ᠰᠦᠨ ᠤᠪᠤᠭᠲᠠᠨ ᠵᠡᠷᠭᠡ ᠬᠦᠮᠦᠰ ᠬᠠᠤᠯᠢ
ᠪᠤᠰᠤᠪᠠᠷ ᠫᠤᠤ ᠠᠪᠴᠤ ᠪᠠᠢ᠌ᠭᠰᠠᠨ ᠬᠡᠷᠡᠭ
ᠡᠵᠡᠨᠡ ᠬᠤᠰᠢᠭᠤᠨᠤ ᠤᠢ ᠰᠢᠭᠤᠢ ᠵᠢᠨ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶᠠ ᠨᠢᠭᠡᠨ ᠰᠡᠵᠢᠭᠯᠡᠯᠲᠡᠢ ᠲᠡᠷᠭᠡ ᠭᠠᠨᠰᠤ ᠵᠢᠨ ᠵᠢᠨ ᠲᠠ ᠰᠢᠶᠠᠨᠠᠴᠠ ᠮᠤᠷᠳᠠᠵᠤ ᠡᠵᠡᠨᠡ ᠬᠤᠰᠢᠭᠤᠨᠤ ᠳᠠᠯ ᠠᠭᠤᠯᠠ ᠰᠤᠮᠤ ᠵᠢᠨ ᠬᠠᠷᠢᠶᠠ ᠤᠷᠤᠨᠳᠤ ᠫᠤᠤ ᠠᠪᠴᠦ ᠬᠤᠯᠠᠭ᠋ᠠᠢ᠌ᠯᠠᠨ ᠠᠩᠨᠠᠬᠤ ᠭᠡᠵᠦ ᠪᠠᠢ᠌ᠭᠠ ᠵᠢ ᠬᠢᠨᠠᠨ ᠡᠵᠡᠮᠳᠡᠭᠡᠳ᠂ ᠴᠠᠭᠳᠠᠭᠠ ᠵᠢ ᠵᠤᠬᠢᠶᠠᠨ ᠪᠠᠢ᠌ᠭᠤᠯᠤᠨ ᠰᠡᠵᠢᠭᠯᠡᠯᠲᠡᠢ ᠲᠡᠷᠭᠡ ᠵᠢ ᠮᠦᠷᠳᠡᠵᠦ᠂ ᠲᠤᠬᠠᠢ ᠵᠢᠨ ᠲᠠᠯᠠᠪᠠᠢᠳᠤ ᠶᠠᠯᠠ ᠬᠢᠭᠰᠡᠨ ᠰᠡᠵᠢᠭᠲᠡᠨ ᠰᠦᠨ ᠤᠪᠤᠭᠲᠤ᠂ ᠴᠸᠨ ᠤᠪᠤᠭᠲᠤ ᠵᠢ ᠪᠠᠷᠢᠪᠴᠢᠯᠠᠵᠦ᠂ ᠦᠭᠡᠷᠡᠴᠢᠯᠡᠭᠰᠡᠨ ᠬᠠᠭ᠋ᠠᠰ 1 ᠠᠦ᠋ᠲ᠋ᠤ᠋ ᠶᠠᠪᠠᠭ᠋ᠠᠨ ᠫᠤᠤ᠂ 15 ᠰᠤᠮᠤ ᠵᠢᠴᠢ 396 ᠲᠤᠭᠤᠯᠭ᠋ᠠᠨ ᠰᠤᠮᠤ ᠪᠠᠢ᠌ᠴᠠᠭ᠋ᠠᠨ ᠤᠯᠵᠤ᠂ ᠪᠠᠰᠠ ᠶᠠᠯᠠ ᠬᠢᠭᠰᠡᠨ ᠰᠡᠵᠢᠭᠲᠡᠨ ᠰᠦᠨ ᠤᠪᠤᠭᠲᠤ ᠵᠢᠨ ᠡᠵᠡᠩᠨᠡᠵᠦ ᠪᠠᠢ᠌ᠭᠠ ᠲᠡᠷᠭᠡ ᠤᠬᠢᠶᠠᠬᠤ ᠭᠠᠵᠠᠷᠠᠴᠠ ᠦᠨᠳᠦᠷ ᠳᠠᠷᠤᠯᠳᠠᠳᠤ 1 ᠬᠡᠢ ᠫᠤᠤ᠂ 308 ᠲᠤᠭᠤᠯᠭ᠋ᠠᠨ ᠰᠤᠮᠤ ᠵᠢᠴᠢ ᠵᠢᠭᠦᠷᠲᠡᠨᠤ ᠲᠦᠷᠥᠯᠤᠨ ᠰᠡᠵᠢᠭᠯᠡᠯᠲᠡᠢ ᠬᠡᠭᠡᠷᠡ ᠵᠢᠨ ᠠᠮᠢᠲᠠᠨᠤ 4 ᠦᠭᠦᠳᠡᠯ᠂ ᠰᠡᠵᠢᠭᠯᠡᠯᠲᠡᠢ ᠬᠡᠭᠡᠷᠡ ᠵᠢᠨ ᠠᠮᠢᠲᠡᠨᠤ ᠮᠢᠬᠠ 2 ᠬᠡᠰᠡᠭ᠂ ᠰᠡᠵᠢᠭᠯᠡᠯᠲᠡᠢ ᠬᠡᠭᠡᠷᠡ ᠵᠢᠨ ᠠᠮᠢᠲᠡᠨᠤ 7 ᠡᠪᠡᠷᠢ ᠪᠠᠢ᠌ᠴᠠᠭ᠋ᠠᠨ ᠢᠯᠡᠷᠡᠭᠦᠯᠪᠡ᠃ ᠡᠵᠡᠨᠡ ᠬᠤᠰᠢᠭᠤᠨᠤ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶᠠ ᠳᠠᠷᠤᠢ ᠲᠤᠰᠬᠠᠢ ᠬᠡᠷᠡᠭᠤᠨ ᠳᠤᠭᠤᠢ᠌ᠯᠠᠩ ᠪᠠᠢ᠌ᠭᠤᠯᠵᠤ ᠭᠠᠨᠰᠤ ᠵᠢᠨ ᠵᠢᠨ ᠲᠠ ᠰᠢᠶᠠᠨᠤ ᠴᠠᠭᠳᠠᠭ᠋ᠠᠨᠤ ᠲᠠᠯᠠᠲᠠᠢ ᠬᠦᠴᠦᠪᠠᠨ ᠬᠠᠮᠲᠤᠳᠬᠠᠨ ᠠᠵᠢᠯᠯᠠᠵᠤ᠂ ᠤᠷᠭᠤᠨ ᠳᠤᠲᠠᠭ᠋ᠠᠵᠤ ᠪᠠᠢ᠌ᠭᠠ ᠰᠡᠵᠢᠭᠲᠡᠨ ᠶᠠᠩ ᠤᠪᠤᠭᠳᠤ᠂ ᠴᠸᠨ ᠤᠪᠤᠭᠲᠤ ᠵᠢ ᠶᠠᠯᠠᠪᠠᠨ ᠬᠦᠯᠢᠶᠡᠨ ᠪᠡᠶᠡᠪᠠᠨ ᠲᠤᠰᠢᠶᠠᠬᠤ ᠵᠢ ᠠᠯᠪᠠᠳᠠᠬᠤ ᠵᠢᠨ ᠬᠠᠮᠲᠦ ᠬᠤᠤᠰ ᠬᠤᠭᠤᠯᠠᠢ᠌ᠲᠤ 1 ᠠᠪᠠ ᠵᠢᠨ ᠫᠤᠤ᠂ ᠵᠢᠵᠢᠭ ᠠᠮᠠᠰᠠᠷᠳᠤ 1 ᠶᠠᠪᠠᠭ᠋ᠠᠨ ᠫᠤᠤ ᠵᠢ ᠪᠠᠢ᠌ᠴᠠᠭ᠋ᠠᠨ ᠬᠤᠷᠢᠶᠠᠮᠵᠢᠯᠠᠪᠠ᠃ ᠤᠳᠤ ᠬᠡᠷᠡᠭᠲᠤ ᠬᠤᠯᠪᠤᠭᠳᠠᠭᠰᠠᠨ 4 ᠫᠤᠤ᠂ 719 ᠰᠤᠮᠤ ᠵᠢᠴᠢ ᠬᠤᠯᠪᠤᠭᠳᠠᠯ ᠪᠦᠬᠦᠢ ᠡᠳ᠋ ᠪᠤᠳᠡᠰᠲᠤ ᠰᠢᠯᠭ᠋ᠠᠨ ᠳᠤᠭᠳᠠᠭ᠋ᠠᠬᠤ ᠠᠵᠢᠯᠯᠠᠭᠠ ᠵᠢ ᠶᠠᠪᠤᠭᠳᠠᠭᠤᠯᠵᠤ ᠪᠤᠢ᠃