ᠲᠡᠷᠢᠭᠦᠨ ᠬᠠᠭᠤᠳᠠᠰᠤ   -   ᠰᠤᠷᠪᠤᠯᠵᠢᠯᠠᠭ᠎ᠠ
ᠦᠪᠡᠷᠲᠡᠭᠡᠨ ᠵᠠᠰᠠᠬᠤ ᠤᠷᠤᠨ᠎ᠤ ᠳᠤᠳᠤᠭ᠋ᠠᠳᠤ ᠵᠢ ᠬᠠᠮᠠᠭ᠋ᠠᠯᠠᠬᠤ ᠲᠢᠩᠬᠢᠮ 2020 ᠤᠨ᠎ᠤ ᠦᠪᠡᠷᠲᠡᠭᠡᠨ ᠵᠠᠰᠠᠬᠤ ᠤᠷᠤᠨ᠎ᠤ ᠫᠤᠤ ᠳᠡᠯᠪᠡᠷᠡᠬᠦ ᠡᠳ᠋᠎ᠲᠤ ᠬᠤᠯᠪᠤᠭᠳᠠᠭᠰᠠᠨ ᠲᠠᠪᠤᠨ ᠨᠡᠢ᠌ᠲᠡᠯᠢᠭ ᠬᠡᠷᠡᠭ᠎ᠤᠨ ᠵᠢᠱ᠌ᠢᠶ᠎ᠡ ᠵᠢ ᠨᠡᠢ᠌ᠲᠡᠯᠡᠪᠡ (ᠲᠦᠷᠪᠡ)
ᠨᠡᠶ᠋ᠢᠲᠡᠯᠡᠭᠰᠡᠨ ᠴᠠᠭ᠄ 2021-02-01

          ᠯᠢ ᠤᠪᠤᠭᠲᠠᠨ ᠵᠠᠷᠭᠡ ᠬᠦᠮᠦᠰ᠎ᠤᠨ ᠬᠠᠤᠯᠢ

          ᠪᠤᠰᠤ᠎ᠪᠠᠷ ᠫᠤᠤ ᠦᠢ᠍ᠯᠡᠳᠴᠦ ᠫᠠᠨᠽᠠᠯᠠᠭᠰᠠᠨ ᠬᠡᠷᠡᠭ

     

      ᠲᠦᠩᠯᠢᠶᠤᠤ ᠬᠤᠲᠠ ᠵᠢᠨ ᠨᠠᠢ᠍ᠮᠠᠨ ᠬᠤᠰᠢᠭᠤᠨ᠎ᠤ ᠳᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠨᠢᠭᠡᠨ ᠬᠠᠤᠯᠢ ᠪᠤᠰᠤ᠎ᠪᠠᠷ ᠫᠤᠤ ᠠᠪᠴᠤ ᠪᠠᠢ᠌ᠭᠰᠠᠨ ᠬᠡᠷᠡᠭ᠎ᠢ ᠲᠠᠩᠨᠠᠨ ᠢᠯᠡᠷᠡᠭᠦᠯᠬᠦ ᠶᠠᠪᠤᠴᠠ᠎ᠳᠤ᠂ ᠯᠢ ᠤᠪᠤᠭᠲᠤ ᠵᠡᠷᠭᠡ ᠬᠦᠮᠦᠰ᠎ᠤᠨ ᠬᠠᠤᠯᠢ ᠪᠤᠰᠤ᠎ᠪᠠᠷ ᠫᠤᠤ ᠦᠢ᠍ᠯᠡᠳᠴᠦ ᠫᠠᠨᠽᠠᠯᠠᠭᠰᠠᠨ ᠰᠦᠪᠡᠭᠴᠢ ᠵᠢ ᠡᠵᠡᠮᠳᠡᠪᠡ᠃ ᠪᠠᠢ᠌ᠴᠠᠭ᠋ᠠᠯᠳᠠ᠎ᠳᠤ᠂ ᠯᠢ ᠤᠪᠤᠭᠲᠤ ᠬᠠᠮᠲᠤ ᠰᠤᠷᠤᠯᠭ᠋ᠠᠲᠠᠨ ᠯᠡᠩ ᠤᠪᠤᠭᠲᠤ ᠵᠢᠨ ᠡᠵᠡᠩᠨᠡᠵᠦ ᠪᠠᠢ᠌ᠭ᠎ᠠ ᠲᠡᠮᠥᠷᠯᠢᠭ ᠡᠳ᠋ᠯᠡᠯ᠎ᠤᠨ ᠬᠤᠳᠠᠯᠳᠤᠭ᠎ᠠ᠎ᠳᠤ ᠬᠦᠯᠦᠰᠦᠨ ᠠᠵᠢᠯ ᠬᠢᠵᠦ᠂ 2016 ᠤᠨ 12 ᠰᠠᠷ᠎ᠠ᠎ᠠᠴᠠ ᠡᠬᠢᠯᠡᠨ᠂ ᠰᠦᠯᠵᠢᠶᠡᠨ ᠳᠡᠭᠡᠷ᠎ᠡ᠎ᠠᠴᠠ ᠬᠠᠳᠠᠭ᠋ᠠᠰᠤ ᠬᠠᠷᠪᠤᠬᠤ ᠪᠠᠭ᠋ᠠᠵᠢ᠂ ᠵᠠᠭ᠋ᠠᠳᠠᠰᠤ ᠦᠭᠡᠢ ᠪᠤᠯᠤᠳ ᠬᠤᠭᠤᠯᠠᠢ᠂ ᠡᠪᠭᠡᠮᠡᠯ ᠫᠤᠤ ᠵᠢᠨ ᠲᠤᠬᠤ᠂ ᠤᠨᠢᠯᠠᠬᠤ ᠰᠢᠯ ᠵᠡᠷᠭᠡ ᠳᠠᠩ ᠲᠤᠨᠤᠭ᠎ᠢ ᠬᠤᠳᠠᠯᠳᠤᠨ ᠠᠪᠴᠤ᠂ ᠫᠤᠤ ᠦᠭᠡᠷᠡᠴᠢᠯᠡᠨ ᠬᠤᠳᠡᠯᠳᠤᠪᠡ᠃ ᠯᠢ ᠤᠪᠤᠭᠲᠤ  《ᠲᠤᠤ ᠪᠤᠤ》 ᠳᠡᠭᠡᠷ᠎ᠡ᠎ᠠᠴᠠ ᠭᠤᠷᠪᠡ ᠤᠳᠠᠭ᠎ᠠ ᠬᠠᠳᠠᠭ᠋ᠠᠰᠤ ᠬᠠᠷᠪᠤᠬᠤ ᠪᠠᠭ᠋ᠠᠵᠢ᠂ ᠵᠠᠭ᠋ᠠᠳᠠᠰᠤ ᠦᠭᠡᠢ ᠪᠤᠯᠤᠳ ᠬᠤᠭᠤᠯᠠᠢ᠂ ᠡᠪᠭᠡᠮᠡᠯ ᠫᠤᠤ ᠵᠢᠨ ᠲᠤᠬᠤ᠂ ᠤᠨᠢᠯᠠᠬᠤ ᠰᠢᠯ ᠵᠡᠷᠭᠡ ᠲᠤᠨᠤᠭᠯᠠᠯ᠎ᠢ ᠬᠤᠳᠠᠯᠳᠤᠨ ᠠᠪᠴᠤ᠂ 10 ᠫᠤᠤ ᠤᠭᠰᠠᠷᠠᠵᠤ ᠦᠭᠡᠷᠡᠴᠢᠯᠡᠨ ᠦᠢ᠍ᠯᠡᠳᠴᠦ᠂ ᠡᠭᠦᠨ᠎ᠤ 3 ᠵᠢ᠎ᠨᠢ ᠬᠤᠳᠠᠯᠳᠤᠵᠤ᠂ 7 ᠵᠢ᠎ᠨᠢ ᠪᠤᠰᠤᠳ ᠬᠦᠮᠦᠨ ᠪᠡᠯᠡᠭᠯᠡᠪᠡ᠃ ᠲᠤᠰ ᠬᠡᠷᠡᠭ᠎ᠲᠤ ᠤᠳᠤ 9 ᠶᠠᠯ᠎ᠠ ᠬᠢᠭᠰᠡᠨ ᠰᠡᠵᠢᠭᠲᠡᠨ᠎ᠢ ᠪᠠᠷᠢᠪᠴᠢᠯᠠᠵᠤ᠂ ᠪᠠᠯᠡᠭᠯᠡᠭᠰᠡᠨ ᠬᠤᠳᠠᠯᠳᠤᠭᠰᠠᠨ 10 ᠫᠤᠤ᠂ ᠦᠭᠡᠷᠡᠴᠢᠯᠡᠭᠡ ᠦᠭᠡᠢ 3 ᠬᠠᠳᠠᠭ᠋ᠠᠰᠤ ᠬᠠᠷᠪᠤᠬᠤ ᠪᠠᠭ᠋ᠠᠵᠢ ᠵᠢᠴᠢ ᠲᠤᠨᠤᠭ ᠬᠡᠷᠡᠭᠰᠡᠯ ᠪᠦᠬᠦᠨ᠎ᠢ ᠬᠠᠤᠯᠢ ᠶᠤᠰᠤᠭ᠋ᠠᠷ ᠬᠤᠷᠢᠶᠠᠮᠵᠢᠯᠠᠵᠤ᠂ 1 ᠬᠠᠤᠯᠢ ᠪᠤᠰᠤ᠎ᠪᠠᠷ ᠫᠤᠤ ᠦᠢ᠍ᠯᠡᠳᠴᠦ ᠫᠠᠨᠽᠠᠯᠠᠬᠤ ᠭᠠᠵᠠᠷ᠎ᠢ ᠰᠦᠢ᠍ᠷᠡᠭᠦᠯᠪᠡ᠃

ᠢᠷᠡᠯᠲᠡ᠄ ᠦᠪᠡᠷᠲᠡᠭᠡᠨ ᠵᠠᠰᠠᠬᠤ ᠤᠷᠤᠨ᠎ᠤ ᠳᠤᠳᠤᠭ᠋ᠠᠳᠤ ᠵᠢ ᠬᠠᠮᠠᠭ᠋ᠠᠯᠠᠬᠤ ᠲᠢᠩᠬᠢᠮ