ᠲᠡᠷᠢᠭᠦᠨ ᠬᠠᠭᠤᠳᠠᠰᠤ   -   ᠰᠤᠷᠪᠤᠯᠵᠢᠯᠠᠭ᠎ᠠ
ᠪᠡᠯᠭᠦᠳᠡᠢ ᠲᠣᠮᠢᠯᠠᠭᠰᠠᠨ ᠰᠠᠯᠪᠤᠷᠢ ᠵᠢᠨ ᠠᠷᠠᠳ᠎ᠤᠨ ᠴᠠᠭᠳᠠᠭ᠎ᠠ ᠯᠢᠦ ᠶᠠ ᠵᠢᠶᠦ᠋ᠨ᠎ᠤ ᠵᠢᠷ᠎ᠤᠨ ᠨᠢᠭᠡᠨ ᠡᠳᠦᠷ᠎ᠢ ᠲᠡᠮᠳᠡᠭᠯᠡᠪᠡ
ᠨᠡᠶ᠋ᠢᠲᠡᠯᠡᠭᠰᠡᠨ ᠴᠠᠭ᠄ 2021-03-10

          ᠪᠡᠯᠭᠦᠳᠡᠢ ᠲᠣᠮᠢᠯᠠᠭᠰᠠᠨ ᠰᠠᠯᠪᠤᠷᠢ ᠵᠢᠨ ᠠᠷᠠᠳ᠎ᠤᠨ ᠴᠠᠭᠳᠠᠭ᠎ᠠ

          ᠯᠢᠦ ᠶᠠ ᠵᠢᠶᠦ᠋ᠨ᠎ᠤ ᠵᠢᠷ᠎ᠤᠨ ᠨᠢᠭᠡᠨ ᠡᠳᠦᠷ᠎ᠢ ᠲᠡᠮᠳᠡᠭᠯᠡᠪᠡ
                                                             
     

     《ᠴᠠᠭᠳᠠᠭ᠎ᠠ ᠵᠢᠨ ᠬᠤᠪᠴᠠᠰᠤ ᠵᠢ ᠡᠮᠦᠰᠦᠭᠰᠡᠨ ᠪᠤᠯ ᠮᠦᠷᠦᠨ ᠳᠡᠭᠡᠷᠡᠬᠢ ᠠᠷᠢᠭᠤᠨ ᠲᠠᠷᠬᠠᠨ ᠡᠭᠦᠷᠭᠡ ᠬᠠᠷᠢᠭᠤᠴᠠᠯᠭ᠎ᠠ᠎ᠪᠠᠨ ᠵᠠᠪᠠᠯ ᠰᠠᠢ᠌ᠲᠤᠷ ᠡᠭᠦᠷᠭᠡᠯᠡᠬᠦ ᠬᠡᠷᠡᠭᠲᠡᠢ》 ᠬᠡᠵᠦ ᠠᠪᠠᠭ᠎ᠠ ᠬᠤᠰᠢᠭᠤᠨ᠎ᠤ ᠪᠡᠯᠭᠦᠳᠡᠢ ᠲᠣᠮᠢᠯᠠᠭᠰᠠᠨ ᠰᠠᠯᠪᠤᠷᠢ ᠵᠢᠨ ᠠᠷᠠᠳ᠎ᠤᠨ ᠴᠠᠭᠳᠠᠭ᠎ᠠ ᠯᠢᠦ ᠶᠠ ᠵᠢᠶᠦ᠋ᠨ᠎ᠤ ᠰᠤᠷᠪᠤᠯᠵᠢᠯᠠᠭᠴᠢ᠎ᠳᠤ ᠬᠡᠯᠡᠭᠰᠡᠨ ᠦᠭᠡ᠃ 1 ᠳ᠋ᠦ᠍ᠭᠡᠷ ᠰᠠᠷ᠎ᠠ ᠵᠢᠨ 10᠎ᠤ ᠡᠳᠦᠷ ᠪᠣᠯ ᠠᠩᠬᠠᠳᠠᠭᠴᠢ 《ᠳᠣᠮᠳᠠᠳᠤ ᠤᠯᠤᠰ᠎ᠤᠨ ᠠᠷᠠᠳ᠎ᠤᠨ ᠴᠠᠭᠳᠠᠭ᠎ᠠ ᠵᠢᠨ ᠪᠠᠶᠠᠷ᠎ᠤᠨ ᠡᠳᠦᠷ》 ᠪᠣᠯᠣᠨ᠎ᠠ᠂ ᠳᠤᠮᠳᠠᠳᠤ ᠤᠯᠤᠰ᠎ᠤᠨ ᠠᠷᠠᠳ᠎ᠤᠨ ᠴᠠᠭᠳᠠᠭ᠎ᠠ ᠵᠢᠨ ᠪᠠᠶᠠᠷ᠎ᠤᠨ ᠡᠳᠦᠷ ᠬᠦᠷᠴᠦ ᠢᠷᠡᠬᠦ ᠳᠠᠰᠢᠷᠠᠮ ᠵᠶ᠋ᠠᠷ᠂ ᠰᠤᠷᠪᠤᠯᠵᠢᠯᠠᠭᠴᠢ ᠨᠡᠶ᠋ᠢᠭᠡᠮ ᠲᠣᠭᠤᠷᠢᠭ᠎ᠤᠨ ᠠᠷᠠᠳ᠎ᠤᠨ ᠴᠠᠭᠳᠠᠭ᠎ᠠ ᠯᠢᠦ ᠶᠠ ᠵᠢᠶᠦ᠋ᠨ᠎ᠤ ᠵᠢᠷ᠎ᠤᠨ ᠨᠢᠭᠡᠨ ᠡᠳᠦᠷ᠎ᠢ ᠰᠤᠷᠪᠤᠯᠵᠢᠯᠠᠨ ᠲᠡᠮᠳᠡᠭᠯᠡᠭᠰᠡᠨ ᠪᠠᠶ᠋ᠢᠨ᠎ᠠ᠃
      ᠨᠢᠭᠡ ᠭᠠᠷ᠎ᠲᠤ᠎ᠪᠠᠨ ᠪᠤᠳᠠᠭ᠎ᠠ ᠳᠡᠭᠦᠵᠢᠯᠡᠵᠦ᠂ ᠨᠥᠭᠦᠭᠡ ᠭᠠᠷ᠎ᠲᠤ᠎ᠪᠠᠨ ᠢᠳᠡᠭᠡᠨ᠎ᠤ ᠲᠣᠰᠣ ᠠᠳᠬᠤᠨ ᠨᠡᠢ᠌ᠭᠡᠮ ᠲᠣᠭᠤᠷᠢᠭ᠎ᠤᠨ ᠬᠦᠴᠢᠷᠳᠡᠯ᠎ᠲᠠᠢ ᠰᠠᠭᠤᠭ᠋ᠠᠯᠢ ᠠᠷᠠᠳ᠎ᠢ ᠪᠣᠯᠭᠣᠭ᠋ᠠᠨ ᠲᠣᠬᠣᠨᠢᠭᠤᠯᠬᠤ᠎ᠪᠠᠷ ᠶᠠᠪᠤᠵᠤ ᠪᠠᠢ᠌ᠭᠰᠠᠨ ᠯᠢᠦ ᠶᠠ ᠵᠢᠶᠦ᠋ᠨ᠎ᠲᠠᠢ ᠰᠤᠷᠪᠤᠯᠵᠢᠯᠠᠭᠴᠢ ᠠᠩᠬ᠎ᠠ ᠤᠳᠠᠭ᠎ᠠ ᠡᠢ᠌ᠨ ᠬᠦ᠌ ᠠᠭᠤᠯᠵᠠᠵᠤ ᠪᠢᠯᠡ᠃
     《ᠴᠢᠰᠤᠨ ᠳᠠᠷᠣᠯᠲᠠ ᠪᠠᠭᠤᠷᠠᠭᠤᠯᠬᠤ ᠡᠮ ᠵᠶ᠋ᠠᠨ ᠤᠤᠭᠤᠭᠰᠠᠨ ᠦᠦ? ᠬᠡᠤᠬᠡᠳ᠎ᠤᠳ ᠴᠢᠨᠢ ᠬᠠᠷᠢᠵᠤ ᠢᠷᠡᠭᠰᠡᠨ ᠦᠦ? ᠪᠡᠶ᠎ᠡ ᠵᠢᠨ ᠴᠢᠨᠢ ᠪᠠᠢ᠌ᠳᠠᠯ ᠭᠠᠢ᠌ᠭᠤᠢ ᠪᠢᠵᠠ?》 ᠭᠡᠬᠦ ᠮᠡᠲᠦ᠎ᠪᠠᠷ ᠯᠢᠦ ᠶᠠ ᠵᠢᠶᠦ᠋ᠨ ᠨᠢᠭᠡᠨ ᠬᠠᠭᠤᠴᠢᠨ ᠨᠠᠶ᠋ᠢᠵᠠ᠎ᠪᠠᠨ ᠬᠠᠯᠠᠮᠵᠢᠯᠠᠵᠤ ᠪᠠᠢ᠌ᠭ᠎ᠠ ᠰᠢᠭ ᠵᠶ᠋ᠠᠷ ᠨᠡᠶ᠋ᠢᠭᠡᠮ ᠲᠣᠭᠣᠷᠢᠭ᠎ᠤᠨ ᠰᠠᠭᠤᠭ᠋ᠠᠯᠢ ᠠᠷᠠᠳ ᠵᠠᠩ ᠸᠧᠨ᠎ᠤ ᠠᠮᠢᠳᠤᠷᠠᠯ᠎ᠤᠨ ᠪᠠᠶ᠋ᠢᠳᠠᠯ᠎ᠢ ᠠᠰᠠᠭᠤᠵᠤ ᠪᠠᠶ᠋ᠢᠯ᠎ᠠ᠃ ᠡᠷᠦᠬᠡ᠎ᠳᠤ ᠭᠦᠨᠵᠡᠭᠡᠢ᠌ᠷᠡᠵᠦ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠮᠡᠳᠡᠯᠭᠡ ᠵᠢᠨ ᠤᠬᠠᠭᠤᠯᠭ᠎ᠠ ᠬᠢᠬᠦ᠂ ᠪᠣᠳᠠᠲᠠᠶ ᠬᠥᠮᠦᠨ ᠠᠮᠠ ᠵᠢᠨ ᠬᠠᠮᠢᠶᠠᠷᠤᠯᠲᠠ᠂ ᠬᠥᠷᠰᠢ ᠰᠠᠭ᠋ᠠᠬᠠᠯᠲᠠ ᠵᠢᠨ ᠵᠠᠭᠤᠷᠠᠯᠳᠤᠭ᠋ᠠᠨ᠎ᠢ ᠡᠶᠡᠳᠡᠭᠦᠯᠬᠦ᠂ ᠭᠠᠯ ᠤᠨᠲᠠᠷᠠᠭ᠋ᠠᠬᠤ ᠪᠠᠶ᠋ᠢᠴᠠᠭ᠋ᠠᠯᠲᠠ ᠵᠡᠷᠭᠡ ᠵᠢ ᠥᠷᠨᠢᠭᠦᠯᠬᠦ᠎ᠨᠢ ᠴᠥᠮ ᠨᠡᠶ᠋ᠢᠭᠡᠮ ᠲᠣᠭᠣᠷᠢᠭ᠎ᠤᠨ ᠠᠷᠠᠳ᠎ᠤᠨ ᠴᠠᠭᠳᠠᠭ᠎ᠠ ᠵᠢᠨ ᠡᠳᠦᠷ ᠲᠤᠲᠤᠮ᠎ᠤᠨ ᠠᠵᠢᠯ ᠪᠣᠯᠤᠨ᠎ᠠ᠂ ᠡᠭᠦᠨ᠎ᠠᠴᠠ ᠭᠠᠳᠠᠨ᠎ᠠ᠂ ᠵᠢᠯ ᠪᠦᠷᠢ ᠵᠣᠷᠰᠢᠯ ᠶᠣᠰᠣ᠎ᠪᠠᠷ ᠥᠨᠦᠴᠢᠨ ᠪᠡᠯᠪᠡᠰᠦᠨ ᠭᠠᠭᠴᠠ ᠪᠡᠶ᠎ᠡ ᠨᠠᠰᠤᠲᠠᠨ ᠪᠣᠯᠤᠨ ᠬᠦᠴᠢᠷᠳᠡᠯᠲᠡᠶ ᠬᠥᠮᠦᠰ᠎ᠢ ᠲᠣᠬᠣᠨᠢᠭᠤᠯᠬᠤ᠎ᠨᠢ ᠮᠥᠨ ᠴᠤ᠌ ᠲᠡᠭᠦᠨ᠎ᠤ ᠠᠵᠢᠯ᠎ᠤᠨ ᠨᠢᠭᠡ ᠬᠡᠰᠡᠭ ᠶᠤᠮ᠃ ᠬᠡᠳᠦᠢ᠌ᠪᠡᠷ ᠡᠳᠡᠭᠡᠷ ᠠᠵᠢᠯ᠎ᠨᠢ ᠬᠠᠷᠠᠬᠤ᠎ᠳᠤ ᠡᠭᠡᠯ ᠶᠡᠷᠦᠮᠳᠡᠭ ᠴᠤ᠌᠂ ᠬᠠᠷᠢᠨ ᠨᠡᠢ᠌ᠭᠡᠮ ᠲᠣᠭᠤᠷᠢᠭ᠎ᠤᠨ ᠰᠠᠭᠤᠭ᠋ᠠᠯᠢ ᠠᠷᠠᠳ᠎ᠤᠨ ᠰᠡᠳᠬᠢᠯ᠎ᠢ ᠳᠤᠯᠠᠭ᠋ᠠᠴᠠᠭᠤᠯᠵᠤ ᠴᠡᠷᠢᠭ ᠠᠷᠠᠳ᠎ᠤᠨ ᠵᠢᠭ᠋ᠠᠰᠤ ᠤᠰᠤᠨ᠎ᠤ ᠬᠠᠷᠢᠴᠠᠭ᠎ᠠ ᠵᠢ ᠬᠡᠳᠦᠢ᠌ᠨ ᠪᠣᠳᠠᠳᠠᠢ ᠦᠢ᠍ᠯᠡᠳᠦᠯᠭᠡ᠎ᠪᠠᠷ ᠭᠡᠷᠡᠴᠢᠯᠡᠭᠰᠡᠨ ᠪᠠᠢ᠌ᠯ᠎ᠠ᠃
      ᠠᠪᠠᠭ᠎ᠠ ᠬᠤᠰᠢᠭᠤᠨ᠎ᠤ ᠬᠠᠮᠪᠤ ᠨᠡᠶ᠋ᠢᠬᠡᠮ ᠲᠤᠭᠤᠷᠢᠭ᠎ᠤᠨ ᠰᠠᠭᠤᠭ᠋ᠠᠯᠢ ᠠᠷᠠᠳ ᠯᠢ ᠶᠢᠩ ᠬᠤᠸᠠ ᠰᠤᠷᠪᠤᠯᠵᠢᠯᠠᠭ᠎ᠠ ᠬᠦᠯᠢᠶᠡᠬᠦ᠎ᠳᠤ᠎ᠪᠠᠨ᠄
     — 《ᠮᠢᠨᠤ ᠨᠦᠬᠦᠷ᠎ᠤᠨ ᠲᠠᠷᠢᠬᠢᠨ᠎ᠳᠤ᠎ᠨᠢ ᠴᠢᠰᠤ ᠬᠠᠷᠪᠤᠵᠤ᠂ ᠬᠦᠯ ᠭᠠᠷ᠎ᠨᠢ ᠬᠥᠳᠡᠯᠬᠦ᠎ᠳᠤ ᠲᠦᠬᠦᠮ ᠦᠬᠡᠢ᠂ ᠬᠦᠷᠳᠦᠲᠦ ᠰᠠᠨᠳᠠᠯᠢ᠎ᠳᠤ ᠰᠠᠭᠤᠳᠠᠭ ᠶᠤᠮ᠂ ᠲᠡᠳᠡ ᠦᠷᠬᠦᠯᠵᠢ ᠪᠢᠳᠠᠨ᠎ᠢ ᠡᠷᠬᠢᠵᠦ ᠦᠵᠡᠬᠦ᠎ᠪᠠᠷ ᠢᠷᠡᠳᠡᠭ᠂ ᠪᠢᠳᠡ ᠦᠨᠡᠬᠡᠷ ᠶᠡᠬᠡ ᠲᠤᠭᠳᠤᠯᠵᠤ ᠪᠠᠶ᠋ᠢᠨ᠎ᠠ》 ᠭᠡᠵᠡᠢ᠃
      ᠯᠢᠦ ᠶᠠ ᠵᠢᠶᠦ᠋ᠨ ᠪᠣᠯ 2000 ᠣᠨ᠎ᠳᠤ ᠴᠡᠷᠢᠭ᠎ᠠᠴᠠ᠎ᠪᠠᠨ ᠬᠠᠯᠠᠭᠳᠠᠵᠦ 2003 ᠣᠨ᠎ᠳᠤ ᠮᠠᠨ᠎ᠤ ᠬᠤᠰᠢᠭᠤᠨ᠎ᠤ ᠳᠤᠲᠤᠭ᠋ᠠᠳᠦ ᠵᠢ ᠬᠠᠮᠠᠭ᠋ᠠᠯᠠᠬᠤ ᠲᠤᠪᠴᠢᠶᠠᠨ᠎ᠳᠤ ᠡᠯᠰᠡᠭᠳᠡᠵᠦ᠂ ᠨᠡᠢ᠌ᠬᠡᠮ ᠲᠤᠭᠤᠷᠢᠭ᠎ᠤᠨ ᠡᠭᠡᠯ ᠵᠢᠷ᠎ᠤᠨ ᠠᠷᠠᠳ᠎ᠤᠨ ᠴᠠᠭᠳᠠᠭ᠎ᠠ ᠪᠤᠯᠵᠠᠢ᠃ 18 ᠵᠢᠯ᠎ᠤᠨ ᠴᠠᠭᠳᠠᠭ᠎ᠠ ᠵᠢᠨ ᠠᠮᠢᠳᠤᠷᠠᠯ᠎ᠳᠤ᠎ᠪᠠᠨ ᠲᠡᠷᠡ ᠴᠡᠷᠢᠭ᠎ᠠᠴᠠ ᠬᠠᠯᠠᠭᠳᠠᠭᠰᠠᠳ᠎ᠤᠨ ᠡᠷᠡᠰ ᠰᠢᠭᠤᠷᠬᠠᠢ᠂ ᠬᠤᠷᠴᠠ ᠰᠡᠷᠭᠡᠭ ᠵᠠᠩ ᠴᠢᠨᠠᠷ ᠵᠶ᠋ᠠᠷ ᠵᠶ᠋ᠠᠨ ᠨᠡᠢ᠌ᠭᠡᠮ ᠲᠣᠭᠤᠷᠢᠭ᠎ᠤᠨ ᠠᠵᠢᠯ᠎ᠳᠤ᠎ᠪᠠᠨ ᠭᠢᠯᠠᠷᠠᠭᠤᠯᠵᠤ᠂ ᠰᠢᠯᠢᠳᠡᠭ ᠬᠠᠪᠰᠤᠷᠤᠭᠴᠢ ᠴᠠᠭᠳᠠᠭ᠎ᠠ᠂ ᠰᠢᠯᠢᠳᠡᠭ ᠡᠪ ᠬᠠᠮᠲᠤ ᠨᠠᠮ᠎ᠤᠨ ᠭᠡᠰᠢᠭᠦᠨ᠂ ᠬᠠᠮᠤᠭ᠎ᠠᠴᠠ ᠪᠠᠬᠠᠷᠬᠠᠯᠲᠠᠢ ᠴᠡᠷᠢᠭ᠎ᠠᠴᠠ ᠬᠠᠯᠠᠭᠳᠠᠭᠰᠠᠳ᠎ᠤᠨ ᠢᠷᠡᠭᠤ ᠠᠯᠳᠠᠷ᠎ᠢ ᠣᠯᠠᠨᠲᠠ ᠬᠦᠷᠲᠡᠭᠰᠡᠨ ᠪᠠᠢ᠌ᠨ᠎ᠠ᠃
      ᠠᠪᠠᠭ᠎ᠠ ᠬᠤᠰᠢᠭᠤᠨ᠎ᠤ ᠪᠡᠯᠭᠦᠳᠡᠢ ᠲᠣᠮᠢᠯᠠᠭᠰᠠᠨ ᠰᠠᠯᠪᠤᠷᠢ ᠵᠢᠨ ᠠᠷᠠᠳ᠎ᠤᠨ ᠴᠠᠬᠳᠠᠭ᠎ᠠ ᠯᠢᠦ ᠶᠠ ᠵᠢᠶᠦ᠋ᠨ ᠰᠤᠷᠪᠤᠯᠵᠢᠯᠠᠭ᠎ᠠ ᠬᠦᠯᠢᠶᠡᠬᠦ᠎ᠳᠤ᠎ᠪᠠᠨ᠄
     — 《ᠮᠠᠨ᠎ᠤ ᠡᠳᠦᠷ ᠪᠦᠷᠢ ᠵᠢᠨ ᠠᠵᠢᠯ ᠦᠨᠡᠨᠳᠡᠭᠡᠨ ᠮᠠᠰᠢ ᠬᠢᠯᠪᠠᠷ᠂ ᠵᠢᠵᠢᠬᠦᠷ᠎ᠤᠨ ᠪᠡᠯᠡᠳᠭᠡᠯ ᠬᠢᠬᠦ᠂ ᠨᠡᠶ᠋ᠢᠭᠡᠮ ᠲᠣᠭᠤᠷᠢᠭ᠎ᠲᠤ ᠣᠴᠢᠬᠤ᠂ ᠡᠷᠦᠬᠡ᠎ᠳᠤ ᠬᠦᠷᠴᠦ ᠪᠠᠶ᠋ᠢᠴᠠᠭ᠋ᠠᠯᠲᠠ ᠬᠢᠬᠦ ᠵᠡᠷᠭᠡ᠂ ᠭᠡᠪᠡᠴᠤ ᠪᠢ ᠡᠨᠡ ᠠᠵᠢᠯ᠎ᠳᠤ᠎ᠪᠠᠨ ᠳᠤᠷᠠᠲᠠᠢ᠂ ᠤᠴᠢᠷ᠎ᠨᠢ ᠰᠤᠷᠭ᠋ᠠᠭᠤᠯᠢ᠎ᠪᠠᠨ ᠲᠡᠭᠦᠰᠦᠮᠡᠭᠴᠡ ᠴᠡᠷᠢᠭ᠎ᠲᠤ ᠤᠷᠤᠵᠤ᠂ ᠲᠣᠮᠢᠯᠠᠭᠰᠠᠨ ᠰᠠᠯᠪᠤᠷᠢ᠎ᠳᠤ ᠰᠢᠯᠭ᠋ᠠᠨ ᠣᠷᠣᠨ ᠡᠨᠡ ᠬᠦ᠌ ᠴᠠᠭᠳᠠᠭ᠎ᠠ ᠵᠢᠨ ᠬᠤᠪᠴᠠᠰᠤ᠎ᠪᠠᠨ ᠡᠮᠦᠰᠦᠭᠰᠡᠨ ᠶᠤᠮ᠂ ᠬᠡᠳᠦᠢ᠌ᠪᠡᠷ ᠨᠡᠢ᠌ᠭᠡᠮ ᠲᠣᠭᠤᠷᠢᠭ᠎ᠤᠨ ᠴᠠᠭᠳᠠᠭ᠋ᠠᠨ᠎ᠤ ᠠᠵᠢᠯ ᠠᠷᠰᠠᠷ ᠤᠴᠢᠷ ᠣᠯᠠᠨ᠂ ᠣᠯᠠᠨ ᠶᠠᠩᠵᠤ ᠵᠢᠨ ᠬᠦᠮᠦᠨ᠎ᠲᠠᠢ ᠬᠠᠷᠢᠯᠴᠠᠳᠠᠭ ᠴᠤ᠌ ᠪᠢ ᠶᠡᠷᠦ᠎ᠠᠴᠠ ᠡᠨᠡ ᠬᠦ᠌ ᠠᠵᠢᠯ ᠵᠶ᠋ᠠᠨ ᠬᠠᠶᠠᠬᠤ ᠵᠢ ᠪᠣᠳᠤᠭ᠎ᠠ ᠦᠭᠡᠢ᠂ ᠤᠴᠢᠷ᠎ᠨᠢ ᠡᠨᠡ ᠬᠦ᠌ ᠴᠠᠭᠳᠠᠭ᠎ᠠ ᠵᠢᠨ ᠬᠤᠪᠴᠠᠰᠤᠨ᠎ᠳᠤ᠎ᠪᠠᠨ ᠤᠰᠤᠯᠳᠠᠵᠦ ᠪᠣᠯᠬᠣ ᠦᠭᠡᠢ ᠭᠡᠰᠡᠨ ᠢᠲᠡᠭᠡᠯ ᠪᠢᠰᠢᠷᠡᠯ ᠬᠡᠵᠢᠶᠡᠳᠡ ᠨᠠᠮ᠎ᠠ ᠵᠢ ᠳᠠᠭ᠋ᠠᠭᠤᠯᠤᠨ ᠤᠷᠤᠭᠰᠢᠯᠠᠳᠠᠭ ᠶᠤᠮ᠃ ᠡᠳᠦᠷ ᠪᠣᠯᠭ᠋ᠠᠨ ᠨᠡᠶ᠋ᠢᠭᠡᠮ ᠲᠣᠭᠣᠷᠢᠭ᠎ᠲᠤ ᠭᠦᠨᠵᠡᠭᠡᠢ᠌ᠷᠡᠨ ᠣᠯᠠᠨ ᠲᠥᠮᠡᠨ᠎ᠤ ᠪᠠᠢ᠌ᠳᠠᠯ᠎ᠢ ᠣᠢ᠌ᠯᠠᠭ᠋ᠠᠬᠤ᠎ᠠᠴᠠ ᠭᠠᠳᠠᠨ᠎ᠠ᠂ ᠨᠡᠶ᠋ᠢᠭᠡᠮ ᠲᠣᠭᠣᠷᠢᠭ᠎ᠤᠨ ᠨᠠᠮ᠎ᠤᠨ ᠡᠭᠦᠷ᠎ᠤᠨ ᠶᠡᠷᠦᠩᠬᠡᠶ ᠱᠦᠵᠢ᠎ᠲᠠᠢ ᠬᠠᠷᠢᠯᠴᠠᠵᠤ᠂ ᠨᠡᠶ᠋ᠢᠭᠡᠮ ᠲᠣᠭᠣᠷᠢᠭ᠎ᠤᠨ ᠰᠠᠭᠤᠭ᠋ᠠᠯᠢ ᠠᠷᠠᠳ᠎ᠤᠨ ᠡᠯ᠎ᠡ ᠵᠦᠢ᠍ᠯ᠎ᠤᠨ ᠪᠠᠶ᠋ᠢᠳᠠᠯ᠎ᠢ ᠣᠶ᠋ᠢᠯᠠᠭ᠋ᠠᠵᠤ᠂ ᠵᠥᠷᠢᠴᠡᠯ ᠵᠠᠭᠤᠷᠠᠯᠳᠤᠭ᠋ᠠᠨ᠎ᠢ ᠬᠠᠪᠰᠤᠷᠤᠨ ᠰᠢᠢ᠍ᠳᠪᠦᠷᠢᠯᠡᠬᠦ ᠪᠣᠯ ᠪᠠᠰᠠ ᠴᠤ᠌ ᠮᠢᠨᠦ ᠡᠳᠦᠷ ᠪᠦᠷᠢ ᠵᠢᠨ ᠠᠵᠢᠯ᠎ᠤᠨ ᠠᠭᠤᠯᠭ᠎ᠠ ᠪᠣᠯᠤᠨ᠎ᠠ᠃ 《ᠦᠨᠡᠨ᠎ᠳᠤ᠎ᠪᠠᠨ ᠮᠠᠨ᠎ᠤ ᠠᠵᠢᠯ ᠪᠣᠯ ᠳᠠᠷᠤᠢ ᠨᠠᠰᠤᠲᠠᠶ᠋ᠢᠴᠤᠳ ᠵᠶ᠋ᠠᠨ ᠬᠠᠯᠠᠮᠵᠢᠯᠠᠨ᠂ ᠠᠷᠠᠳ ᠲᠥᠮᠡᠨ᠎ᠳᠤ᠎ᠪᠠᠨ ᠦᠢ᠍ᠯᠡᠴᠢᠯᠡᠬᠦ ᠠᠵᠢᠯ ᠪᠣᠯᠣᠨ᠎ᠠ᠂ ᠶᠠᠮᠠᠷᠪᠠ ᠪᠠᠴᠢᠮ ᠶᠠᠪᠤᠳᠠᠯ᠂ ᠬᠦᠴᠢᠷ ᠶᠠᠪᠤᠳᠠᠯ᠂ ᠪᠠᠭ᠎ᠠ ᠰᠠᠭ᠎ᠠ ᠶᠠᠪᠤᠳᠠᠯ ᠴᠤ᠌᠎ᠳᠤ ᠭᠡᠰᠡᠨ᠂ ᠪᠢᠳᠡᠨ᠎ᠢ ᠬᠡᠷᠡᠭᠰᠡᠬᠦ᠎ᠳᠤ ᠯᠡ ᠪᠣᠯ᠂ ᠪᠢᠳᠡ ᠵᠠᠪᠠᠯ ᠳᠠᠷᠤᠢ ᠲᠦᠷᠭᠡᠨ ᠣᠴᠢᠬᠤ ᠬᠡᠷᠡᠭᠲᠡᠢ》 ᠭᠡᠵᠦ ᠨᠢᠭᠡᠨ ᠴᠡᠷᠢᠭ ᠬᠦᠮᠦᠨ᠎ᠤ ᠪᠠᠲᠤ ᠴᠢᠩᠭ᠎ᠠ ᠣᠪᠣᠷ ᠵᠶ᠋ᠠᠷ ᠰᠢᠭᠤᠷᠬᠠᠢ ᠶᠠᠷᠢᠵᠤ ᠪᠠᠢ᠌ᠯ᠎ᠠ᠃
    ᠠᠪᠠᠭ᠎ᠠ ᠬᠤᠰᠢᠭᠤᠨ᠎ᠤ ᠪᠡᠯᠭᠦᠳᠡᠢ ᠲᠣᠮᠢᠯᠠᠭᠰᠠᠨ ᠰᠠᠯᠪᠤᠷᠢ ᠵᠢᠨ ᠠᠷᠠᠳ᠎ᠤᠨ ᠴᠠᠬᠳᠠᠭ᠎ᠠ ᠯᠢᠦ ᠶᠠ ᠵᠢᠶᠦ᠋ᠨ᠄
    — 《ᠮᠢᠨᠤ ᠴᠡᠭᠡᠵᠢᠯᠡᠵᠦ ᠪᠠᠢ᠌ᠬᠤ᠎ᠪᠠᠷ᠂ 2017 ᠣᠨ᠎ᠤ 12 ᠳ᠋ᠤᠭ᠋ᠠᠷ ᠰᠠᠷ᠎ᠠ ᠵᠢᠨ ᠨᠢᠭᠡ ᠡᠳᠦᠷ᠂ ᠴᠢᠶᠣᠤ ᠠᠪᠠᠬᠠᠢ ᠵᠣᠭᠤᠰᠤᠨ ᠪᠣᠭᠴᠣ᠎ᠪᠠᠨ ᠭᠡᠭᠡᠭᠡᠳ   ᠳᠣᠲᠤᠷ᠎ᠠ᠎ᠨᠢ ᠲᠡᠭᠦᠨ᠎ᠤ ᠨᠠᠰᠤᠵᠢᠯ᠎ᠤᠨ ᠳᠠᠭ᠋ᠠᠳᠬᠠᠯ ᠵᠶ᠋ᠠᠨ ᠲᠤᠰᠢᠶᠠᠬᠤ᠎ᠪᠠᠷ ᠪᠡᠯᠡᠳᠭᠡᠭᠰᠡᠨ ᠨᠠᠢ᠍ᠮᠠᠨ ᠮᠢᠩᠭ᠎ᠠ ᠭᠠᠷᠤᠶ ᠲᠦᠭᠦᠷᠢᠭ᠎ᠤᠨ ᠪᠡᠯᠡᠨ ᠵᠣᠭᠤᠰ ᠪᠠᠢ᠌ᠭᠰᠠᠨ ᠶᠤᠮ᠂ ᠲᠡᠷᠡ ᠮᠠᠰᠢ ᠶᠡᠬᠡ ᠰᠠᠨᠳᠤᠷᠴᠤ᠂ ᠬᠠᠮᠤᠭ ᠲᠦᠷᠦᠭᠦᠨ᠎ᠳᠤ ᠨᠠᠮ᠎ᠠ ᠵᠢ ᠡᠷᠢᠵᠦ ᠢᠷᠡᠭᠰᠡᠨ᠂ ᠪᠢ ᠸᠢᠴᠠᠲ ᠵᠶ᠋ᠠᠷ ᠬᠤᠯᠪᠣᠭ᠎ᠠ ᠠᠪᠴᠤ᠂ ᠬᠢᠨᠠᠨ ᠡᠵᠡᠮᠳᠡᠭᠦᠷ᠎ᠢ ᠪᠠᠢ᠌ᠴᠠᠭ᠋ᠠᠬᠤ ᠵᠡᠷᠭᠡ ᠠᠷᠭ᠎ᠠ ᠪᠠᠷᠢᠯ ᠵᠶ᠋ᠠᠷ ᠲᠡᠭᠦᠨ᠎ᠳᠤ ᠵᠣᠭᠣᠰᠣᠨ ᠪᠤᠭᠴᠤ ᠵᠢ᠎ᠨᠢ ᠤᠯᠵᠤ ᠦᠭᠭᠦᠭᠰᠡᠨ ᠶᠤᠮ᠂ ᠬᠤᠵᠢᠮ᠎ᠨᠢ ᠲᠡᠷᠡ ᠡᠮᠡᠭᠲᠡᠢ ᠪᠠᠶ᠋ᠢᠭᠤᠯᠭ᠎ᠠ᠎ᠳᠤ ᠲᠠᠯᠠᠷᠬᠠᠬᠤ ᠵᠠᠬᠢᠳᠠᠯ ᠬᠦᠷᠭᠡᠵᠦ ᠣᠴᠢᠬᠤ᠎ᠳᠤ᠂ ᠲᠡᠭᠦᠨ᠎ᠤ ᠪᠠᠶᠠᠷᠯᠠᠭᠰᠠᠨ ᠴᠢᠷᠠᠢ ᠵᠢ ᠦᠵᠡᠭᠡᠳ ᠪᠢ ᠴᠤ᠌ ᠮᠠᠰᠢ ᠳᠣᠭᠳᠤᠯᠤᠭᠰᠠᠨ》 ᠬᠡᠮᠡᠨ ᠶᠠᠷᠢᠵᠦ ᠪᠠᠢ᠌ᠯ᠎ᠠ᠃
    ᠡᠳᠡᠭᠡᠷ ᠪᠤᠯ ᠵᠥᠪᠬᠡᠨ ᠯᠢᠦ ᠶᠠ ᠵᠢᠶᠦ᠋ᠨ᠎ᠤ ᠣᠯᠠᠨ ᠵᠢᠯ᠎ᠤᠨ ᠲᠤᠷᠰᠢ ᠨᠡᠶ᠋ᠢᠭᠡᠮ ᠲᠣᠭᠣᠷᠢᠭ᠎ᠤᠨ ᠠᠷᠠᠳ᠎ᠤᠨ ᠴᠠᠭᠳᠠᠭ᠎ᠠ ᠵᠢᠨ ᠠᠵᠢᠯ᠎ᠢ ᠡᠭᠦᠷᠭᠡᠯᠡᠬᠦ ᠶᠠᠪᠤᠴᠠ᠎ᠳᠠᠬᠢ ᠡᠭᠡᠯ ᠵᠢᠷ᠎ᠤᠨ ᠤᠴᠢᠷ ᠶᠠᠪᠤᠳᠠᠯ᠎ᠤᠳ ᠪᠣᠯᠣᠨ᠎ᠠ᠂ ᠭᠡᠪᠡᠴᠤ ᠶᠠᠭ ᠡᠳᠡᠭᠡᠷ ᠪᠠᠭ᠎ᠠ ᠰᠠᠭ᠎ᠠ ᠬᠡᠷᠡᠭ ᠶᠠᠪᠤᠳᠠᠯ᠎ᠨᠢ ᠲᠣᠭ᠋ᠠᠯᠠᠰᠢ ᠦᠭᠡᠢ ᠣᠯᠠᠨ ᠭᠡᠷ ᠵᠠᠭᠤᠷ᠎ᠠ ᠵᠢᠨ ᠤᠴᠢᠷ ᠶᠠᠪᠤᠳᠠᠯ᠎ᠢ ᠲᠡᠮᠳᠡᠭᠯᠡᠵᠦ᠂ ᠠᠮᠢᠳᠤᠷᠠᠯ᠎ᠤᠨ ᠭ᠋ᠱ᠌ᠠᠨ ᠪᠦᠷᠢ ᠵᠢ ᠲᠡᠮᠳᠡᠭᠯᠡᠨ᠂ ᠴᠡᠷᠢᠭ ᠪᠠ ᠠᠷᠠᠳ᠎ᠤᠨ ᠨᠥᠬᠥᠷᠰᠡᠭ ᠬᠠᠷᠢᠴᠠᠭ᠎ᠠ ᠵᠢ ᠤᠯᠠᠮ ᠵᠤᠵᠠᠭ᠋ᠠᠷᠠᠭᠤᠯᠤᠭᠰᠠᠨ ᠪᠠᠢ᠌ᠨ᠎ᠠ᠃ ᠶᠠᠭ ᠯᠢᠦ ᠶᠠ ᠵᠢᠶᠦ᠋ᠨ᠎ᠲᠠᠢ ᠠᠳᠠᠯᠢ᠎ᠪᠠᠷ ᠲᠥᠭ ᠲᠥᠮᠡᠨ ᠠᠷᠠᠳ᠎ᠤᠨ ᠴᠠᠭᠳᠠᠭ᠎ᠠ᠎ᠨᠢ ᠠᠷᠠᠳ ᠣᠯᠠᠨ᠎ᠤ᠎ᠪᠠᠨ ᠲᠥᠯᠦᠭᠡ ᠭᠤᠶᠠᠴᠢ ᠦᠭᠡᠢ ᠰᠡᠳᠬᠢᠯ ᠵᠶ᠋ᠠᠷ ᠦᠢ᠍ᠯᠡᠴᠢᠯᠡᠵᠦ᠂ ᠠᠷᠠᠳ ᠲᠥᠮᠡᠨ᠎ᠤ᠎ᠪᠠᠨ ᠡᠩᠬᠡ ᠲᠠᠢ᠌ᠪᠤᠩ᠎ᠤᠨ ᠲᠥᠯᠥᠭᠡ ᠰᠢᠷᠭ᠋ᠠᠭᠤ ᠠᠵᠢᠯᠯᠠᠵᠤ᠂ ᠠᠷᠠᠳ᠎ᠤᠨ ᠴᠠᠭᠳᠠᠭ᠎ᠠ ᠵᠢᠨ ᠦᠢ᠍ᠯᠡᠰ ᠵᠶ᠋ᠠᠨ ᠳᠡᠭᠡᠳᠦᠯᠡᠬᠦ ᠴᠢᠩ ᠦᠨᠡᠨᠴᠢ ᠰᠢᠳᠤᠷᠭᠤ ᠰᠡᠳᠬᠢᠯ᠎ᠢ ᠢᠯᠡᠷᠡᠭᠦᠯᠵᠦ᠂ ᠡᠭᠡᠯ ᠵᠢᠷ᠎ᠤᠨ ᠠᠵᠢᠯ᠎ᠤᠨ ᠪᠠᠢ᠌ᠷᠢ ᠳᠡᠭᠡᠷ᠎ᠡ᠎ᠪᠠᠨ ᠠᠮᠢᠳᠤᠷᠠᠯ᠎ᠤᠨ ᠭᠡᠷᠡᠯ ᠭᠢᠯᠪᠠᠭ᠎ᠠ ᠵᠢ ᠰᠠᠴᠤᠷᠠᠭᠤᠯᠵᠤ᠂ ᠪᠣᠳᠠᠲᠠᠢ ᠠᠵᠢᠯᠯᠠᠭ᠎ᠠ᠎ᠪᠠᠷ ᠵᠶ᠋ᠠᠨ ᠠᠷᠠᠳ᠎ᠤᠨ ᠴᠠᠭᠳᠠᠭ᠎ᠠ ᠵᠢᠨ ᠠᠷᠢᠭᠤᠨ ᠳᠠᠷᠬᠠᠨ ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠭᠡᠵᠦ ᠪᠠᠢ᠌ᠭ᠎ᠠ ᠪᠢᠯᠡ᠃ (ᠠᠪᠠᠭ᠎ᠠ ᠬᠣᠰᠢᠭᠤᠨ᠎ᠤ ᠲᠤᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠮᠥᠩᠬᠡᠨᠠᠰᠤᠨ ᠮᠡᠳᠡᠭᠡᠯᠡᠪᠡ)
                     

ᠢᠷᠡᠯᠲᠡ᠄ ᠰᠢᠯᠢ ᠵᠢᠨ ᠭᠤᠤᠯ ᠠᠢ᠌ᠮᠠᠭ᠎ᠤᠨ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ