠢ ᠪᠠᠶ᠋ᠢᠴᠠᠭ᠋ᠠᠨ ᠤᠯᠵᠠᠯᠠᠵᠠᠢ᠃
ᠶᠢᠰᠦ᠂ ᠬᠦᠬᠡᠬᠤᠲᠡ ᠵᠢᠨ ᠲᠡᠮᠦᠷ ᠵᠠᠮ᠎ᠤᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠪᠠ ᠪᠤᠭᠤᠳᠤ ᠵᠢᠨ ᠳᠡᠮᠤᠷ ᠵᠠᠮ᠎ᠤᠨ ᠳᠤᠳᠤᠭ᠋ᠠᠳᠤ ᠵᠢ ᠬᠠᠮᠠᠭ᠋ᠠᠯᠠᠬᠤ ᠭᠠᠵᠠᠷ᠎ᠤᠨ ᠢᠯᠡᠷᠡᠭᠦᠯᠦᠭᠰᠡᠨ ᠬᠡᠷᠡᠭ
ᠪᠤᠭᠤᠲᠤ ᠵᠢᠨ ᠲᠡᠮᠦᠷ ᠵᠠᠮ᠎ᠤᠨ ᠳᠤᠳᠤᠭ᠋ᠠᠳᠤ ᠵᠢ ᠬᠠᠮᠠᠭ᠋ᠠᠯᠠᠬᠤ ᠭᠠᠵᠠᠷ ᠰᠧᠴᠤᠸᠠᠨ᠎ᠤ ᠳᠤᠳᠤᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠲᠠᠢ ᠬᠠᠮᠵᠢᠯᠴᠠᠨ ᠨᠢᠭᠡᠨ ᠬᠤᠤᠷᠳᠤ ᠡᠳ᠋᠎ᠤᠨ ᠬᠡᠷᠡᠭ᠎ᠢ ᠢᠯᠡᠷᠡᠭᠦᠯᠵᠦ᠂ ᠬᠤᠤᠷ᠎ᠲᠠᠢ ᠬᠤᠯᠪᠤᠭᠳᠠᠭᠰᠠᠨ 18 ᠶᠠᠯ᠎ᠠ ᠵᠢᠨ ᠰᠡᠵᠢᠭᠲᠡᠨ᠎ᠢ ᠪᠠᠷᠢᠪᠴᠢᠯᠠᠵᠤ᠂ 15.86 ᠺᠢᠯᠦᠭᠷᠡᠮ ᠾᠧᠷᠤᠶᠢᠨ ᠬᠤᠷᠢᠶᠠᠮᠵᠢᠯᠠᠪᠠ᠃
ᠠᠷᠪᠠ᠂ ᠬᠦᠯᠦᠨ ᠪᠦᠢ᠍ᠷ ᠬᠤᠲᠡ ᠵᠢᠨ ᠡᠷᠭᠦᠨ᠎ᠡ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠢᠯᠡᠷᠡᠭᠦᠯᠦᠭᠰᠡᠨ ᠬᠡᠷᠡᠭ
2019 ᠤᠨ᠎ᠤ 3 ᠰᠠᠷ᠎ᠠ᠎ᠳᠤ᠂ ᠡᠷᠭᠦᠨ᠎ᠡ ᠬᠤᠲᠡ ᠵᠢᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠬᠤᠤᠷ ᠴᠠᠭ᠋ᠠᠵᠠᠯᠠᠬᠤ ᠶᠡᠭᠡ ᠠᠩᠭᠢ ᠰᠧᠴᠤᠸᠠᠨ ᠮᠤᠵᠢ ᠵᠢᠨ ᠴᠧᠩᠳᠦ᠋ ᠬᠤᠲᠡ᠎ᠲᠠᠢ ᠬᠤᠯᠪᠤᠭ᠎ᠠ᠎ᠲᠠᠢ ᠤᠨᠴᠠ ᠶᠡᠭᠡ ᠮᠤᠵᠢ ᠠᠯᠤᠰᠯᠠᠭᠰᠠᠨ ᠬᠤᠤᠷ ᠰᠠᠷᠢᠭ᠋ᠠᠯᠠᠨ ᠵᠦᠭᠡᠭᠡᠪᠦᠷᠢᠯᠡᠬᠦ ᠳᠤᠤᠷ᠎ᠤᠨ ᠰᠦᠪᠡᠭᠴᠢ ᠵᠢ ᠤᠯᠵᠤ᠂ ᠴᠧᠩᠳᠦ᠋ ᠬᠤᠲᠡ᠎ᠳᠤ ᠬᠦᠷᠴᠦ ᠳᠠᠩᠨᠡᠨ ᠪᠠᠶ᠋ᠢᠴᠠᠭ᠋ᠠᠬᠤ ᠠᠵᠢᠯ ᠦᠷᠨᠢᠭᠦᠯᠵᠦ᠂ ᠡᠪᠰᠡᠯ ᠪᠦᠯᠦᠭ ᠪᠦᠷᠢᠯᠳᠦᠭᠦᠨ 28 ᠬᠦᠮᠦᠨ᠎ᠢ ᠨᠢᠭᠡᠯᠨ ᠳᠡᠭᠡᠷ᠎ᠡ ᠪᠠᠷᠢᠪᠴᠢᠯᠡᠵᠦ᠂ ᠳᠠᠯᠠᠰᠳᠤ ᠬᠤᠤᠷ ᠵᠡᠷᠭᠡ ᠡᠯ᠎ᠡ ᠵᠦᠢ᠍ᠯ᠎ᠤᠨ ᠬᠤᠤᠷᠳᠤ ᠡᠳ᠋᠎ᠢ ᠨᠡᠶ᠋ᠢᠲᠡ 2176. 64 ᠭ᠋ᠷᠡᠮ ᠬᠤᠷᠢᠶᠠᠮᠵᠢᠯᠠᠵᠤ᠂ ᠬᠡᠷᠡᠭ᠎ᠲᠤ ᠬᠤᠯᠪᠤᠭᠳᠠᠭᠰᠠᠨ 13.9 ᠲᠦᠮᠡᠨ ᠲᠦᠭᠦᠷᠢᠭ ᠵᠤᠭᠤᠰ᠂ 1 ᠮᠠᠰᠢᠨ ᠲᠡᠷᠭᠡ ᠵᠢ ᠪᠠᠷᠢᠴᠠᠭ᠋ᠠᠨ᠎ᠳᠤ ᠦᠯᠡᠳᠡᠭᠡᠵᠡᠢ᠃