ᠲᠡᠷᠢᠭᠦᠨ ᠬᠠᠭᠤᠳᠠᠰᠤ   -   ᠰᠤᠷᠪᠤᠯᠵᠢᠯᠠᠭ᠎ᠠ
ᠬᠦᠰᠡᠯ ᠨᠠᠶ᠋ᠢᠳᠠᠯᠭ᠎ᠠ ᠵᠢ ᠪᠠᠲᠤ ᠴᠡᠭᠡᠵᠢᠯᠡᠵᠦ ᠠᠴᠢ ᠵᠢ᠎ᠨᠢ ᠰᠠᠨᠠᠵᠤ ᠡᠷᠡᠯᠬᠡᠭᠯᠡᠨ ᠤᠷᠤᠭᠰᠢᠯᠠᠨ ᠰᠢᠨ᠎ᠡ ᠠᠶᠠᠨ ᠵᠠᠮ᠎ᠳᠤ 《ᠬᠣᠶᠠᠷ ᠬᠠᠯᠬᠠᠪᠴᠢ》 ᠵᠢᠨ ᠰᠢᠳᠤᠷᠭᠤ ᠬᠠᠮᠠᠭ᠋ᠠᠯᠠᠭᠴᠢ ᠪᠣᠯᠤᠶ᠎ᠠ — ᠥᠪᠡᠷᠲᠡᠭᠡᠨ ᠵᠠᠰᠠᠬᠤ ᠣᠷᠣᠨ᠎ᠤ ᠳᠡᠳ᠋ ᠲᠡᠷᠢᠭᠦᠯᠡᠭᠴᠢ᠂ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠎ᠤᠨ ᠳᠠᠷᠤᠭ᠎ᠠ ᠡᡁᠸᠩ ᠰᠢᠶᠤᠤ ᠹᠠᠨ᠎ᠢ ᠰᠤᠷᠪᠤᠯᠵᠢᠯᠠᠭᠰᠠᠨ᠎ᠨᠢ
ᠨᠡᠶ᠋ᠢᠲᠡᠯᠡᠭᠰᠡᠨ ᠴᠠᠭ᠄ 2022-04-11

      ᠣᠶ᠋ᠢᠷ᠎ᠠ᠎ᠳᠤ᠂ ᠶᠡᠷᠦᠩᠬᠡᠶ ᠱᠦᠵᠢ ᠰᠢ ᠵᠢᠨ ᠫᠢᠩ᠎ᠤᠨ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠥᠬᠥ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠲᠠᠪᠤᠳᠤᠭ᠋ᠠᠷ ᠬᠤᠷᠠᠯᠳᠤᠭ᠋ᠠᠨ᠎ᠤ ᠥᠪᠥᠷ ᠮᠣᠩᠭᠣᠯ᠎ᠤᠨ ᠲᠥᠯᠥᠭᠡᠯᠡᠭᠴᠢᠳ᠎ᠤᠨ ᠪᠦᠯᠬᠦᠮ᠎ᠤᠨ ᠬᠢᠨᠠᠨ ᠵᠥᠪᠯᠡᠬᠦ᠎ᠳᠤ ᠣᠷᠣᠯᠴᠠᠬᠤ ᠦᠶ᠎ᠡ ᠵᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢ ᠬᠡᠷᠬᠢᠨ ᠲᠤᠭᠤᠰᠢᠯᠠᠭᠤᠯᠤᠨ ᠨᠠᠶ᠋ᠢᠳᠠᠪᠤᠷᠢᠵᠢᠭᠤᠯᠬᠤ ᠲᠤᠬᠠᠶ ᠥᠪᠥᠷ ᠮᠣᠩᠭᠣᠯ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ ᠥᠪᠡᠷᠲᠡᠭᠡᠨ ᠵᠠᠰᠠᠬᠤ ᠣᠷᠣᠨ᠎ᠤ ᠳᠡᠳ᠋ ᠲᠡᠷᠢᠭᠦᠯᠡᠭᠴᠢ᠂ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠎ᠤᠨ ᠳᠠᠷᠤᠭ᠎ᠠ ᠾᠧᠩ ᠰᠢᠶᠤᠤ ᠹᠠᠨ᠎ᠢ ᠰᠤᠷᠪᠤᠯᠵᠢᠯᠠᠪᠠ᠃
     《ᠶᠡᠷᠦᠩᠬᠡᠢ ᠱᠦᠵᠢ ᠰᠢ ᠵᠢᠨ ᠫᠢᠩ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠲᠠᠪᠤᠳᠤᠭ᠋ᠠᠷ ᠬᠤᠷᠠᠯ᠎ᠤᠨ ᠥᠪᠥᠷ ᠮᠣᠩᠭᠣᠯ᠎ᠤᠨ ᠲᠥᠯᠥᠭᠡᠯᠡᠭᠴᠢᠳ᠎ᠤᠨ ᠪᠦᠯᠬᠦᠮ᠎ᠤᠨ ᠬᠢᠨᠠᠨ ᠵᠥᠪᠯᠡᠬᠦ᠎ᠳᠤ ᠣᠷᠣᠯᠴᠠᠬᠤ᠎ᠳᠤ᠎ᠪᠠᠨ ᠲᠠᠯᠪᠢᠭᠰᠠᠨ ᠴᠢᠬᠤᠯᠠ ᠶᠠᠷᠢᠶ᠎ᠠ᠂ ᠣᠳᠣᠬᠠᠨ᠎ᠤ ᠪᠠ ᠬᠣᠶ᠋ᠢᠰᠢᠳᠠ ᠵᠢᠨ ᠬᠡᠰᠡᠭ ᠬᠤᠭᠤᠴᠠᠭ᠋ᠠᠨ᠎ᠤ ᠥᠪᠥᠷ ᠮᠣᠩᠭᠣᠯ᠎ᠤᠨ ᠠᠵᠢᠯ᠎ᠢ ᠰᠠᠶ᠋ᠢᠲᠤᠷ ᠬᠢᠬᠦ᠎ᠳᠤ ᠴᠢᠬᠤᠯᠠ ᠱᠠᠭ᠋ᠠᠷᠳᠠᠯᠭ᠎ᠠ ᠳᠤᠷᠠᠳᠴᠤ᠂ ᠶᠡᠷᠦᠩᠬᠡᠢ ᠱᠦᠵᠢ ᠵᠢᠨ ᠥᠪᠥᠷ ᠮᠣᠩᠭᠣᠯ᠎ᠳᠠᠬᠢ ᠴᠢᠩ ᠰᠡᠳᠬᠢᠯ᠎ᠤᠨ ᠬᠠᠯᠠᠮᠵᠢᠯᠠᠯ ᠪᠠ ᠭᠦᠨ ᠵᠤᠵᠠᠭ᠋ᠠᠨ ᠬᠠᠶ᠋ᠢᠷ᠎ᠠ ᠰᠡᠳᠬᠢᠯᠭᠡ ᠵᠢ ᠢᠯᠡᠷᠡᠭᠦᠯᠵᠦ᠂ ᠰᠢᠨ᠎ᠡ ᠴᠠᠭ ᠦᠶ᠎ᠡ ᠵᠢᠨ ᠥᠪᠥᠷ ᠮᠣᠩᠭᠣᠯ᠎ᠤᠨ ᠦᠢ᠍ᠯᠡᠰ᠎ᠤᠨ ᠬᠥᠭᠵᠢᠯᠲᠡ ᠵᠢ ᠠᠬᠢᠭᠤᠯᠬᠤ᠎ᠳᠤ ᠴᠢᠬᠤᠯᠠ ᠵᠢᠷᠤᠮᠯᠠᠯ ᠬᠠᠩᠭ᠋ᠠᠵᠤ᠂ ᠬᠦᠴᠦᠷᠬᠡᠭ ᠶᠡᠬᠡ ᠬᠥᠳᠡᠯᠭᠡᠬᠦ ᠬᠦᠴᠦᠨ ᠨᠡᠮᠡᠷᠢᠯᠡᠭᠰᠡᠨ ᠪᠠᠶ᠋ᠢᠨ᠎ᠠ》 ᠭᠡᠵᠦ ᠬᠡᠯᠡᠪᠡ᠃ ᠾᠧᠩ ᠰᠢᠶᠤᠤ ᠹᠠᠨ ᠢᠯᠡᠷᠬᠡᠶ᠋ᠢᠯᠡᠬᠦ᠎ᠳᠤ᠎ᠪᠠᠨ᠂ ᠪᠦᠬᠦ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ᠎ᠬᠢᠨ ᠨᠢᠭᠡ ᠴᠣᠭᠴᠠ᠎ᠪᠠᠷ ᠵᠶ᠋ᠠᠨ ᠰᠤᠷᠤᠯᠴᠠᠵᠤ᠂ ᠦᠨᠡᠨᠴᠢ ᠢᠲᠡᠭᠡᠮᠵᠢᠲᠡᠶ᠎ᠪᠠᠷ ᠬᠡᠷᠡᠭᠵᠢᠭᠦᠯᠵᠦ᠂ ᠵᠣᠷᠢᠭ ᠵᠶ᠋ᠠᠨ ᠦᠯᠦ ᠬᠤᠪᠢᠷᠠᠭᠤᠯᠬᠤ᠂ ᠶᠣᠰᠣ᠎ᠪᠠᠨ ᠦᠯᠦ ᠬᠤᠪᠢᠷᠠᠭᠤᠯᠬᠤ᠎ᠪᠠᠷ ᠶᠡᠷᠦᠩᠬᠡᠢ ᠱᠦᠵᠢ ᠵᠢᠨ ᠵᠢᠭ᠋ᠠᠭᠰᠠᠨ ᠵᠥᠪ ᠴᠢᠭᠯᠡᠯ ᠵᠶ᠋ᠠᠷ ᠲᠤᠮᠤ ᠠᠯᠬᠤᠮ ᠵᠶ᠋ᠠᠷ ᠤᠷᠤᠭᠰᠢᠯᠠᠵᠤ᠂ ᠤᠯᠤᠰ ᠲᠦᠷᠦ ᠵᠢ ᠲᠡᠷᠢᠭᠦᠨ᠎ᠳᠤ ᠲᠠᠯᠪᠢᠬᠤ᠂ ᠤᠯᠠᠨ ᠲᠦᠮᠡᠨ᠎ᠢ ᠲᠡᠷᠢᠭᠦᠨ᠎ᠳᠤ ᠲᠠᠯᠪᠢᠬᠤ᠂ ᠦᠨᠳᠦᠰᠦᠨ ᠱᠠᠳᠤ ᠵᠢ ᠲᠡᠷᠢᠭᠦᠨ᠎ᠳᠤ ᠲᠠᠯᠪᠢᠬᠤ᠂ ᠠᠷᠠᠳ᠎ᠤᠨ ᠴᠠᠭᠳᠠᠭ᠎ᠠ ᠵᠢ ᠲᠡᠷᠢᠭᠦᠨ᠎ᠳᠤ ᠲᠠᠯᠪᠢᠬᠤ ᠵᠢ ᠪᠠᠷᠢᠮᠲᠠᠯᠠᠵᠤ᠂ 《ᠬᠣᠶᠠᠷ ᠬᠠᠯᠬᠠᠪᠴᠢ》 ᠵᠢᠨ ᠰᠢᠳᠤᠷᠭᠤ ᠬᠠᠮᠠᠭ᠋ᠠᠯᠠᠭᠴᠢ ᠪᠣᠯᠬᠤ ᠤᠯᠤᠰ ᠲᠦᠷᠦ ᠵᠢᠨ ᠡᠭᠦᠷᠭᠡᠯᠡᠯ᠂ ᠡᠭᠦᠷᠭᠡ ᠬᠠᠷᠢᠭᠤᠴᠠᠯᠭ᠎ᠠ᠂ ᠬᠠᠷᠢᠭᠤᠴᠠᠯᠭ᠎ᠠ ᠵᠢᠨ ᠡᠭᠦᠷᠭᠡᠯᠡᠯ ᠵᠶ᠋ᠠᠷ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠠᠮᠵᠢᠯᠲᠠ᠎ᠲᠠᠢ ᠬᠤᠷᠠᠯᠳᠤᠬᠤ᠎ᠳᠤ ᠠᠮᠤᠷ ᠲᠦᠪᠰᠢᠨ ᠲᠣᠭᠲᠠᠭᠤᠨ ᠤᠯᠤᠰ ᠲᠦᠷᠦ ᠨᠡᠶ᠋ᠢᠭᠡᠮ᠎ᠤᠨ ᠣᠷᠴᠢᠨ ᠲᠣᠭᠣᠷᠢᠨ᠎ᠢ ᠡᠷᠡᠰ ᠪᠤᠢ ᠪᠣᠯᠭ᠋ᠠᠵᠤ ᠥᠭᠬᠦ ᠬᠡᠷᠡᠭᠲᠡᠢ᠃
      《ᠲᠠᠪᠤᠨ ᠵᠠᠪᠠᠯ ᠶᠠᠪᠤᠬᠤ ᠵᠠᠮ》᠎ᠤᠨ ᠲᠤᠬᠠᠶ ᠰᠢᠨᠵᠢᠯᠡᠬᠦ ᠤᠬᠠᠭ᠋ᠠᠨᠴᠢ ᠨᠤᠲᠠᠯᠠᠯᠲᠠ ᠵᠢ ᠭᠦᠨᠵᠡᠭᠡᠶ ᠣᠶ᠋ᠢᠯᠠᠭ᠋ᠠᠵᠤ᠂ 《ᠬᠣᠶᠠᠷ᠎ᠢ ᠲᠣᠭᠲᠠᠭ᠋ᠠᠬᠤ》 ᠵᠢ ᠡᠷᠡᠰ ᠬᠦᠷᠢᠶᠡᠯᠡᠵᠦ᠂ 《ᠬᠣᠶᠠᠷ᠎ᠢ ᠬᠠᠮᠠᠭ᠋ᠠᠯᠠᠬᠤ》 ᠵᠢ ᠡᠷᠡᠰ ᠪᠡᠶᠡᠯᠡᠭᠦᠯᠬᠦ ᠬᠡᠷᠡᠭᠲᠡᠶ᠃ ᠶᠡᠷᠦᠩᠬᠡᠢ ᠱᠦᠵᠢ ᠠᠩᠬ᠎ᠠ ᠤᠳᠠᠭ᠎ᠠ 《ᠲᠠᠪᠤᠨ ᠵᠠᠪᠠᠯ ᠶᠠᠪᠤᠬᠤ ᠵᠠᠮ》 ᠵᠶ᠋ᠠᠷ ᠰᠢᠨ᠎ᠡ ᠴᠠᠭ ᠦᠶ᠎ᠡ ᠵᠢᠨ ᠨᠠᠮ ᠪᠣᠯᠤᠨ ᠠᠷᠠᠳ ᠲᠦᠮᠡᠨ᠎ᠤ ᠡᠷᠡᠯᠬᠡᠭᠯᠡᠨ ᠤᠷᠤᠭᠰᠢᠯᠠᠭᠰᠠᠨ ᠥᠩᠭᠡᠷᠡᠯᠲᠡ᠎ᠳᠤ ᠢᠯᠡᠷᠬᠡᠶ᠋ᠢᠯᠡᠭᠰᠡᠨ ᠴᠢᠬᠤᠯᠠ ᠲᠠᠨᠢᠯᠲᠠ ᠵᠢ ᠰᠢᠰᠲ᠋ᠧᠮ᠎ᠲᠠᠢ ᠲᠣᠳᠣᠷᠬᠠᠶ᠋ᠢᠯᠠᠨ ᠥᠭᠦᠯᠡᠭᠰᠡᠨ᠎ᠨᠢ ᠪᠢᠳᠡᠨ᠎ᠤ ᠰᠢᠨ᠎ᠡ ᠠᠶᠠᠨ ᠵᠠᠮ᠎ᠳᠤ ᠡᠷᠡᠯᠬᠡᠭᠯᠡᠨ ᠤᠷᠤᠭᠰᠢᠯᠠᠬᠤ᠂ ᠲᠠᠬᠢᠨ ᠭᠡᠷᠡᠯ ᠰᠠᠴᠤᠷᠠᠩᠭᠤᠢ ᠰᠢᠨ᠎ᠡ ᠡᠭᠦᠳᠦᠯᠲᠡ ᠵᠢ ᠡᠭᠦᠳᠬᠦ ᠵᠢᠨ ᠬᠦᠴᠦᠲᠡᠢ ᠦᠵᠡᠯ ᠰᠠᠨᠠᠭ᠋ᠠᠨ᠎ᠤ ᠵᠡᠪᠰᠡᠭ ᠪᠣᠯᠤᠨ᠎ᠠ᠃ ᠪᠦᠬᠦ  ᠣᠷᠣᠨ ᠎ᠤ   ᠳᠣᠲᠣᠭ᠋ᠠᠳᠤ ᠵᠢ   ᠬᠠᠮᠠᠭ᠋ᠠᠯᠠᠬᠤ   ᠪᠠᠶ᠋ᠢᠭᠤᠯᠭ᠎ᠠ ᠵᠢᠨ᠎ᠬᠢᠨ 《ᠲᠠᠪᠤᠨ ᠵᠠᠪᠠᠯ ᠶᠠᠪᠤᠬᠤ ᠵᠠᠮ》᠎ᠤᠨ ᠭᠣᠣᠯ ᠠᠭᠤᠯᠭ᠎ᠠ ᠪᠠ ᠦᠢ᠍ᠯᠡᠳᠦᠯᠭᠡ ᠵᠢᠨ ᠱᠠᠭ᠋ᠠᠷᠳᠠᠯᠭ᠎ᠠ ᠵᠢ ᠭᠦᠨᠵᠡᠭᠡᠶ ᠣᠶ᠋ᠢᠯᠠᠭ᠋ᠠᠵᠤ᠂ 《ᠬᠣᠶᠠᠷ᠎ᠢ ᠲᠣᠭᠲᠠᠭ᠋ᠠᠬᠤ》 ᠵᠢᠨ ᠰᠢᠢ᠍ᠳᠪᠦᠷᠢᠯᠡᠭᠴᠢ ᠠᠴᠢ ᠬᠣᠯᠪᠣᠭᠳᠠᠯ᠎ᠢ ᠭᠦᠨᠵᠡᠭᠡᠶ ᠲᠠᠨᠢᠵᠤ᠂ 《ᠳᠣᠲᠣᠭ᠋ᠠᠳᠤ ᠵᠢ ᠬᠠᠮᠠᠭ᠋ᠠᠯᠠᠬᠤ ᠪᠣᠯ ᠨᠠᠮ᠎ᠤᠨ᠎ᠬᠢ》 ᠭᠡᠳᠡᠭ᠎ᠢ ᠪᠠᠲᠤ ᠴᠡᠭᠡᠵᠢᠯᠡᠵᠦ᠂ 《ᠨᠢᠭᠡᠳᠦᠭᠡᠷ ᠵᠥᠪᠯᠡᠬᠦ ᠰᠡᠳᠦᠪ》᠎ᠤᠨ ᠲᠦᠷᠢᠮ᠎ᠢ ᠭᠦᠨᠵᠡᠭᠡᠶ᠋ᠢᠷᠡᠭᠦᠯᠵᠦ᠂ ᠤᠯᠤᠰ ᠲᠥᠷᠥ ᠵᠢᠨ ᠮᠠᠭ᠋ᠠᠳᠯᠠᠬᠤ ᠴᠢᠳᠠᠪᠤᠷᠢ᠂ ᠤᠯᠤᠰ ᠲᠥᠷᠥ ᠵᠢᠨ ᠣᠶ᠋ᠢᠯᠠᠭ᠋ᠠᠬᠤ ᠴᠢᠳᠠᠪᠤᠷᠢ᠂ ᠤᠯᠤᠰ ᠲᠥᠷᠥ ᠵᠢᠨ ᠬᠡᠷᠡᠭᠵᠢᠭᠦᠯᠬᠦ ᠴᠢᠳᠠᠪᠤᠷᠢ ᠵᠢ ᠲᠠᠰᠤᠷᠠᠯᠲᠠ ᠥᠬᠡᠶ ᠳᠡᠭᠡᠭᠰᠢᠯᠡᠭᠦᠯᠦᠨ᠂ 《ᠬᠣᠶᠠᠷ᠎ᠢ ᠬᠠᠮᠠᠭ᠋ᠠᠯᠠᠬᠤ》 ᠵᠢ ᠲᠡᠷᠢᠭᠦᠨ ᠴᠢᠬᠤᠯᠠ 《ᠤᠯᠤᠰ᠎ᠤᠨ ᠶᠡᠬᠡ ᠲᠠᠯ᠎ᠠ》 ᠪᠠ ᠬᠠᠮᠤᠭ᠎ᠤᠨ ᠳᠡᠭᠡᠳᠦ ᠤᠯᠤᠰ ᠲᠥᠷᠥ ᠵᠢᠨ ᠵᠠᠷᠴᠢᠮ᠂ ᠦᠨᠳᠦᠰᠦᠨ ᠤᠯᠤᠰ ᠲᠥᠷᠥ ᠵᠢᠨ ᠶᠣᠰᠣ ᠲᠦᠷᠢᠮ ᠪᠣᠯᠭ᠋ᠠᠵᠤ᠂ ᠤᠯᠤᠰ ᠲᠥᠷᠥ ᠵᠢᠨ ᠴᠢᠬᠤᠯᠠ ᠨᠥᠬᠥᠴᠡᠯ᠎ᠢ ᠰᠢᠢ᠍ᠳᠪᠦᠷᠢᠯᠡᠬᠦ ᠲᠦᠷᠢᠮ᠎ᠢ ᠲᠣᠭᠲᠠᠭ᠋ᠠᠨ ᠨᠠᠶ᠋ᠢᠳᠠᠪᠤᠷᠢᠵᠢᠭᠤᠯᠵᠤ᠂ ᠶᠡᠷᠦᠩᠬᠡᠶ ᠱᠦᠵᠢ ᠰᠢ ᠵᠢᠨ ᠫᠢᠩ᠎ᠤᠨ ᠴᠢᠬᠤᠯᠠ ᠵᠢᠭ᠋ᠠᠪᠤᠷᠢ ᠴᠣᠬᠣᠯᠠᠪᠤᠷᠢ ᠪᠠ ᠨᠠᠮ᠎ᠤᠨ ᠲᠥᠪ ᠬᠣᠷᠢᠶᠠᠨ᠎ᠤ ᠴᠢᠬᠤᠯᠠ ᠶᠡᠬᠡ ᠰᠢᠶᠳᠪᠦᠷᠢᠲᠦ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢ ᠨᠠᠶ᠋ᠢᠳᠠᠪᠤᠷᠢᠵᠢᠭᠤᠯᠤᠨ ᠪᠣᠳᠠᠲᠠᠶ᠎ᠳᠤ ᠨᠠᠶ᠋ᠢᠳᠠᠪᠤᠷᠢᠵᠢᠭᠤᠯᠬᠤ ᠵᠢ ᠲᠥᠷᠥᠯ ᠵᠦᠢ᠍ᠯᠴᠢᠯᠡᠨ ᠠᠬᠢᠭᠤᠯᠬᠤ ᠬᠡᠷᠡᠭᠲᠡᠶ᠃ 《ᠶᠡᠬᠡ ᠬᠢᠨᠠᠯᠲᠠ》 ᠵᠢᠨ ᠪᠠᠶ᠋ᠢᠷᠢᠰᠢᠯ᠎ᠢ ᠪᠠᠶ᠋ᠢᠭᠤᠯᠤᠨ ᠲᠡᠭᠦᠯᠳᠡᠷᠵᠢᠭᠦᠯᠵᠦ᠂ ᠨᠠᠷᠢᠨ ᠳᠠᠩᠰᠠ ᠵᠢᠨ ᠬᠡᠯᠪᠡᠷᠢ᠎ᠪᠠᠷ ᠤᠯᠤᠰ ᠲᠦᠷᠦ ᠵᠢᠨ ᠴᠠᠭᠳᠠᠨ ᠪᠠᠶ᠋ᠢᠴᠠᠭ᠋ᠠᠵᠤ ᠱᠠᠯᠠᠪᠳᠠᠭᠤᠯᠤᠨ ᠪᠠᠶ᠋ᠢᠴᠠᠭ᠋ᠠᠬᠤ ᠵᠢ ᠥᠷᠨᠢᠭᠦᠯᠵᠦ᠂ ᠤᠯᠤᠰ ᠲᠦᠷᠦ ᠵᠢᠨ ᠰᠠᠬᠢᠯᠭ᠎ᠠ ᠪᠠᠲᠤ ᠪᠣᠯᠤᠨ ᠤᠯᠤᠰ ᠲᠦᠷᠦ ᠵᠢᠨ ᠶᠣᠰᠣ ᠲᠦᠷᠢᠮ᠎ᠢ ᠴᠢᠩᠳᠠᠯᠠᠵᠤ᠂ ᠠᠯᠢᠪᠠ ᠪᠦᠬᠦᠨ᠎ᠢ ᠳᠤᠲᠠᠭᠤ ᠲᠤᠷᠭᠤᠨ ᠬᠢᠬᠦ᠂ ᠰᠣᠩᠭᠣᠯᠲᠠ ᠬᠢᠬᠦ᠂ ᠵᠣᠬᠢᠴᠠᠭᠤᠯᠬᠤ ᠠᠵᠢᠯᠯᠠᠭ᠎ᠠ ᠵᠢ ᠡᠷᠡᠰ ᠬᠣᠷᠢᠭᠯᠠᠵᠤ᠂ ᠰᠦᠨ ᠯᠢ ᠵᠢᠶᠦ᠋ᠨ᠎ᠤ ᠤᠯᠤᠰ ᠲᠦᠷᠦ ᠵᠢᠨ ᠡᠪᠰᠡᠯ ᠪᠦᠯᠦᠭ ᠵᠢᠴᠢ ᠹᠦ᠋ ᠵᠧᠩ ᠬᠤᠸᠠ᠂ ᠵᠤᠤ ᠯᠢ ᠫᠢᠩ᠂ ᠮᠠ ᠮᠢᠩ ᠵᠡᠷᠭᠡ ᠬᠥᠮᠦᠰ᠎ᠤᠨ ᠬᠣᠣᠷ ᠨᠥᠯᠥᠭᠡ ᠵᠢ ᠲᠤᠶ᠋ᠢᠯᠪᠤᠷᠢᠲᠠᠢ ᠠᠷᠢᠯᠭ᠋ᠠᠵᠤ᠂ ᠶᠠᠮᠠᠷᠪᠠ ᠴᠠᠭ ᠦᠶ᠎ᠡ᠂ ᠶᠠᠮᠠᠷᠪᠠ ᠪᠠᠶ᠋ᠢᠳᠠᠯ ᠳᠣᠣᠷ᠎ᠠ ᠴᠥᠮ ᠶᠡᠷᠦᠩᠬᠡᠢ ᠱᠦᠵᠢ ᠰᠢ ᠵᠢᠨ ᠫᠢᠩ᠎ᠤᠨ ᠵᠠᠷᠯᠢᠭ᠂ ᠨᠠᠮ᠎ᠤᠨ ᠲᠥᠪ ᠬᠣᠷᠢᠶᠠᠨ᠎ᠤ ᠵᠢᠯᠤᠭᠤᠳᠤᠯᠭ᠎ᠠ ᠵᠢ ᠡᠷᠡᠰ ᠳᠠᠭ᠋ᠠᠬᠤ ᠵᠢ ᠪᠠᠲᠤᠯᠠᠬᠤ ᠬᠡᠷᠡᠭᠲᠡᠢ᠃
      ᠶᠡᠷᠦᠩᠬᠡᠢ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠰᠠᠶ᠋ᠢᠲᠤᠷ ᠬᠢᠬᠦ ᠲᠤᠬᠠᠢ ᠴᠢᠬᠤᠯᠠ ᠵᠢᠭ᠋ᠠᠪᠤᠷᠢ ᠵᠢᠨ ᠱᠠᠭ᠋ᠠᠷᠳᠠᠯᠭ᠎ᠠ ᠵᠢ ᠭᠦᠨᠵᠡᠭᠡᠢ ᠣᠶ᠋ᠢᠯᠠᠭ᠋ᠠᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠪᠤᠢ ᠪᠣᠯᠭ᠋ᠠᠬᠤ ᠡᠨᠡ ᠬᠦ᠌ ᠭᠣᠣᠯ ᠱᠤᠭᠤᠮ᠎ᠲᠠᠢ ᠨᠢᠭᠲᠠ ᠤᠶᠠᠯᠳᠤᠭᠤᠯᠤᠨ ᠦᠨᠳᠦᠰᠦᠲᠡᠨ᠎ᠤ ᠠᠵᠢᠯ᠎ᠢ ᠰᠦᠪᠡᠭᠴᠢᠯᠡᠨ ᠠᠬᠢᠭᠤᠯᠬᠤ ᠬᠡᠷᠡᠭᠲᠡᠢ᠃ ᠪᠦᠬᠦ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ᠎ᠬᠢᠨ ᠢᠮᠠᠭᠲᠠ ᠤᠯᠤᠰ ᠲᠦᠷᠦ ᠵᠢᠨ ᠲᠠᠯ᠎ᠠ᠎ᠪᠠᠷ᠂ ᠪᠦᠬᠦ ᠲᠠᠯ᠎ᠠ᠎ᠠᠴᠠ ᠦᠨᠳᠦᠰᠦᠲᠡᠨ᠎ᠤ ᠠᠵᠢᠯ᠎ᠢ ᠲᠠᠨᠢᠨ ᠡᠵᠡᠮᠰᠢᠵᠦ᠂ ᠨᠠᠮ᠎ᠤᠨ ᠦᠨᠳᠦᠰᠦᠲᠡᠨ᠎ᠤ ᠤᠨᠤᠯ ᠪᠣᠯᠤᠨ ᠦᠨᠳᠦᠰᠦᠲᠡᠨ᠎ᠤ ᠲᠦᠷᠦ ᠵᠢᠨ ᠪᠤᠳᠤᠯᠭ᠎ᠠ ᠵᠢ ᠪᠦᠬᠦ ᠲᠠᠯ᠎ᠠ᠎ᠪᠠᠷ ᠤᠢ᠍ᠢ᠍ᠯᠠᠭ᠋ᠠᠨ ᠭᠦᠨᠵᠡᠭᠡᠢ ᠲᠤᠭᠤᠰᠢᠯᠠᠭᠤᠯᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ ᠱᠠᠭ᠋ᠠᠷᠳᠠᠯᠭ᠎ᠠ ᠵᠢ ᠪᠦᠬᠦ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠠᠵᠢᠯ᠎ᠤᠨ ᠡᠯ᠎ᠡ ᠲᠠᠯ᠎ᠠ ᠵᠢᠨ ᠪᠦᠬᠦ ᠶᠠᠪᠤᠴᠠ᠎ᠳᠤ ᠨᠠᠶ᠋ᠢᠳᠠᠪᠤᠷᠢᠵᠢᠭᠤᠯᠵᠤ᠂ ᠭᠠᠷᠳᠠᠴᠠ᠎ᠨᠢ ᠪᠤᠲᠠᠲᠠᠢ᠂ ᠬᠦᠯᠢᠶᠡᠨ ᠠᠪᠤᠭᠴᠢᠳ᠎ᠲᠤ ᠲᠦᠷᠦᠭᠳᠡᠯ᠎ᠲᠠᠢ᠂ ᠰᠤᠷᠭ᠋ᠠᠨ ᠬᠥᠮᠦᠵᠢᠯ᠎ᠨᠢ ᠪᠦᠲᠦᠮᠵᠢᠲᠡᠢ ᠪᠠᠶ᠋ᠢᠬᠤ ᠵᠢ ᠪᠡᠶᠡᠯᠡᠭᠦᠯᠬᠦ ᠬᠡᠷᠡᠭᠲᠡᠢ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ  ᠪᠡᠬᠢ  ᠪᠤᠢ   ᠪᠣᠯᠭ᠋ᠠᠬᠤ   ᠬᠥᠮᠦᠵᠢᠯ ᠎ᠢ   ᠪᠠᠶ᠋ᠢᠩᠭᠤᠵᠢᠭᠤᠯᠤᠨ ᠥᠷᠨᠢᠭᠦᠯᠵᠦ᠂ ᠪᠦᠬᠦ ᠴᠠᠭᠳᠠᠭ᠎ᠠ ᠵᠢ ᠬᠦᠳᠦᠯᠦᠨ ᠵᠢᠯᠣᠭᠣᠳᠴᠤ ᠪᠠᠶ᠋ᠢᠭ᠋ᠠᠳ ᠵᠢᠷᠭ᠋ᠠᠯ ᠵᠣᠪᠠᠯᠠᠩ ᠵᠶ᠋ᠠᠨ ᠬᠠᠮᠲᠤᠳᠬᠠᠬᠤ᠂ ᠠᠯᠳᠠᠷ ᠭᠤᠲᠤᠮᠰᠢᠭ ᠵᠶ᠋ᠠᠨ ᠬᠠᠮᠲᠤᠳᠬᠠᠬᠤ᠂ ᠦᠬᠦᠵᠦ ᠰᠡᠭᠡᠬᠦ᠎ᠪᠠᠨ ᠬᠠᠮᠲᠤᠳᠬᠠᠬᠤ᠂ ᠬᠤᠪᠢ ᠵᠠᠶᠠᠭ᠎ᠠ᠎ᠪᠠᠨ ᠬᠠᠮᠲᠤᠳᠬᠠᠬᠤ ᠬᠠᠮᠲᠤ ᠵᠢᠨ ᠴᠣᠭᠴᠠ ᠵᠢᠨ ᠣᠶ᠋ᠢᠯᠠᠭ᠋ᠠᠭᠳᠠᠬᠤᠨ᠎ᠢ ᠪᠠᠲᠤ ᠪᠤᠢ ᠪᠣᠯᠭ᠋ᠠᠵᠤ᠂ ᠪᠦᠬᠦ ᠴᠠᠭᠳᠠᠭ᠎ᠠ ᠵᠢᠨ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠤᠨ ᠴᠢᠳᠠᠪᠤᠷᠢ ᠵᠢ ᠳᠡᠭᠡᠭᠰᠢᠯᠡᠭᠦᠯᠬᠦ ᠬᠡᠷᠡᠭᠲᠡᠢ᠃ ᠳᠡᠭᠡᠳᠦ ᠬᠡᠮᠵᠢᠶᠡᠨ᠎ᠤ ᠤᠯᠤᠰ ᠲᠦᠷᠦ ᠵᠢᠨ ᠬᠤᠷᠴᠠ ᠰᠡᠷᠭᠡᠭ ᠴᠢᠨᠠᠷ᠎ᠢ ᠪᠠᠲᠤᠯᠠᠵᠤ᠂ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠠᠢ ᠬᠠᠮᠲᠤᠷᠠᠨ ᠦᠵᠡᠯ ᠤᠬᠠᠮᠰᠠᠷ᠎ᠤᠨ ᠬᠡᠯᠪᠡᠷᠢ ᠵᠢᠨ ᠵᠢᠭᠰᠠᠭ᠋ᠠᠯ᠎ᠤᠨ ᠭᠠᠵᠠᠷ᠎ᠤᠨ ᠬᠠᠮᠢᠶᠠᠷᠤᠯᠲᠠ ᠵᠢ ᠴᠢᠩᠭ᠋ᠠᠳᠬᠠᠵᠤ᠂ ᠦᠨᠳᠦᠰᠦᠲᠡᠨ᠎ᠤ ᠢᠪᠴᠤᠤ ᠦᠵᠡᠯ᠎ᠤᠨ ᠦᠵᠡᠯ  ᠰᠠᠨᠠᠭ᠎ᠠ ᠵᠢ  ᠤᠯᠠᠮᠵᠢᠯᠠᠨ  ᠲᠠᠷᠬᠠᠭ᠋ᠠᠬᠤ ᠵᠢ   ᠴᠢᠩᠭ᠎ᠠ ᠰᠡᠷᠭᠡᠶ᠋ᠢᠯᠡᠵᠦ᠂ ᠰᠡᠳᠬᠢᠯ ᠵᠶ᠋ᠠᠨ ᠨᠢᠭᠡᠳᠬᠡᠨ ᠬᠦᠴᠦ᠎ᠪᠠᠨ ᠬᠠᠮᠲᠤᠳᠬᠠᠵᠤ ᠦᠵᠡᠯ ᠰᠠᠨᠠᠭ᠋ᠠᠨ᠎ᠤ ᠪᠠᠶ᠋ᠢᠭᠤᠯᠤᠯᠲᠠ ᠵᠢᠨ ᠥᠨᠳᠥᠷᠯᠢᠭ᠎ᠢ ᠰᠠᠶ᠋ᠢᠲᠤᠷ ᠰᠠᠬᠢᠵᠤ᠂ ᠦᠵᠡᠯ ᠤᠬᠠᠮᠰᠠᠷ᠎ᠤᠨ ᠬᠡᠯᠪᠡᠷᠢ ᠵᠢᠨ ᠵᠢᠭᠰᠠᠭ᠋ᠠᠯ᠎ᠤᠨ ᠭᠠᠵᠠᠷ᠎ᠢ ᠪᠠᠲᠤ ᠰᠠᠬᠢᠬᠤ ᠬᠡᠷᠡᠭᠲᠡᠢ᠃ ᠬᠠᠤᠯᠢ ᠴᠠᠭ᠋ᠠᠵᠠ ᠵᠢᠨ ᠬᠡᠪᠴᠢᠶᠡᠨ ᠳᠣᠲᠣᠷ᠎ᠠ᠂ ᠬᠠᠤᠯᠢ᠎ᠪᠠᠷ ᠵᠠᠰᠠᠬᠤ ᠵᠠᠮ ᠳᠡᠭᠡᠷ᠎ᠡ ᠦᠨᠳᠦᠰᠦᠲᠡᠨ᠎ᠤ ᠬᠦᠴᠦᠨ ᠵᠦᠢ᠍ᠯ᠎ᠳᠤ ᠬᠣᠯᠪᠣᠭᠳᠠᠭᠰᠠᠨ ᠠᠰᠠᠭᠤᠳᠠᠯ᠎ᠢ ᠰᠢᠢ᠍ᠳᠪᠦᠷᠢᠯᠡᠬᠦ ᠵᠢ ᠪᠠᠷᠢᠮᠲᠠᠯᠠᠵᠤ᠂ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢ ᠬᠠᠤᠯᠢᠵᠢᠭᠤᠯᠬᠤ ᠵᠢ ᠢᠮᠠᠭᠲᠠ ᠪᠠᠷᠢᠮᠲᠠᠯᠠᠬᠤ ᠬᠡᠷᠡᠭᠲᠡᠢ᠃ 
      ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠪᠠ ᠠᠵᠤ ᠠᠬᠤᠶ ᠨᠡᠶ᠋ᠢᠭᠡᠮ᠎ᠤᠨ ᠬᠥᠭᠵᠢᠯᠲᠡ ᠵᠢ ᠨᠢᠭᠡᠳᠦᠯᠲᠡᠶ ᠲᠥᠯᠥᠪᠯᠡᠨ ᠰᠠᠶ᠋ᠢᠲᠤᠷ ᠠᠳᠬᠤᠬᠤ ᠴᠢᠬᠤᠯᠠ ᠱᠠᠭ᠋ᠠᠷᠳᠠᠯᠭ᠎ᠠ ᠵᠢ ᠭᠦᠨᠵᠡᠭᠡᠶ ᠣᠶ᠋ᠢᠯᠠᠭ᠋ᠠᠵᠤ᠂ 《ᠬᠣᠶᠠᠷ ᠬᠠᠯᠬᠠᠪᠴᠢ》 ᠵᠢ ᠪᠠᠲᠤ ᠪᠡᠬᠢ ᠪᠠᠶ᠋ᠢᠭᠤᠯᠬᠤ ᠴᠢᠬᠤᠯᠠ ᠶᠡᠬᠡ ᠤᠯᠤᠰ ᠲᠦᠷᠦ ᠵᠢᠨ ᠬᠠᠷᠢᠭᠤᠴᠠᠯᠭ᠎ᠠ ᠵᠢ ᠡᠷᠡᠰ ᠡᠭᠦᠷᠭᠡᠯᠡᠬᠦ ᠬᠡᠷᠡᠭᠲᠡᠶ᠃ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ᠎ᠤᠨ ᠲᠤᠬᠠᠢ ᠴᠢᠬᠤᠯᠠ ᠪᠠᠶ᠋ᠢᠯᠳᠤᠬᠤ ᠪᠤᠳᠤᠯᠭ᠎ᠠ ᠵᠢᠨ ᠪᠠᠶ᠋ᠢᠷᠢ ᠲᠣᠭᠲᠠᠭ᠋ᠠᠯᠲᠠ ᠪᠣᠯᠤᠨ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠠᠵᠢᠯ᠎ᠢ ᠳᠠᠬᠢᠨᠲᠠ ᠴᠢᠬᠤᠯᠠᠴᠢᠯᠠᠭᠰᠠᠨ᠎ᠨᠢ ᠨᠠᠮ᠎ᠤᠨ ᠲᠥᠪ ᠬᠣᠷᠢᠶ᠎ᠠ᠎ᠠᠴᠠ ᠬᠢᠯᠢ ᠬᠢᠵᠠᠭ᠋ᠠᠷ᠎ᠤᠨ ᠦᠨᠳᠦᠰᠦᠲᠡᠨ᠎ᠤ ᠭᠠᠵᠠᠷ ᠣᠷᠣᠨ᠎ᠳᠤ ᠲᠠᠯᠪᠢᠭᠰᠠᠨ ᠣᠨᠴᠠᠭ᠋ᠠᠢ ᠴᠢᠬᠤᠯᠠ ᠱᠠᠭ᠋ᠠᠷᠳᠠᠯᠭ᠎ᠠ ᠪᠣᠯᠤᠨ ᠥᠪᠥᠷ ᠮᠣᠩᠭᠣᠯ᠎ᠳᠤ ᠲᠠᠯᠪᠢᠭᠰᠠᠨ ᠴᠢᠩ ᠰᠡᠳᠬᠢᠯ᠎ᠤᠨ ᠬᠦᠰᠡᠯ ᠡᠷᠡᠮᠡᠯᠵᠡᠯ᠎ᠢ ᠢᠯᠡᠷᠡᠭᠦᠯᠵᠡᠢ᠃ ᠪᠦᠬᠦ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ᠎ᠬᠢᠨ ᠢᠮᠠᠭᠲᠠ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ 《ᠬᠣᠶᠠᠷ ᠬᠠᠯᠬᠠᠪᠴᠢ》᠂ 《ᠬᠣᠶᠠᠷ ᠰᠠᠭᠤᠷᠢᠨ》᠂ 《ᠨᠢᠭᠡ ᠪᠡᠬᠢᠯᠡᠯᠲᠡ》 ᠵᠢᠨ ᠪᠠᠶ᠋ᠢᠯᠳᠤᠬᠤ ᠪᠤᠳᠤᠯᠭ᠎ᠠ ᠵᠢᠨ ᠪᠠᠶ᠋ᠢᠷᠢ ᠲᠣᠭᠲᠠᠭ᠋ᠠᠯᠲᠠ ᠵᠢ ᠪᠠᠷᠢᠮᠵᠢᠶ᠎ᠠ᠎ᠪᠠᠷ ᠢᠯᠡᠳᠬᠡᠵᠦ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠪᠣᠯᠤᠨ ᠳᠣᠲᠣᠭ᠋ᠠᠳᠤ ᠵᠢ ᠬᠠᠮᠠᠭ᠋ᠠᠯᠠᠬᠤ ᠶᠠᠮᠤᠨ᠎ᠤ ᠨᠠᠮ᠎ᠤᠨ ᠬᠣᠷᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ   ᠠᠮᠤᠷ ᠎ᠢ   ᠬᠠᠮᠠᠭ᠋ᠠᠯᠠᠬᠤ ᠎ᠪᠠᠷ  ᠭᠣᠣᠯ   ᠰᠢᠵᠢᠮ ᠪᠣᠯᠭ᠋ᠠᠵᠤ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠂ ᠪᠠᠶ᠋ᠢᠯᠳᠤᠬᠤ ᠪᠤᠳᠤᠯᠭ᠎ᠠ ᠵᠢᠨ ᠲᠣᠭᠲᠠᠯ ᠬᠦᠴᠦᠨ ᠵᠶ᠋ᠠᠨ ᠪᠠᠲᠤᠯᠠᠵᠤ᠂ ᠬᠣᠷᠢᠭ᠎ᠠ ᠱᠤᠭᠤᠮ᠎ᠤᠨ ᠰᠡᠳᠬᠢᠬᠦᠢ᠎ᠪᠠᠨ ᠴᠢᠩᠭ᠋ᠠᠳᠬᠠᠵᠤ᠂ ᠲᠡᠮᠡᠴᠡᠯ᠎ᠤᠨ ᠵᠣᠷᠢᠭ ᠰᠠᠨᠠᠭ᠎ᠠ ᠵᠢ ᠪᠠᠳᠠᠷᠠᠭᠤᠯᠵᠤ᠂ ᠪᠡᠭᠡᠵᠢᠩ᠎ᠤᠨ ᠡᠪᠦᠯ᠎ᠤᠨ ᠤᠯᠠᠷᠢᠯ᠎ᠤᠨ ᠣᠯᠧᠮᠫᠢᠺ᠎ᠤᠨ ᠴᠤᠭᠯᠠᠭ᠋ᠠᠨ᠂ ᠡᠪᠦᠯ᠎ᠤᠨ ᠤᠯᠠᠷᠢᠯ᠎ᠤᠨ ᠵᠡᠮᠳᠡᠭᠴᠦᠳ᠎ᠤᠨ ᠣᠯᠧᠮᠫᠢᠺ᠎ᠤᠨ ᠴᠤᠭᠯᠠᠭ᠋ᠠᠨ ᠪᠣᠯᠤᠨ ᠪᠦᠬᠦ ᠤᠯᠤᠰ᠎ᠤᠨ ᠬᠣᠶᠠᠷ ᠬᠤᠷᠠᠯ᠎ᠤᠨ ᠠᠮᠤᠷ ᠲᠦᠪᠰᠢᠨ᠎ᠢ ᠬᠠᠮᠠᠭ᠋ᠠᠯᠠᠭᠰᠠᠨ ᠲᠤᠷᠰᠢᠯᠭ᠎ᠠ ᠬᠢᠳᠡᠯ᠎ᠢ ᠭᠦᠨᠵᠡᠭᠡᠢ ᠳ᠋ᠦᠩᠨᠡᠵᠦ᠂ ᠤᠯᠤᠰ ᠲᠦᠷᠦ ᠵᠢᠨ ᠠᠮᠤᠷ ᠲᠦᠪᠰᠢᠨ᠎ᠢ ᠢᠮᠠᠭᠲᠠ ᠲᠡᠷᠢᠭᠦᠨ ᠪᠠᠶ᠋ᠢᠷᠢᠨ᠎ᠳᠤ ᠲᠠᠯᠪᠢᠵᠤ᠂ ᠨᠡᠪᠴᠢᠯᠲᠡ ᠨᠤᠷᠠᠭ᠋ᠠᠯᠲᠠ ᠬᠠᠭ᠋ᠠᠴᠠᠭᠤᠯᠤᠯ ᠰᠦᠷᠳᠡᠭᠦᠯᠦᠯ᠎ᠢ ᠡᠰᠡᠷᠭᠦᠴᠡᠬᠦ ᠲᠡᠮᠡᠴᠡᠯ᠎ᠢ ᠭᠦᠨᠵᠡᠭᠡᠢ ᠥᠷᠨᠢᠭᠦᠯᠵᠦ᠂ ᠡᠯ᠎ᠡ ᠲᠦᠷᠦᠯ᠎ᠤᠨ ᠬᠦᠨᠳᠦ ᠶᠡᠬᠡ ᠠᠶᠤᠯ ᠲᠦᠭᠰᠢᠭᠦᠷᠢ ᠵᠢ ᠪᠦᠲᠦᠮᠵᠢᠲᠡᠢ ᠰᠡᠷᠭᠡᠶ᠋ᠢᠯᠡᠨ ᠠᠷᠢᠯᠭ᠋ᠠᠵᠤ᠂ ᠤᠯᠤᠰ᠎ᠤᠨ ᠤᠯᠤᠰ ᠲᠦᠷᠦ ᠵᠢᠨ ᠠᠮᠤᠷ ᠲᠦᠪᠰᠢᠨ᠎ᠢ ᠡᠷᠡᠰ ᠬᠠᠮᠠᠭ᠋ᠠᠯᠠᠨ᠎ᠠ᠃ 《ᠠᠷᠠᠳ᠎ᠤᠨ ᠳᠣᠲᠣᠭ᠋ᠠᠳᠤ ᠵᠢ ᠬᠠᠮᠠᠭ᠋ᠠᠯᠠᠬᠤ ᠠᠵᠢᠯ᠎ᠨᠢ ᠠᠷᠠᠳ ᠲᠦᠮᠡᠨ᠎ᠤ ᠲᠥᠯᠥᠭᠡ ᠬᠢᠬᠦ》 ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠢᠮᠠᠭᠲᠠ ᠪᠠᠲᠤ ᠴᠡᠭᠡᠵᠢᠯᠡᠵᠦ᠂ 《ᠱᠠᠯᠢᠭ ᠵᠠᠪᠬᠠᠶ ᠵᠦᠢ᠍ᠯᠡᠰ᠂ ᠵᠣᠭᠣᠰ ᠮᠥᠷᠥᠶ᠋ᠢᠴᠡᠬᠦ᠂ ᠬᠣᠤᠷᠲᠤ ᠡᠳ᠋ ᠫᠠᠨᠽᠠᠯᠠᠬᠤ》 《ᠬᠤᠯᠠᠭ᠋ᠠᠶ᠋ᠢᠯᠠᠬᠤ ᠪᠤᠯᠢᠶᠠᠬᠤ ᠮᠡᠬᠡᠯᠡᠬᠦ》 《ᠢᠳᠡᠭᠡᠨ ᠡᠮ ᠠᠮᠢ ᠠᠬᠤᠢ》 ᠵᠡᠷᠭᠡ ᠣᠯᠠᠨ ᠲᠦᠮᠡᠨ᠎ᠤ ᠲᠤᠰᠬᠠᠯ ᠶᠡᠬᠡᠲᠡᠶ ᠲᠣᠪᠣᠶ᠋ᠢᠮ᠎ᠠ ᠠᠰᠠᠭᠤᠳᠠᠯ᠎ᠢ ᠦᠷᠭᠦᠯᠵᠢᠯᠡᠨ ᠴᠡᠭᠴᠡᠯᠡᠨ ᠵᠠᠰᠠᠵᠤ᠂ ᠬᠠᠷ᠎ᠠ ᠪᠦᠯᠦᠭᠲᠡᠨ ᠬᠠᠷᠭᠢᠰ ᠬᠦᠴᠦᠨ᠎ᠢ ᠠᠷᠢᠯᠭ᠋ᠠᠬᠤ ᠲᠡᠮᠡᠴᠡᠯ᠎ᠢ ᠪᠠᠶ᠋ᠢᠩᠭᠤᠵᠢᠭᠤᠯᠤᠨ ᠠᠬᠢᠭᠤᠯᠵᠤ᠂ 《ᠺᠦᠨᠯᠦ᠋ᠨ》 《ᠬᠠᠲᠤᠨ ᠭᠣᠤᠯ᠎ᠢ ᠬᠠᠮᠠᠭ᠋ᠠᠯᠠᠬᠤ》᠂ ᠨᠤᠲᠤᠭ ᠪᠡᠯᠴᠢᠭᠡᠷ ᠣᠶ᠋ᠢᠲᠤ ᠭᠠᠵᠠᠷ ᠪᠠ ᠨᠡᠭᠦᠷᠡᠰᠦ ᠠᠭᠤᠷᠬᠠᠶ ᠵᠢᠨ ᠭᠠᠷᠤᠯᠲᠠ ᠵᠢᠨ ᠡᠬᠢ ᠪᠠᠶᠠᠯᠢᠭ᠎ᠤᠨ ᠬᠦᠷᠢᠶ᠎ᠡ ᠴᠠᠷᠠᠭ᠎ᠠ ᠵᠢ ᠲᠤᠰᠬᠠᠶ ᠴᠡᠭᠴᠡᠯᠡᠨ ᠵᠠᠰᠠᠬᠤ ᠵᠡᠷᠭᠡ ᠲᠤᠰᠬᠠᠶ ᠠᠵᠢᠯᠯᠠᠭ᠎ᠠ ᠵᠢ ᠭᠦᠨᠵᠡᠭᠡᠶ ᠥᠷᠨᠢᠭᠦᠯᠵᠦ᠂ ᠬᠢᠵᠢᠭ᠎ᠤᠨ ᠪᠠᠶ᠋ᠢᠳᠠᠯ᠎ᠢ ᠨᠠᠷᠢᠯᠢᠭ ᠣᠨᠣᠴᠠᠲᠠᠶ ᠰᠡᠷᠭᠡᠶ᠋ᠢᠯᠡᠨ ᠡᠵᠡᠮᠳᠡᠬᠦ ᠪᠥᠬᠥ ᠬᠡᠯᠬᠢᠶ᠎ᠡ ᠵᠢᠨ ᠠᠷᠭ᠎ᠠ ᠬᠡᠮᠵᠢᠶ᠎ᠡ ᠵᠢ ᠴᠢᠩᠭ᠎ᠠ ᠨᠠᠶ᠋ᠢᠳᠠᠪᠤᠷᠢᠵᠢᠭᠤᠯᠤᠨ᠂ ᠬᠡᠪᠴᠢᠶᠡᠵᠢᠭᠰᠡᠨ ᠴᠢᠨᠠᠷᠲᠠᠶ ᠳᠠᠬᠢᠨ ᠰᠡᠷᠭᠦᠬᠦ ᠪᠠᠢ᠌ᠳᠠᠯ ᠦᠯᠦ ᠭᠠᠷᠬᠤ ᠬᠢᠵᠠᠭ᠋ᠠᠷ ᠱᠤᠭᠤᠮ᠎ᠢ ᠡᠷᠡᠰ ᠰᠠᠬᠢᠬᠤ ᠬᠡᠷᠡᠭᠲᠡᠶ᠃ ᠣᠯᠠᠨ ᠲᠦᠮᠡᠨ᠎ᠤ ᠲᠤᠰᠬᠠᠭᠰᠠᠨ 《ᠪᠠᠴᠢᠮ ᠬᠦᠴᠢᠷ ᠵᠣᠪᠠᠨᠢᠯ ᠡᠷᠡᠮᠡᠯᠵᠡᠯ》᠎ᠤᠨ ᠠᠰᠠᠭᠤᠳᠠᠯ᠎ᠢ ᠶᠡᠬᠡ᠎ᠪᠠᠷ ᠰᠢᠢ᠍ᠳᠪᠦᠷᠢᠯᠡᠵᠦ᠂ ᠵᠠᠬᠢᠳᠠᠯ ᠰᠤᠷᠪᠤᠯᠵᠢᠯᠠᠭ᠎ᠠ ᠵᠢᠨ ᠠᠰᠠᠭᠤᠳᠠᠯ᠎ᠤᠨ ᠪᠣᠭᠣᠮᠲᠠ ᠰᠢᠪᠲᠤᠯᠤᠨ ᠰᠢᠢ᠍ᠳᠪᠦᠷᠢᠯᠡᠬᠦ ᠠᠵᠢᠯ᠎ᠢ ᠬᠦᠴᠦᠲᠡᠢ ᠠᠬᠢᠭᠤᠯᠵᠤ᠂ 《ᠲᠠᠯᠪᠢᠬᠤ ᠬᠠᠮᠢᠶᠠᠷᠬᠤ ᠦᠢ᠍ᠯᠡᠴᠢᠯᠡᠬᠦ》 ᠥᠭᠡᠷᠡᠴᠢᠯᠡᠯᠲᠡ ᠵᠢ ᠦᠷᠭᠦᠯᠵᠢᠯᠡᠨ ᠭᠦᠨᠵᠡᠭᠡᠶ᠋ᠢᠷᠡᠭᠦᠯᠵᠦ᠂ ᠬᠠᠤᠯᠢᠵᠢᠯ᠎ᠤᠨ ᠡᠵᠡᠩᠨᠡᠨ ᠡᠷᠬᠢᠯᠡᠬᠦ ᠣᠷᠴᠢᠨ ᠨᠥᠭᠥᠴᠡᠯ᠎ᠢ ᠰᠢᠯᠢᠳᠡᠭᠵᠢᠭᠦᠯᠵᠦ᠂ ᠠᠷᠠᠳ ᠤᠯᠠᠨ᠎ᠤ ᠬᠦᠷᠲᠡᠮᠵᠢ ᠵᠢᠨ ᠲᠦᠷᠦᠭᠳᠡᠯ᠂ ᠵᠢᠷᠭ᠋ᠠᠯᠲᠤ ᠲᠦᠷᠦᠭᠳᠡᠯ᠂ ᠲᠠᠢ᠌ᠪᠤᠩᠲᠦ ᠲᠦᠷᠦᠭᠳᠡᠯ᠎ᠢ ᠲᠠᠰᠤᠷᠠᠯᠲᠠ ᠦᠭᠡᠢ ᠨᠡᠮᠡᠭᠳᠡᠭᠦᠯᠵᠦ᠂ ᠬᠠᠤᠯᠢᠵᠢᠯ᠎ᠤᠨ ᠥᠪᠥᠷ ᠮᠣᠩᠭᠣᠯ᠂ ᠠᠮᠤᠷ ᠠᠮᠤᠭᠤᠯᠠᠩ ᠥᠪᠥᠷ ᠮᠣᠩᠭᠣᠯ᠎ᠤᠨ ᠪᠦᠳᠦᠭᠡᠨ ᠪᠠᠶ᠋ᠢᠭᠤᠯᠤᠯᠲᠠ ᠵᠢᠨ ᠰᠠᠭᠤᠷᠢ ᠵᠢ ᠦᠨᠡᠨ ᠬᠦ᠌ ᠪᠡᠬᠢᠵᠢᠭᠦᠯᠵᠦ᠂ ᠥᠪᠥᠷ ᠮᠣᠩᠭᠣᠯ᠎ᠤᠨ ᠲᠣᠭᠲᠠᠭᠤᠨ ᠵᠶ᠋ᠠᠷ ᠬᠢᠯᠢ ᠬᠢᠵᠠᠭ᠋ᠠᠷ᠎ᠤᠨ ᠠᠮᠤᠷ ᠲᠦᠪᠰᠢᠨ᠎ᠢ ᠰᠠᠬᠢᠨ ᠬᠠᠮᠠᠭ᠋ᠠᠯᠠᠵᠤ᠂ ᠨᠡᠶ᠋ᠢᠰᠯᠡᠯ᠎ᠤᠨ ᠠᠮᠤᠷ ᠲᠦᠪᠰᠢᠨ᠎ᠢ ᠬᠠᠮᠠᠭ᠋ᠠᠯᠠᠨ᠎ᠠ᠃
      ᠢᠯᠵᠢᠷᠡᠯ᠎ᠢ ᠡᠰᠡᠷᠭᠦᠴᠡᠬᠦ ᠵᠢᠨ ᠡᠭᠦᠷᠢᠳᠡ ᠵᠤᠬᠰᠤᠰᠢ ᠦᠭᠡᠢ ᠪᠠᠶ᠋ᠢᠬᠤ ᠴᠢᠬᠤᠯᠠ ᠰᠡᠷᠡᠮᠵᠢᠯᠡᠭᠦᠯᠦᠯ᠎ᠢ ᠭᠦᠨᠵᠡᠭᠡᠢ ᠣᠶ᠋ᠢᠯᠠᠭ᠋ᠠᠵᠤ᠂ ᠪᠦᠬᠦ ᠲᠠᠯ᠎ᠠ᠎ᠪᠠᠷ ᠨᠠᠮ᠎ᠢ ᠴᠢᠩᠭ᠎ᠠ ᠬᠠᠮᠢᠶᠠᠷᠴᠤ ᠴᠠᠭᠳᠠᠭ᠎ᠠ ᠵᠢ ᠴᠢᠩᠭ᠎ᠠ ᠵᠠᠰᠠᠬᠤ ᠵᠢᠨ ᠭᠦᠨᠵᠡᠭᠡᠶ᠋ᠢᠷᠡᠨ ᠬᠥᠭᠵᠢᠬᠦ ᠵᠢ ᠦᠷᠭᠦᠯᠵᠢᠯᠡᠨ ᠠᠬᠢᠭᠤᠯᠬᠤ ᠬᠡᠷᠡᠭᠲᠡᠢ᠃ ᠶᠡᠷᠦᠩᠬᠡᠢ ᠱᠦᠵᠢ ᠰᠢ ᠵᠢᠨ ᠫᠢᠩ ᠪᠢᠳᠡᠨ᠎ᠢ ᠪᠦᠬᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠵᠢ ᠪᠠᠷᠢᠮᠲᠠᠯᠠᠵᠤ᠂ ᠨᠠᠮ᠎ᠤᠨ ᠲᠡᠦᠬᠡ ᠵᠢᠨ ᠰᠤᠷᠤᠯᠴᠠᠯᠭ᠎ᠠ ᠬᠥᠮᠦᠵᠢᠯ᠎ᠤᠨ ᠦᠷ᠎ᠡ ᠪᠦᠳᠦᠮᠵᠢ ᠵᠢ ᠪᠡᠬᠢᠵᠢᠭᠦᠯᠦᠨ ᠥᠷᠭᠡᠳᠬᠡᠬᠦ ᠬᠡᠷᠡᠭᠲᠡᠢ ᠭᠡᠵᠦ ᠱᠠᠭ᠋ᠠᠷᠳᠠᠪᠠ᠃ ᠪᠦᠬᠦ ᠣᠷᠣᠨ᠎ᠤ ᠤᠯᠤᠰ ᠲᠦᠷᠦ ᠬᠠᠤᠯᠢ ᠴᠠᠭ᠋ᠠᠵᠠ ᠵᠢᠨ ᠰᠠᠯᠠᠭ᠎ᠠ ᠮᠥᠴᠢᠷ᠎ᠤᠨ ᠬᠠᠤᠯᠢ ᠴᠠᠭ᠋ᠠᠵᠠ ᠵᠢᠨ ᠪᠠᠢ᠌ᠭᠤᠯᠭ᠎ᠠ ᠵᠢᠨ᠎ᠬᠢᠨ ᠨᠠᠮ᠎ᠤᠨ ᠥᠪᠡᠷ᠎ᠤᠨ ᠪᠡᠶ᠎ᠡ᠎ᠳᠤ᠎ᠪᠠᠨ ᠬᠤᠪᠢᠰᠬᠠᠯ ᠬᠢᠬᠦ ᠪᠠᠶ᠋ᠢᠯᠳᠤᠬᠤ ᠪᠤᠳᠤᠯᠭ᠎ᠠ ᠵᠢᠨ ᠦᠵᠡᠯ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠵᠤ᠂ ᠲᠡᠮᠦᠷ᠎ᠢ ᠳᠠᠪᠲᠠᠬᠤ᠎ᠳᠤ ᠡᠷᠬᠡᠪᠰᠢ ᠥᠪᠡᠷ ᠵᠶ᠋ᠠᠨ ᠬᠠᠲᠠᠭᠤ ᠪᠠᠶ᠋ᠢᠬᠤ ᠬᠡᠷᠡᠭᠲᠡᠢ᠂ ᠳᠤᠮᠳᠠᠳᠤ ᠤᠯᠤᠰ᠎ᠤᠨ ᠤᠴᠢᠷ ᠶᠠᠪᠤᠳᠠᠯ᠎ᠢ ᠰᠠᠶ᠋ᠢᠲᠤᠷ ᠬᠢᠬᠦ ᠵᠢᠨ ᠵᠠᠩᠭᠢᠯᠠᠭ᠎ᠠ᠎ᠨᠢ ᠨᠠᠮ᠎ᠳᠤ ᠪᠤᠢ᠂ ᠵᠠᠩᠭᠢᠯᠠᠭ᠎ᠠ᠎ᠨᠢ ᠨᠠᠮ᠎ᠨᠢ ᠨᠠᠮ ᠵᠶ᠋ᠠᠨ ᠬᠠᠮᠢᠶᠠᠷᠬᠤ᠂ ᠪᠦᠬᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠳᠤ ᠪᠤᠢ ᠭᠡᠳᠡᠭ᠎ᠢ ᠭᠦᠨᠵᠡᠭᠡᠢ ᠲᠠᠨᠢᠬᠤ ᠬᠡᠷᠡᠭᠲᠡᠢ᠃ ᠶᠡᠷᠦᠩᠬᠡᠶ ᠱᠦᠵᠢ ᠵᠢᠨ ᠮᠠᠷᠲᠠᠮᠠᠲᠠᠭ᠋ᠠᠶ ᠪᠠᠶ᠋ᠢᠵᠤ ᠪᠣᠯᠬᠤ ᠦᠭᠡᠶ᠂ ᠤᠳᠠᠭ᠋ᠠᠯᠢᠭ ᠪᠠᠶ᠋ᠢᠵᠤ ᠪᠣᠯᠬᠤ ᠦᠭᠡᠶ ᠭᠡᠰᠡᠨ ᠰᠡᠷᠡᠮᠵᠢᠯᠡᠭᠦᠯᠦᠯ ᠪᠠ 《ᠬᠣᠶᠠᠷ ᠥᠴᠦᠬᠡᠨ ᠴᠦ᠍ ᠢᠯᠳᠠᠷ ᠬᠠᠶᠠᠬᠤ ᠦᠭᠡᠶ》 ᠭᠡᠰᠡᠨ ᠴᠢᠬᠤᠯᠠ ᠱᠠᠭ᠋ᠠᠷᠳᠠᠯᠭ᠎ᠠ ᠵᠢ ᠪᠠᠲᠤ ᠴᠡᠭᠡᠵᠢᠯᠡᠵᠦ᠂ ᠴᠢᠩᠭ᠎ᠠ ᠭᠣᠣᠯ ᠬᠥᠭ ᠠᠶᠠᠰ᠎ᠢ ᠭᠤᠶ᠋ᠢᠪᠢᠰᠢ ᠦᠭᠡᠶ ᠪᠠᠷᠢᠮᠲᠠᠯᠠᠵᠤ᠂ ᠨᠠᠮ᠎ᠢ ᠴᠢᠩᠭ᠎ᠠ ᠬᠠᠮᠢᠶᠠᠷᠴᠤ ᠴᠠᠭᠳᠠᠭ᠎ᠠ ᠵᠢ ᠴᠢᠩᠭ᠎ᠠ ᠵᠠᠰᠠᠬᠤ᠎ᠨᠢ ᠶᠠᠪᠤᠬᠤ ᠲᠤᠳᠤᠮ ᠤᠯᠠᠮ ᠴᠢᠩᠭ᠎ᠠ ᠪᠣᠯᠬᠤ ᠴᠢᠩᠭ᠎ᠠ ᠲᠤᠬᠢᠶ᠎ᠠ ᠵᠢ ᠦᠷᠭᠦᠯᠵᠢᠯᠡᠨ ᠭᠠᠷᠭ᠋ᠠᠵᠤ᠂ ᠨᠠᠮ᠎ᠤᠨ ᠳᠣᠲᠣᠭ᠋ᠠᠳᠤ ᠵᠢᠨ ᠤᠯᠤᠰ ᠲᠦᠷᠦ ᠵᠢᠨ ᠠᠮᠢᠳᠤᠷᠠᠯ᠎ᠤᠨ ᠰᠠᠭᠤᠷᠢ ᠴᠢᠨᠠᠷᠲᠠᠢ ᠢᠨᠵᠧᠨᠧᠷᠢᠩ᠎ᠢ ᠴᠢᠩᠭ᠎ᠠ ᠠᠳᠬᠤᠨ᠂ 《ᠲᠦᠷᠪᠡᠨ ᠣᠳᠣᠬᠢᠴᠢᠯᠠᠯᠲᠠ》 ᠵᠢᠨ ᠠᠰᠠᠭᠤᠳᠠᠯ᠎ᠢ ᠶᠡᠬᠡ᠎ᠪᠠᠷ ᠴᠡᠭᠴᠡᠯᠡᠨ ᠵᠠᠰᠠᠵᠤ᠂ ᠢᠯᠵᠠᠷᠠᠬᠤ ᠵᠣᠷᠢᠭ ᠦᠭᠡᠢ᠂ ᠢᠯᠵᠠᠷᠠᠵᠤ ᠴᠢᠳᠠᠬᠤ ᠦᠭᠡᠢ᠂ ᠢᠯᠵᠠᠷᠠᠬᠤ ᠵᠢ ᠪᠤᠳᠤᠬᠤ ᠦᠭᠡᠢ ᠪᠠᠶ᠋ᠢᠬᠤ ᠵᠢ ᠨᠢᠭᠡ ᠴᠤᠭᠴᠠᠵᠢᠭᠤᠯᠤᠨ ᠠᠬᠢᠭᠤᠯᠵᠤ᠂ ᠵᠠᠯᠬᠠᠭ᠋ᠠᠨ ᠰᠢᠢ᠍ᠳᠬᠡᠵᠦ ᠰᠦᠷᠳᠡᠭᠦᠯᠬᠦ᠂ ᠲᠦᠷᠢᠮ ᠵᠶ᠋ᠠᠷ ᠬᠢᠵᠠᠭ᠋ᠠᠷᠯᠠᠬᠤ᠂ ᠤᠬᠠᠮᠰᠠᠷ ᠵᠶ᠋ᠠᠨ ᠳᠡᠭᠡᠭᠰᠢᠯᠡᠭᠦᠯᠬᠦ ᠵᠢ ᠨᠢᠭᠡ ᠴᠤᠭᠴᠠᠵᠢᠭᠤᠯᠤᠨ ᠬᠦᠴᠦᠯᠡᠬᠦ ᠵᠢ ᠪᠠᠷᠢᠮᠲᠠᠯᠠᠵᠤ᠂ ᠬᠡᠷᠡᠭ ᠵᠶ᠋ᠠᠷ ᠥᠭᠡᠷᠡᠴᠢᠯᠡᠯᠲᠡ ᠵᠢ ᠠᠬᠢᠭᠤᠯᠬᠤ᠂ ᠰᠡᠷᠡᠮᠵᠢᠯᠡᠭᠦᠯᠬᠦ ᠬᠥᠮᠦᠵᠢᠯ᠂ ᠲᠦᠷᠢᠮ᠎ᠤᠨ ᠪᠠᠶ᠋ᠢᠭᠤᠯᠤᠯᠲᠠ ᠵᠢ ᠯᠠᠪᠳᠠᠭᠤᠨ ᠪᠠᠲᠤᠲᠠᠢ ᠥᠷᠨᠢᠭᠦᠯᠦᠨ᠎ᠡ᠃ 《ᠭᠤᠷᠪᠠᠨ ᠬᠠᠷᠢᠴᠠᠯᠠᠰᠢᠭᠦᠢ》᠂ 《ᠲᠦᠷᠪᠡᠨ ᠣᠳᠣᠬᠢᠴᠢᠯᠠᠯᠲᠠ》᠂ 《ᠲᠦᠷᠪᠡᠨ ᠲᠡᠮᠤᠷ ᠮᠡᠲᠦ》 ᠪᠠᠷᠢᠮᠵᠢᠶ᠎ᠠ ᠵᠢ ᠲᠣᠭᠲᠠᠭ᠋ᠠᠵᠤ᠂ 《ᠨᠠᠢ᠍ᠮᠠᠨ ᠵᠦᠢ᠍ᠯ᠎ᠤᠨ ᠴᠢᠳᠠᠪᠤᠷᠢ》 ᠵᠢ ᠴᠢᠩᠭ᠋ᠠᠳᠬᠠᠬᠤ᠂ 《ᠲᠤᠯᠤᠭ᠋ᠠᠨ ᠴᠢᠳᠠᠪᠤᠷᠢ》 ᠵᠢ ᠳᠡᠭᠡᠭᠰᠢᠯᠡᠭᠦᠯᠬᠦ᠎ᠲᠠᠢ ᠨᠢᠭᠲᠠ ᠤᠶᠠᠯᠳᠤᠭᠤᠯᠵᠤ᠂ ᠰᠢᠨ᠎ᠡ ᠴᠠᠭ ᠦᠶ᠎ᠡ ᠵᠢᠨ ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠬᠡᠬᠦ ᠴᠢᠳᠠᠪᠤᠷᠢ ᠵᠢᠨ ᠲᠦᠪᠰᠢᠨ᠎ᠢ ᠳᠡᠭᠡᠭᠰᠢᠯᠡᠭᠦᠯᠬᠦ ᠬᠡᠷᠡᠭᠲᠡᠢ᠃ ᠬᠥᠮᠦᠵᠢᠯ ᠴᠡᠭᠴᠡᠯᠡᠯᠲᠡ ᠵᠢ ᠭᠦᠨᠵᠡᠭᠡᠶ᠋ᠢᠷᠡᠭᠦᠯᠦᠭᠰᠡᠨ ᠦᠷ᠎ᠡ ᠪᠦᠲᠦᠭᠡᠯ᠎ᠢ ᠪᠠᠲᠤᠳᠬᠠᠨ ᠭᠦᠨᠵᠡᠭᠡᠶ᠋ᠢᠷᠡᠭᠦᠯᠵᠦ᠂ ᠲᠥᠪ᠎ᠤᠨ ᠨᠠᠮ᠎ᠤᠨ ᠲᠡᠦᠬᠡ ᠵᠢᠨ ᠰᠤᠷᠤᠯᠴᠠᠯᠭ᠎ᠠ ᠬᠥᠮᠦᠵᠢᠯ᠎ᠢ ᠪᠠᠶ᠋ᠢᠩᠭᠤᠵᠢᠭᠤᠯᠬᠤ ᠤᠷᠳᠤ ᠬᠤᠭᠤᠴᠠᠭ᠋ᠠᠨ᠎ᠤ ᠪᠦᠲᠦᠮᠵᠢᠲᠡᠢ ᠪᠣᠯᠭ᠋ᠠᠬᠤ ᠰᠠᠨᠠᠯ ᠱᠠᠭ᠋ᠠᠷᠳᠠᠯᠭ᠎ᠠ ᠵᠢ ᠨᠠᠷᠢᠨ ᠬᠢᠨᠠᠮᠠᠭ᠋ᠠᠢ ᠨᠠᠶ᠋ᠢᠳᠠᠪᠤᠷᠢᠵᠢᠭᠤᠯᠵᠤ᠂ ᠥᠷᠭᠡᠨ ᠤᠯᠠᠨ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠵᠢ ᠬᠥᠮᠦᠵᠢᠭᠦᠯᠦᠨ ᠵᠢᠯᠣᠭᠣᠳᠴᠤ ᠪᠠᠶ᠋ᠢᠭ᠋ᠠᠳ ᠨᠠᠮ᠎ᠤᠨ ᠲᠡᠦᠬᠡ ᠵᠢ ᠰᠤᠷᠤᠯᠴᠠᠬᠤ᠂ ᠨᠠᠮ᠎ᠤᠨ ᠲᠡᠦᠬᠡ᠎ᠪᠠᠷ ᠦᠵᠡᠯ ᠰᠠᠨᠠᠭ᠋ᠠᠨ᠎ᠤ ᠪᠣᠯᠪᠠᠰᠤᠷᠠᠯ᠂ ᠤᠯᠤᠰ ᠲᠦᠷᠦ ᠵᠢᠨ ᠪᠣᠯᠪᠠᠰᠤᠷᠠᠯ᠂ ᠦᠢ᠍ᠯᠡᠳᠦᠯᠭᠡ ᠵᠢᠨ ᠪᠣᠯᠪᠠᠰᠤᠷᠠᠯ᠂ ᠲᠤᠰᠬᠠᠢ ᠮᠡᠷᠭᠡᠵᠢᠯ᠎ᠤᠨ ᠪᠣᠯᠪᠠᠰᠤᠷᠠᠯ᠎ᠢ ᠴᠢᠩᠭ᠋ᠠᠳᠬᠠᠵᠤ᠂ ᠨᠡᠩ ᠢᠲᠡᠭᠡᠯ ᠲᠡᠭᠦᠯᠳᠡᠷ ᠵᠶ᠋ᠠᠷ ᠰᠢᠨ᠎ᠡ ᠠᠶᠠᠨ ᠵᠠᠮ᠎ᠳᠤ ᠡᠷᠡᠯᠬᠡᠭᠯᠡᠨ ᠤᠷᠤᠭᠰᠢᠯᠠᠵᠤ᠂ ᠰᠢᠨ᠎ᠡ ᠴᠠᠭ ᠦᠶ᠎ᠡ᠎ᠳᠤ ᠭᠠᠪᠢᠶ᠎ᠠ ᠪᠠᠢ᠌ᠭᠤᠯᠤᠶ᠎ᠠ᠃

ᠢᠷᠡᠯᠲᠡ᠄ ᠥᠪᠥᠷ ᠮᠣᠩᠭᠤᠯ᠎ᠤᠨ ᠡᠳᠦᠷ᠎ᠤᠨ ᠰᠣᠨᠢᠨ