ᠢᠯᠡ ᠵᠠᠰᠠᠭ   -   ᠬᠠᠤᠯᠢ ᠴᠠᠭᠠᠵᠠ ᠳᠦᠷᠢᠮ ᠳᠤᠭᠲᠠᠭᠠᠯ
ᠪᠦᠬᠦᠳᠠ ᠨᠡᠢ᠍ᠢ᠍ᠷᠡᠮᠳᠡᠬᠤ ᠲᠤᠮᠳᠡᠳᠦ ᠠᠷᠡᠦᠠ ᠤᠯᠦᠰ᠎ᠤᠨ ᠭᠡᠭᠡᠷ᠎ᠡ ᠵᠢᠨ ᠠᠮᠢᠲᠠᠨ᠎ᠢ ᠬᠠᠮᠠᠭ᠋ᠠᠯᠠᠬᠤ ᠬᠠᠦᠯᠢ(3)
ᠨᠡᠶ᠋ᠢᠲᠡᠯᠡᠭᠰᠡᠨ ᠴᠠᠭ᠄ 2020-02-27

ᠪᠦᠬᠦᠳᠠ ᠨᠡᠢ᠍ᠢ᠍ᠷᠡᠮᠳᠡᠬᠤ ᠲᠤᠮᠳᠡᠳᠦ ᠠᠷᠡᠦᠠ ᠤᠯᠦᠰ᠎ᠤᠨ ᠭᠡᠭᠡᠷ᠎ᠡ ᠵᠢᠨ ᠠᠮᠢᠲᠠᠨ᠎ᠢ ᠬᠠᠮᠠᠭ᠋ᠠᠯᠠᠬᠤ ᠬᠠᠦᠯᠢ(3)


(1988 ᠤᠠ᠎ᠤ 11 ᠰᠡᠷ᠎ᠠ ᠵᠢᠠ 8᠎ᠤ ᠠ᠋ᠳᠦᠷ ᠲᠤᠯᠤᠳᠦᠭ᠋ᠠᠷ ᠬᠤᠭᠤᠴᠡᠭ᠋ᠠᠠ᠎ᠤ ᠪᠦᠬᠦ ᠤᠯᠦᠰ᠎ᠤᠨ ᠠᠷᠡᠦᠠ᠎ᠤᠨ ᠲᠤᠢ᠍ᠯᠦᠭᠡᠯᠡᠭᠴᠢᠦᠠ᠎ᠤᠨ ᠶᠡᠭᠡ ᠬᠤᠷᠡᠯ᠎ᠤᠨ ᠪᠡᠢ᠍ᠢ᠍ᠨᠭᠭᠤ ᠵᠢᠠ   ᠬᠤᠷᠢᠶᠠᠨ᠎ᠤ ᠲᠦᠷᠪᠡᠳᠤᠭᠡᠷ ᠬᠤᠷᠡᠯᠳᠦᠭ᠋ᠠᠠ᠎ᠠᠴᠠ ᠪᠡᠳᠦᠯᠡᠪᠡ


      ᠬᠤᠶᠠᠳᠤᠭ᠋ᠠᠷ   ᠪᠦᠯᠦᠭ   ᠭᠡᠭᠡᠷ᠎ᠡ ᠵᠢᠨ   ᠠᠮᠢᠲᠠᠨ   ᠵᠢᠴᠢ   ᠲᠡᠭᠦᠨ᠎ᠤ   ᠤᠷᠤᠰᠢᠨ   ᠠᠮᠢᠳᠤᠷᠠᠬᠤ   ᠭᠠᠵᠠᠷ᠎ᠤᠨ ᠬᠠᠮᠠᠭ᠋ᠠᠯᠠᠯᠲᠠ                
  ᠠᠷᠪᠠᠳᠤᠭ᠋ᠠᠷ   ᠵᠤᠢ᠍ᠢ᠍ᠯ   ᠤᠯᠤᠰ  ᠎ᠠᠴᠠ   ᠭᠡᠭᠡᠷ᠎ᠡ ᠵᠢᠨ   ᠠᠮᠢᠲᠠᠨ᠎ᠢ   ᠲᠦᠷᠦᠯ   ᠠᠨᠭ᠌ᠭᠢᠯᠠᠨ   ᠳᠡᠰ   ᠬᠤᠪᠢᠶᠠᠵᠤ ᠬᠠᠮᠠᠭ᠋ᠠᠯᠠᠨ᠎ᠠ᠃      
      ᠤᠯᠤᠰ᠎ᠠᠴᠠ ᠬᠤᠪᠤᠷ ᠨᠠᠨᠳᠢᠨ᠂ ᠮᠦᠬᠦᠬᠦ ᠰᠢᠬᠠᠭᠰᠠᠨ ᠭᠡᠭᠡᠷ᠎ᠡ ᠵᠢᠨ ᠠᠮᠢᠲᠠᠨ᠎ᠢ ᠭᠤᠤᠯᠳᠠᠯᠭ᠎ᠠ᠎ᠲᠠᠢ   ᠬᠠᠮᠠᠭ᠋ᠠᠯᠠᠨ᠎ᠠ᠃ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠢ ᠨᠢᠭᠡᠳᠦᠭᠡᠷ   ᠳᠡᠰ᠎ᠤᠨ   ᠬᠠᠮᠠᠭ᠋ᠠᠯᠠᠯᠲᠠ ᠵᠢᠨ   ᠭᠡᠭᠡᠷ᠎ᠡ ᠵᠢᠨ ᠠᠮᠢᠲᠠᠨ ᠪᠠ ᠬᠤᠶᠠᠳᠤᠭ᠋ᠠᠷ ᠳᠡᠰ᠎ᠤᠨ ᠬᠠᠮᠠᠭ᠋ᠠᠯᠠᠯᠲᠠ ᠵᠢᠨ ᠭᠡᠭᠡᠷ᠎ᠡ ᠵᠢᠨ ᠠᠮᠢᠲᠠᠨ ᠭᠡᠵᠦ ᠬᠤᠪᠢᠶᠠᠨ᠎ᠠ᠃ ᠤᠯᠤᠰ᠎ᠤᠨ ᠭᠤᠤᠯᠳᠠᠯᠭ᠎ᠠ ᠲ᠋ᠠᠢ ᠬᠠᠮᠠᠭ᠋ᠠᠯᠠᠬᠤ   ᠭᠡᠭᠡᠷ᠎ᠡ ᠵᠢᠨ   ᠠᠮᠢᠲᠠᠨ᠎ᠤ   ᠨᠡᠷᠡᠰ᠎ᠢ   ᠲᠦᠷᠦ ᠵᠢᠨ   ᠶᠠᠪᠤᠳᠠᠯ᠎ᠤᠨ   ᠬᠤᠷᠢᠶᠠᠨ᠎ᠤ   ᠭᠡᠭᠡᠷ᠎ᠡ ᠵᠢᠨ   ᠠᠮᠢᠲᠠᠨ᠎ᠤ ᠬᠠᠮᠠᠭ᠋ᠠᠯᠠᠯᠲᠠ ᠵᠢᠨ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠵᠤᠬᠢᠶᠠᠨ   ᠪᠠᠶ᠋ᠢᠭᠤᠯᠵᠤ   ᠪᠠᠶ᠋ᠢᠭ᠋ᠠᠳ   ᠰᠢᠨᠵᠢᠯᠡᠬᠦ   ᠤᠬᠠᠭ᠋ᠠᠨᠴᠢ ᠦᠨᠡᠯᠡᠨ ᠵᠢᠱ᠌ᠢᠯᠲᠡ ᠬᠢᠭᠰᠡᠨ᠎ᠤ   ᠳᠠᠷᠠᠭ᠎ᠠ   ᠲᠤᠭᠲᠠᠭ᠋ᠠᠬᠤ   ᠪᠦᠭᠡᠤᠡ   ᠲᠠᠪᠤᠨ   ᠵᠢᠯ   ᠪᠦᠷᠢ   ᠦᠨᠡᠯᠡᠨ   ᠵᠢᠱ᠌ᠢᠭᠰᠡᠨ   ᠪᠠᠶ᠋ᠢᠳᠠᠯ᠎ᠢ ᠦᠨᠳᠦᠰᠦᠯᠡᠨ ᠨᠡᠷᠡᠰ᠎ᠲᠤ ᠲᠤᠬᠢᠷᠠᠭᠤᠯᠤᠯᠲᠠ ᠬᠢᠨ᠎ᠠ᠃ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠤ ᠨᠡᠷᠡᠰ᠎ᠢ ᠲᠦᠷᠦ ᠵᠢᠨ ᠶᠠᠪᠤᠳᠠᠯ᠎ᠤᠨ ᠬᠤᠷᠢᠶᠠᠨ᠎ᠳᠤ ᠮᠡᠳᠡᠭᠦᠯᠵᠤ ᠵᠦᠪᠰᠢᠶᠡᠷᠡᠭᠦᠯᠦᠭᠡᠳ ᠨᠡᠶ᠋ᠢᠲᠡᠯᠡᠨ᠎ᠡ᠃                
      ᠤᠷᠤᠨ ᠨᠤᠲᠤᠭ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ ᠭᠡᠳᠡᠭ᠎ᠨᠢ ᠤᠯᠤᠰ᠎ᠤᠨ   ᠭᠤᠤᠯᠳᠠᠯᠭ᠎ᠠ ᠲ᠋ᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠠᠴᠠ ᠭᠠᠳᠠᠨ᠎ᠠ᠂   ᠮᠤᠵᠢ᠂   ᠦᠪᠡᠷᠲᠡᠭᠡᠨ   ᠵᠠᠰᠠᠬᠤ   ᠤᠷᠤᠨ᠂   ᠰᠢᠭᠤᠳ   ᠬᠠᠷᠢᠶ᠎ᠠ ᠬᠤᠲᠠ ᠵᠢᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠢ ᠵᠢᠭ᠋ᠠᠵᠤ ᠪᠠᠶ᠋ᠢᠨ᠎ᠠ᠃ ᠤᠷᠤᠨ ᠨᠤᠲᠤᠭ᠎ᠤᠨ   ᠭᠤᠤᠯᠳᠠᠯᠭ᠎ᠠ ᠲ᠋ᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠤ ᠨᠡᠷᠡᠰ᠎ᠢ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ   ᠬᠤᠲᠠ ᠵᠢᠨ ᠠᠷᠠᠳ᠎ᠤᠨ ᠵᠠᠰᠠᠭ᠎ᠤᠨ ᠤᠷᠳᠤᠨ᠎ᠠᠴᠠ   ᠵᠤᠬᠢᠶᠠᠨ   ᠪᠠᠶ᠋ᠢᠭᠤᠯᠵᠤ   ᠪᠠᠶ᠋ᠢᠭ᠋ᠠᠳ   ᠰᠢᠨᠵᠢᠯᠡᠬᠦ   ᠤᠬᠠᠭ᠋ᠠᠨᠴᠢ   ᠦᠨᠡᠯᠡᠨ   ᠵᠢᠱ᠌ᠢᠯᠲᠡ ᠬ᠋ᠢᠭᠰᠡᠨ᠎ᠤ ᠳᠠᠷᠠᠭ᠎ᠠ ᠲᠤᠭᠲᠠᠭ᠋ᠠᠵᠤ᠂ ᠲᠤᠬᠢᠷᠠᠭᠤᠯᠤᠯᠳᠠ ᠬᠢᠬᠦ ᠵᠢᠨ ᠬᠠᠮᠲᠤ ᠨᠡᠶ᠋ᠢᠲᠡᠯᠡᠨ᠎ᠡ᠃                
      ᠠᠮᠢ ᠠᠬᠤᠢ ᠵᠢᠨ᠂ ᠰᠢᠨᠵᠢᠯᠡᠬᠦ ᠤᠬᠠᠭ᠋ᠠᠨ᠎ᠤ᠂   ᠨᠡᠶ᠋ᠢᠭᠡᠮ᠎ᠤᠨ   ᠴᠢᠬᠤᠯᠠ   ᠦᠨ᠎ᠡ   ᠦᠷᠲᠡᠭ  ᠎ᠲᠠᠢ   ᠬᠠᠭᠤᠷᠠᠢ ᠵᠢᠨ ᠭ᠋ᠡᠭᠡᠷ᠎ᠡ ᠵᠢᠨ ᠠᠮᠢᠲᠠᠨ᠎ᠤ ᠨᠡᠷᠡᠰ᠎ᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠠ᠋ᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠵᠤᠬᠢᠶᠠᠨ ᠪᠠᠶ᠋ᠢᠭᠤᠯᠵᠦ ᠪᠠᠢ᠍ᠢ᠍ᠭ᠋ᠠᠳ ᠰᠢᠨᠵᠢᠯᠡᠬᠦ ᠤᠬᠠᠭ᠋ᠠᠨᠴᠢ ᠦᠨᠡᠯᠡᠨ   ᠵᠢᠱ᠌ᠢᠯᠲᠡ   ᠬᠢᠭᠰᠡᠨ᠎ᠤ ᠲ᠋ᠠᠷᠠᠭ᠎ᠠ ᠲᠤᠭᠲᠠᠭ᠋ᠠᠵᠤ᠂ ᠲᠤᠬᠢᠷᠠᠭᠤᠯᠤᠯᠳᠠ ᠬᠢᠬᠦ ᠵᠢᠨ ᠬᠠᠮᠲᠤ ᠨᠡᠶ᠋ᠢᠲᠡᠯᠡᠨ᠎ᠡ᠃              
      ᠠᠷᠪᠠᠨ ᠨᠢᠭᠡᠳᠦᠭᠡᠷ ᠵᠤᠢ᠍ᠢ᠍ᠯ   ᠰᠢᠶᠠᠨ᠎ᠤ   ᠱᠠᠲᠤᠨ  ᠎ᠠᠴᠠ   ᠳᠡᠭᠡᠭᠰᠢᠬᠢ   ᠠᠷᠠᠳ᠎ᠤᠨ   ᠵᠠᠰᠠᠭ᠎ᠤᠨ   ᠤᠷᠳᠤᠨ᠎ᠤ ᠭ᠋ᠡᠭᠡᠷ᠎ᠡ ᠵᠢᠨ   ᠠᠮᠢᠲᠠᠨ᠎ᠤ   ᠬᠠᠮᠠᠭ᠋ᠠᠯᠠᠯᠲᠠ ᠵᠢᠨ   ᠠ᠋ᠷᠬᠢᠯᠡᠨ   ᠬᠠᠮᠢᠶᠠᠷᠬᠤ   ᠰᠠᠯᠠᠭ᠎ᠠ   ᠮᠦᠴᠢᠷ   ᠬᠤᠯᠪᠤᠭᠳᠠᠯ   ᠪᠦᠬᠦᠢ   ᠰᠢᠨᠵᠢᠯᠡᠭᠦ᠊ ᠤᠬᠠᠭ᠋ᠠᠨ᠎ᠤ ᠰᠤᠳᠤᠯᠭ᠋ᠠᠨ᠎ᠤ ᠪᠠᠶ᠋ᠢᠭᠤᠯᠤᠮᠵᠢ ᠵᠢ ᠲᠤᠭᠲᠠᠮᠠᠯ ᠬᠤᠭᠤᠴᠠᠭ᠎ᠠ᠎ᠲᠠᠢ᠎ᠪᠠᠷ ᠵᠤᠬᠢᠶᠠᠨ   ᠪᠠᠶ᠋ᠢᠭᠤᠯᠬᠤ   ᠪᠤᠶᠤ   ᠲᠡᠭᠦᠨ᠎ᠳᠤ ᠨᠠᠶ᠋ᠢᠳᠠᠵᠤ ᠪᠠᠶ᠋ᠢᠭ᠋ᠠᠳ ᠭᠡᠭᠡᠷ᠎ᠡ ᠵᠢᠨ ᠠᠮᠢᠲᠠᠨ ᠵᠢᠴᠢ   ᠲᠡᠭᠦᠨ᠎ᠤ   ᠤᠷᠤᠰᠢᠨ   ᠠᠮᠢᠳᠤᠷᠠᠬᠤ   ᠭᠠᠵᠠᠷ᠎ᠤᠨ   ᠪᠠᠶ᠋ᠢᠳᠠᠯ᠎ᠤᠨ   ᠲᠤᠬᠠᠢ ᠪᠠᠶ᠋ᠢᠴᠠᠭ᠋ᠠᠯᠲᠠ᠂ ᠬᠢᠨᠠᠨ ᠬᠡᠮᠵᠢᠯᠲᠡ ᠪᠠ ᠦᠨᠡᠯᠡᠨ ᠵᠢᠱ᠌ᠢᠯᠲᠡ ᠬᠢᠯᠭᠡᠵᠤ᠂   ᠭᠡᠭᠡᠷ᠎ᠡ ᠵᠢᠨ   ᠠᠮᠢᠲᠠᠨ   ᠵᠢᠴᠢ   ᠲᠡᠭᠦᠨ᠎ᠤ   ᠤᠷᠤᠰᠢᠨ ᠠᠮᠢᠳᠤᠷᠠᠬᠤ ᠭᠠᠵᠠᠷ᠎ᠤᠨ ᠲᠤᠬᠠᠢ ᠳᠠᠨᠭ᠌ᠰᠠ ᠡᠪᠬᠡᠮᠡᠯ᠎ᠢ ᠪᠠᠶ᠋ᠢᠭᠤᠯᠤᠨ ᠪᠦᠷᠢᠨᠰᠢᠭᠦᠯᠬᠦ ᠬᠡᠷᠡᠭᠲᠡᠢ᠃                
      ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠤᠷᠤᠰᠢᠨ ᠠᠮᠢᠳᠤᠷᠠᠬᠤ ᠭᠠᠵᠠᠷ᠎ᠤᠨ ᠪᠠᠶ᠋ᠢᠳᠠᠯ᠎ᠤᠨ   ᠲᠤᠬᠠᠢ   ᠪᠠᠶ᠋ᠢᠴᠠᠭ᠋ᠠᠯᠲᠠ᠂ᠬᠢᠨᠠᠨ ᠬᠡᠮᠵᠢᠯᠲᠡ ᠪᠠ ᠦᠨᠡᠯᠡᠨ ᠵᠢᠱ᠌ᠢᠯᠳᠡ᠎ᠳᠤ ᠲᠤᠤᠷ᠎ᠠ ᠵᠢᠭᠰᠠᠭ᠋ᠠᠭᠰᠠᠨ ᠠᠭᠤᠯᠭ᠎ᠠ ᠵᠢ ᠪᠠᠭᠲᠠᠭ᠋ᠠᠬᠤ ᠬᠡᠷᠡᠭᠲᠡᠢ᠄                
     (ᠨᠢᠭᠡ) ᠭᠡᠭᠡᠷ᠎ᠡ ᠵᠢᠨ ᠠᠮᠢᠲᠠᠨ᠎ᠤ ᠭᠡᠭᠡᠷ᠎ᠡ ᠵᠢᠨ ᠲᠠᠷᠬᠠᠯᠲᠠ ᠵᠢᠨ   ᠤᠷᠤᠨ   ᠪᠦᠰᠡ᠂   ᠳᠦᠷᠰᠦ ᠵᠢᠨ   ᠰᠦᠷᠦᠭ᠎ᠤᠨ ᠲ᠋ᠤᠭ᠎ᠠ ᠬᠡᠮᠵᠢᠶ᠎ᠡ ᠵᠢᠴᠢ ᠪᠦᠲᠦᠴᠡ;              
     (ᠬᠤᠶᠠᠷ) ᠭᠡᠭᠡᠷ᠎ᠡ ᠵᠢᠨ ᠠᠮᠢᠲᠠᠨ᠎ᠤ ᠤᠷᠤᠰᠢᠨ ᠠᠮᠢᠳᠤᠷᠠᠬᠤ ᠭᠠᠵᠠᠷ᠎ᠤᠨ ᠲᠠᠯᠠᠪᠠᠢ᠂ ᠠᠮᠢ ᠠᠬᠤᠢ ᠵᠢᠨ ᠪᠠᠶ᠋ᠢᠳᠠᠯ;                  
      (ᠭᠤᠷᠪᠠ) ᠭᠡᠭᠡᠷ᠎ᠡ ᠵᠢᠨ ᠠᠮᠢᠲᠠᠨ ᠵᠢᠴᠢ   ᠲᠡᠭᠦᠨ᠎ᠤ   ᠤᠷᠤᠰᠢᠨ   ᠠᠮᠢᠳᠤᠷᠠᠬᠤ   ᠭᠠᠵᠠᠷ᠎ᠤᠨ   ᠭᠤᠤᠯ   ᠰᠦᠷᠳᠡᠭᠦᠯᠬᠦᠬᠦ᠋ᠴᠦᠨ ᠵᠦᠢ᠍ᠯ;                
     (ᠳᠦᠷᠪᠡ) ᠭᠡᠭᠡᠷ᠎ᠡ ᠵᠢᠨ ᠠᠮᠢᠲᠠᠨ᠎ᠢ ᠬᠦᠮᠦᠨ᠎ᠤ ᠬᠦᠴᠦ᠎ᠪᠠᠷ ᠦᠷᠡᠵᠢᠭᠦᠯᠦᠨ   ᠪᠤᠶ᠋ᠢᠵᠢᠭᠤᠯᠤᠭᠰᠠᠨ   ᠪᠠᠶ᠋ᠢᠳᠠᠯ   ᠵᠡᠷᠭᠡ ᠪᠠᠶ᠋ᠢᠴᠠᠭ᠋ᠠᠯᠲᠠ᠂ ᠬᠢᠨᠠᠨ ᠬᠡᠮᠵᠢᠯᠲᠡ ᠪᠠ ᠦᠨᠡᠯᠡᠨ ᠵᠢᠱ᠌ᠢᠯᠲᠡ ᠬᠢᠬᠦ ᠴᠢᠬᠤᠯᠠᠲᠠᠢ ᠪᠤᠰᠤᠳ ᠠᠭᠤᠯᠭ᠎ᠠ᠃                
      ᠠᠷᠪᠠᠨ   ᠬᠤᠶᠠᠳᠤᠭ᠋ᠠᠷ   ᠵᠤᠢ᠍ᠢ᠍ᠯ      ᠲᠦᠷᠦ ᠵᠢᠨ   ᠶᠠᠪᠤᠳᠠᠯ᠎ᠤᠨ   ᠬᠤᠷᠢᠶᠠᠨ᠎ᠤ   ᠭᠡᠭᠡᠷ᠎ᠡ ᠵᠢᠨ   ᠠᠮᠢᠲᠠᠨ᠎ᠤ ᠬᠠᠮᠠᠭ᠋ᠠᠯᠠᠯᠲᠠ ᠵᠢᠨ ᠠ᠋ᠷᠬᠢᠯᠡᠨ ᠬᠠᠮᠢᠶᠠᠷᠬᠤ ᠰᠠᠯᠠᠭ᠎ᠠ   ᠮᠦᠴᠢᠷ   ᠲᠦᠷᠦ ᠵᠢᠨ   ᠶᠠᠪᠤᠳᠠᠯ᠎ᠤᠨ   ᠬᠤᠷᠢᠶᠠᠨ᠎ᠤ   ᠬᠤᠯᠪᠤᠭᠳᠠᠯ   ᠪᠦᠬᠦᠢ ᠰᠠᠯᠠᠭ᠎ᠠ ᠮᠦᠴᠢᠷ᠎ᠲᠠᠢ ᠬᠠᠮᠲᠤᠷᠠᠵᠤ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠤᠷᠤᠰᠢᠨ ᠠᠮᠢᠳᠤᠷᠠᠬᠤ ᠭᠠᠵᠠᠷ᠎ᠤᠨ ᠪᠠᠶ᠋ᠢᠳᠠᠯ᠎ᠤᠨ ᠲ᠋ᠤᠬᠠᠢ ᠪᠠᠶ᠋ᠢᠴᠠᠭ᠋ᠠᠯᠲᠠ᠂ ᠬᠢᠨᠠᠨ ᠬᠡᠮᠵᠢᠯᠲᠡ ᠪᠠ ᠦᠨᠡᠯᠡᠨ   ᠵᠢᠱ᠌ᠢᠯᠲᠡ ᠵᠢᠨ   ᠦᠷ᠎ᠡ   ᠳ᠋ᠦᠩ᠎ᠢ   ᠦᠨᠳᠦᠰᠦᠯᠡᠵᠦ᠂   ᠭᠡᠭᠡᠷ᠎ᠡ ᠵᠢᠨ ᠠᠮᠢᠲᠠᠨ᠎ᠤ ᠴᠢᠬᠤᠯᠠ ᠤᠷᠤᠰᠢᠨ ᠠᠮᠢᠳᠤᠷᠠᠬᠤ ᠭᠠᠵᠠᠷ᠎ᠤᠨ ᠨᠡᠷᠡᠰ᠎ᠢ ᠲᠤᠭᠲᠠᠭ᠋ᠠᠵᠤ ᠨᠡᠶ᠋ᠢᠲᠡᠯᠡᠬᠦ ᠬᠡᠷᠡᠭᠲᠡᠢ᠃                
      ᠮᠤᠵᠢ ᠵᠢᠨ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ ᠬᠠᠤᠯᠢ ᠶᠤᠰᠤᠭ᠋ᠠᠷ   ᠬᠤᠯᠪᠤᠭᠳᠠᠯ   ᠪᠦᠬᠦᠢ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠤᠷᠤᠨ ᠪᠦᠰᠡ ᠵᠢ   ᠵᠠᠭ᠋ᠠᠭᠯᠠᠨ   ᠲᠤᠭᠲᠠᠭ᠋ᠠᠵᠤ᠂   ᠭᠡᠭᠡᠷ᠎ᠡ ᠵᠢᠨ   ᠠᠮᠢᠲᠠᠨ   ᠵᠢᠴᠢ   ᠲᠡᠭᠦᠨ᠎ᠤ ᠴᠢᠬᠤᠯᠠ ᠤᠷᠤᠰᠢᠨ ᠠᠮᠢᠳᠤᠷᠠᠬᠤ   ᠭᠠᠵᠠᠷ᠎ᠢ   ᠬᠠᠮᠠᠭ᠋ᠠᠯᠠᠵᠤ᠂   ᠭᠡᠭᠡᠷ᠎ᠡ ᠵᠢᠨ   ᠠᠮᠢᠲᠠᠨ᠎ᠤ   ᠤᠷᠤᠰᠢᠨ   ᠲᠤᠭᠲᠠᠨᠢᠬᠤ   ᠤᠷᠴᠢᠨ ᠠᠬᠤᠢ ᠵᠢ ᠬᠠᠮᠠᠭ᠋ᠠᠯᠠᠵᠤ᠂ ᠰᠡᠷᠭᠦᠭᠡᠬᠦ ᠪᠠ ᠰᠠᠶ᠋ᠢᠵᠢᠷᠠᠭᠤᠯᠤᠨ᠎ᠠ᠃ ᠬᠤᠯᠪᠤᠭᠳᠠᠯ ᠪᠦᠬᠦᠢ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠤᠷᠤᠨ ᠪᠦᠰᠡ ᠵᠢ ᠵᠠᠭ᠋ᠠᠭᠯᠠᠨ ᠲᠤᠭᠲᠠᠭ᠋ᠠᠬᠤ ᠨᠦᠬᠦᠴᠡᠯ᠎ᠢ ᠪᠦᠷᠢᠳᠦᠭᠦᠯᠦᠭᠰᠡᠨ ᠦᠭᠡᠢ ᠪᠠᠶ᠋ᠢᠪᠠᠯ᠂ ᠰᠢᠶᠠᠨ᠎ᠤ ᠱᠠᠲᠤᠨ  ᠎ᠠᠴᠠ   ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ ᠠᠪᠠᠯᠠᠬᠤ (ᠠᠨᠭ᠌ᠨᠠᠬᠤ) ᠵᠢ ᠴᠠᠭ᠋ᠠᠵᠠᠯᠠᠬᠤ   ᠤᠷᠤᠨ᠎ᠢ   ᠵᠠᠭ᠋ᠠᠭᠯᠠᠨ   ᠲᠤᠭᠲᠠᠭ᠋ᠠᠬᠤ᠂   ᠠᠪᠠᠯᠠᠬᠤ(ᠠᠨᠭ᠌ᠨᠠᠬᠤ) ᠵᠢ ᠴᠠᠭ᠋ᠠᠵᠠᠯᠠᠬᠤ ᠬᠤᠭᠤᠴᠠᠭ᠎ᠠ ᠵᠢ ᠲᠤᠭᠲᠠᠭ᠋ᠠᠬᠤ ᠵᠡᠷᠭᠡ ᠪᠤᠰᠤᠳ ᠬᠡᠯᠪᠡᠷᠢ᠎ᠪᠠᠷ ᠬᠠᠮᠠᠭ᠋ᠠᠯᠠᠵᠤ ᠪᠤᠯᠤᠨ᠎ᠠ᠃                
      ᠬᠤᠯᠪᠤᠭᠳᠠᠯ   ᠪᠦᠬᠦᠢ   ᠪᠠᠶ᠋ᠢᠭ᠋ᠠᠯᠢ ᠵᠢᠨ   ᠬᠠᠮᠠᠭ᠋ᠠᠯᠠᠯᠲᠠ ᠵᠢᠨ   ᠤᠷᠤᠨ   ᠪᠦᠰᠡ᠎ᠳᠤ   ᠭᠠᠳᠠᠨ᠎ᠠ   ᠵᠢᠨ   ᠳᠦᠷᠰᠦ ᠵᠢ ᠤᠷᠤᠭᠤᠯᠬᠤ᠂ ᠭᠠᠭᠴᠠ ᠲᠦᠷᠦᠯ᠎ᠤᠨ ᠴᠡᠪᠡᠷ ᠤᠢ ᠵᠢ   ᠤᠶ᠋ᠢᠵᠢᠭᠤᠯᠬᠤ᠂   ᠲᠠᠷᠢᠶᠠᠨ   ᠡᠮ᠎ᠢ   ᠬᠡᠮᠵᠢᠶ᠎ᠡ  ᠎ᠠᠴᠠ   ᠬᠡᠲᠦᠷᠡᠭᠦᠯᠦᠨ ᠰᠠᠴᠤᠬᠤ ᠭᠡᠭᠦ ᠮᠡᠳᠤ᠎ᠪᠠᠷ ᠭᠡᠭᠡᠷ᠎ᠡ ᠵᠢᠨ ᠠᠮᠢᠲᠠᠨ᠎ᠤ   ᠦᠷᠡᠵᠢᠨ   ᠠᠮᠢᠳᠤᠷᠠᠬᠤ ᠵᠢ   ᠬᠦᠮᠦᠨ᠎ᠤ   ᠬᠢᠳᠡᠯ ᠵᠢᠡᠷ   ᠬᠠᠷᠰᠢᠯᠠᠬᠤ   ᠪᠠ ᠰᠦᠷᠳᠡᠭᠦᠯᠬᠦ ᠦᠢ᠍ᠯᠡ ᠠᠵᠢᠯᠯᠠᠭ᠎ᠠ ᠵᠢ ᠴᠠᠭ᠋ᠠᠵᠠᠯᠠᠬᠤ ᠪᠤᠶᠤ ᠬᠢᠵᠠᠭ᠋ᠠᠷᠯᠠᠨ᠎ᠠ᠃                
      ᠬᠤᠯᠪᠤᠭᠳᠠᠯ ᠪᠦᠬᠦᠢ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠤᠷᠤᠨ ᠪᠦᠰᠡ ᠵᠢ ᠬᠤᠯᠪᠤᠭᠳᠠᠯ ᠪᠦᠬᠦᠢ   ᠬᠠᠤᠯᠢ   ᠴᠠᠭ᠋ᠠᠵᠠ ᠬᠠᠤᠯᠢ ᠲᠤᠭᠲᠠᠭ᠋ᠠᠯ᠎ᠤᠨ ᠲᠤᠭᠲᠠᠭ᠋ᠠᠯ ᠶᠤᠰᠤᠭ᠋ᠠᠷ ᠵᠠᠭ᠋ᠠᠭᠯᠠᠨ ᠲᠤᠭᠲᠠᠭ᠋ᠠᠬᠤ ᠪᠠ ᠬᠠᠮᠢᠶᠠᠷᠤᠨ᠎ᠡ᠃

ᠢᠷᠡᠯᠲᠡ᠄ ᠳᠤᠮᠳᠠᠳᠤ ᠤᠯᠤᠰ᠎ᠤᠨ ᠦᠨᠳᠦᠰᠦᠲᠡᠨ᠎ᠤ ᠬᠡᠯᠡᠨ᠎ᠤ ᠣᠷᠴᠢᠭᠤᠯᠭ᠎ᠠ ᠵᠢᠨ ᠲᠣᠪᠴᠢᠶ᠎ᠠ