ᠪᠦᠬᠦᠳᠠ ᠨᠡᠶ᠋ᠢᠷᠡᠮᠳᠡᠬᠤ ᠲᠤᠮᠳᠡᠳᠦ ᠠᠷᠡᠦᠠ ᠤᠯᠦᠰ᠎ᠤᠨ ᠭᠡᠭᠡᠷ᠎ᠡ ᠵᠢᠨ ᠠᠮᠢᠲᠠᠨ᠎ᠢ ᠬᠠᠮᠠᠭ᠋ᠠᠯᠠᠬᠤ ᠬᠠᠦᠯᠢ (7)
(1988 ᠤᠠ᠎ᠤ 11 ᠰᠡᠷ᠎ᠠ ᠵᠢᠨ 8᠎ᠤ ᠡᠳᠦᠷ ᠲᠤᠯᠤᠳᠦᠭ᠋ᠠᠷ ᠬᠤᠭᠤᠴᠡᠭ᠋ᠠᠠ᠎ᠤ ᠪᠦᠬᠦ ᠤᠯᠦᠰ᠎ᠤᠨ ᠠᠷᠡᠦᠠ᠎ᠤᠨ ᠲᠦᠯᠦᠭᠡᠯᠡᠭᠴᠢᠦᠠ᠎ᠤᠨ ᠶᠡᠭᠡ ᠬᠤᠷᠡᠯ᠎ᠤᠨ ᠪᠠᠶ᠋ᠢᠡᠭᠭᠤ ᠵᠢᠨ ᠬᠤᠷᠢᠶᠠᠨ᠎ᠤ ᠲᠦᠷᠪᠡᠳᠤᠭᠡᠷ ᠬᠤᠷᠡᠯᠳᠦᠭ᠋ᠠᠠ᠎ᠠᠴᠠ ᠪᠡᠳᠦᠯᠡᠪᠡ
ᠳᠦᠷᠪᠡᠳᠦᠭᠡᠷ ᠪᠦᠯᠦᠭ ᠬᠠᠤᠯᠢ ᠵᠢᠨ ᠬᠠᠷᠢᠭᠤᠴᠠᠯᠭ᠎ᠠ
ᠳᠦᠴᠢᠨ ᠬᠤᠶᠠᠳᠤᠭ᠋ᠠᠷ ᠵᠦᠢ᠍ᠯ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠪᠤᠰᠤᠳ ᠬᠤᠯᠪᠤᠭᠳᠠᠯ ᠪᠦᠬᠦᠢ ᠰᠠᠯᠠᠭ᠎ᠠ ᠮᠦᠴᠢᠷ᠂ ᠪᠠᠶ᠋ᠢᠭᠤᠯᠭ᠎ᠠ ᠬᠠᠤᠯᠢ ᠶᠤᠰᠤᠭ᠋ᠠᠷ ᠵᠠᠰᠠᠭ ᠵᠠᠬᠢᠷᠭ᠋ᠠᠨ᠎ᠤ ᠵᠦᠪᠰᠢᠶᠡᠷᠡᠯ᠎ᠤᠨ ᠲᠤᠭᠲᠠᠭ᠋ᠠᠯ᠎ᠢ ᠭᠠᠷᠭ᠋ᠠᠭᠰᠠᠨ ᠦᠭᠡᠢ᠂ ᠬᠠᠤᠯᠢ᠎ᠠᠴᠠ ᠵᠦᠷᠢᠴᠡᠭᠰᠡᠨ ᠦᠢ᠍ᠯᠡ ᠠᠵᠢᠯᠯᠠᠭ᠎ᠠ ᠵᠢ ᠤᠯᠵᠤ ᠮᠡᠳᠡᠭᠰᠡᠨ ᠪᠤᠶᠤ ᠬᠠᠤᠯᠢ᠎ᠠᠴᠠ ᠵᠦᠷᠢᠴᠡᠭᠰᠡᠨ ᠦᠢ᠍ᠯᠡ ᠠᠵᠢᠯᠯᠠᠭ᠎ᠠ ᠵᠢᠨ ᠲᠤᠬᠠᠢ ᠢᠯᠡᠴᠢᠯᠡᠨ ᠮᠡᠳᠡᠭᠦᠯᠦᠯᠲᠡ ᠵᠢ ᠤᠯᠤᠭ᠋ᠠᠳ ᠪᠠᠶ᠋ᠢᠴᠠᠭ᠋ᠠᠨ ᠰᠢᠢ᠍ᠳᠪᠦᠷᠢᠯᠡᠬᠦ ᠦᠭᠡᠢ ᠪᠤᠶᠤ ᠬᠠᠤᠯᠢ ᠶᠤᠰᠤᠭ᠋ᠠᠷ ᠪᠠᠶ᠋ᠢᠴᠠᠭ᠋ᠠᠨ ᠰᠢᠢ᠍ᠳᠪᠦᠷᠢᠯᠡᠭᠰᠡᠨ ᠦᠭᠡᠢ᠂ ᠡᠰᠡᠭᠦᠯ᠎ᠡ ᠡᠷᠬᠡ ᠲᠤᠰᠢᠶᠠᠯ ᠵᠶ᠋ᠠᠨ ᠲᠤᠷ᠎ᠠ᠎ᠪᠠᠷ ᠬᠡᠷᠡᠭᠯᠡᠭᠰᠡᠨ ᠵᠡᠷᠭᠡ ᠲᠤᠰᠢᠶᠠᠯ ᠬᠠᠷᠢᠭᠤᠴᠠᠯᠭ᠎ᠠ᠎ᠪᠠᠨ ᠬᠠᠤᠯᠢ ᠶᠤᠰᠤᠭ᠋ᠠᠷ ᠭᠦᠢ᠍ᠴᠡᠳᠬᠡᠭᠰᠡᠨ ᠦᠭᠡᠢ ᠪᠤᠰᠤᠳ ᠦᠢ᠍ᠯᠡ ᠠᠵᠢᠯᠯᠠᠭ᠎ᠠ᠎ᠲᠠᠢ ᠪᠠᠶ᠋ᠢᠪᠠᠯ᠂ ᠲᠤᠰ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ ᠪᠤᠶᠤ ᠳᠡᠭᠡᠲᠦ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠤᠯᠪᠤᠭᠳᠠᠯ ᠪᠦᠬᠦᠢ ᠰᠠᠯᠠᠭ᠎ᠠ ᠮᠦᠴᠢᠷ᠂ ᠪᠠᠶ᠋ᠢᠭᠤᠯᠭ᠎ᠠ᠎ᠠᠴᠠ ᠵᠠᠷᠯᠢᠭᠳᠠᠨ ᠵᠠᠯᠠᠷᠠᠭᠤᠯᠤᠭᠤᠯᠵᠤ᠂ ᠬᠠᠷᠢᠭᠤᠴᠠᠯᠭ᠎ᠠ᠎ᠲᠠᠢ ᠡᠷᠬᠢᠯᠡᠨ ᠬᠠᠮᠢᠶᠠᠷᠬᠤ ᠬᠦᠮᠦᠨ ᠪᠤᠯᠤᠨ ᠰᠢᠭᠤᠳ ᠬᠠᠷᠢᠭᠤᠴᠠᠯᠭ᠎ᠠ᠎ᠲᠠᠢ ᠪᠤᠰᠤᠳ ᠬᠦᠮᠦᠨ᠎ᠳᠤ ᠬᠠᠤᠯᠢ ᠶᠤᠰᠤᠭ᠋ᠠᠷ ᠤᠰᠤᠯ ᠲᠡᠮᠳᠡᠭᠯᠡᠬᠦ᠂ ᠶᠡᠭᠡ ᠤᠰᠤᠯ ᠲᠡᠮᠳᠡᠭᠯᠡᠬᠦ ᠪᠤᠶᠤ ᠳᠡᠰ᠎ᠢ᠎ᠨᠢ ᠪᠠᠭᠤᠷᠠᠭᠤᠯᠬᠤ ᠰᠢᠢ᠍ᠳᠬᠡᠯ ᠦᠭᠭᠦᠨ᠎ᠡ; ᠬᠦᠨᠳᠦ ᠨᠤᠴᠢᠲᠠᠢ ᠤᠷᠰᠢᠭ ᠲᠠᠲᠠᠭᠰᠠᠨ ᠪᠠᠶ᠋ᠢᠪᠠᠯ᠂ ᠲᠤᠰᠢᠶᠠᠯ᠎ᠠᠴᠠ᠎ᠨᠢ ᠤᠭᠴᠤᠷᠠᠭᠤᠯᠬᠤ ᠪᠤᠶᠤ ᠠᠵᠢᠯ᠎ᠠᠴᠠ᠎ᠨᠢ ᠬᠦᠭᠡᠭᠡᠬᠦ ᠰᠢᠢ᠍ᠳᠬᠡᠯ ᠦᠭᠭᠦᠨ᠎ᠡ᠂ ᠲᠡᠭᠦᠨ᠎ᠤ ᠭᠤᠤᠯ ᠬᠠᠷᠢᠭᠤᠴᠠᠯᠭ᠋ᠠᠲᠠᠨ᠎ᠨᠢ ᠠᠯᠳᠠᠭ᠎ᠠ ᠪᠤᠷᠤᠭᠤ᠎ᠪᠠᠨ ᠬᠦᠯᠢᠶᠡᠵᠦ ᠲᠤᠰᠢᠶᠠᠯ᠎ᠠᠴᠠ᠎ᠪᠠᠨ ᠪᠠᠭᠤᠬᠤ ᠬᠡᠷᠡᠭᠲᠡᠢ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠳᠦᠴᠢᠨ ᠭᠤᠷᠪᠠᠳᠤᠭ᠋ᠠᠷ ᠵᠦᠢ᠍ᠯ ᠲᠤᠰ ᠬᠠᠤᠯᠢ ᠵᠢᠨ ᠠᠷᠪᠠᠨ ᠬᠤᠶᠠᠳᠤᠭ᠋ᠠᠷ ᠵᠦᠢ᠍ᠯ᠎ᠤᠨ ᠭᠤᠷᠪᠠᠳᠤᠭ᠋ᠠᠷ ᠪᠠᠳᠠᠭ᠂ ᠠᠷᠪᠠᠨ ᠭᠤᠷᠪᠠᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠭᠰᠡᠨ ᠪᠠᠶ᠋ᠢᠪᠡᠯ᠂ ᠬᠤᠯᠪᠤᠭᠳᠠᠯ ᠪᠦᠬᠦᠢ ᠬᠠᠤᠯᠢ ᠴᠠᠭ᠋ᠠᠵᠠ ᠬᠠᠤᠯᠢ ᠲᠤᠭᠲᠠᠭ᠋ᠠᠯ᠎ᠤᠨ ᠲᠤᠭᠲᠠᠭ᠋ᠠᠯ ᠶᠤᠰᠤᠭ᠋ᠠᠷ ᠰᠢᠢ᠍ᠳᠬᠡᠨ᠎ᠡ᠃
ᠳᠦᠴᠢᠨ ᠳᠦᠷᠪᠡᠳᠦᠭᠡᠷ ᠵᠦᠢ᠍ᠯ ᠲᠤᠰ ᠬᠠᠤᠯᠢ ᠵᠢᠨ ᠠᠷᠪᠠᠨ ᠲᠠᠪᠤᠳᠤᠭ᠋ᠠᠷ ᠵᠦᠢ᠍ᠯ᠎ᠤᠨ ᠭᠤᠷᠪᠠᠳᠤᠭ᠋ᠠᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠬᠤᠷᠢᠶᠠᠮᠵᠢᠯᠠᠨ ᠠᠪᠤᠷᠠᠬᠤ ᠨᠡᠷ᠎ᠡ᠎ᠪᠠᠷ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠢ ᠬᠤᠳᠠᠯᠳᠤᠭ᠋ᠠᠯᠠᠬᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠂ ᠬᠠᠤᠯᠢ᠎ᠠᠴᠠ ᠵᠦᠷᠢᠴᠡᠵᠤ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠬᠤ ᠪᠦᠭᠡᠳ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠤ ᠦᠷᠲᠡᠭ᠎ᠤᠨ ᠬᠢᠨᠢ ᠬᠤᠶᠠᠷ ᠳᠠᠬᠢᠨ᠎ᠠᠴᠠ ᠳᠡᠭᠡᠭᠰᠢ ᠠᠷᠪᠠᠨ ᠳᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠵᠤ᠂ ᠬᠠᠤᠯᠢ᠎ᠠᠴᠠ ᠵᠦᠷᠢᠴᠡᠭᠰᠡᠨ ᠬᠤᠯᠪᠤᠭᠳᠠᠯ ᠪᠦᠬᠦᠢ ᠮᠡᠳᠡᠭᠡ ᠵᠠᠩᠬᠢ ᠵᠢ᠎ᠨᠢ ᠨᠡᠶ᠋ᠢᠭᠡᠮ᠎ᠤᠨ ᠦᠨᠡᠨᠴᠢ ᠢᠲᠡᠬᠡᠮᠵᠢ ᠵᠢᠨ ᠳᠠᠩᠰᠠ ᠡᠪᠬᠡᠮᠡᠯ᠎ᠳᠤ ᠲᠡᠮᠳᠡᠭᠯᠡᠨ ᠤᠷᠤᠭᠤᠯᠵᠤ ᠨᠠᠶ᠋ᠢᠭᠡᠮ ᠨᠡᠶ᠋ᠢᠲᠡ᠎ᠳᠤ ᠨᠡᠶ᠋ᠢᠲᠡᠯᠡᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠳᠦᠴᠢᠨ ᠳᠠᠪᠤᠳᠤᠭ᠋ᠠᠷ ᠵᠦᠢ᠍ᠯ ᠲᠤᠰ ᠬᠠᠤᠯᠢ ᠵᠢᠨ ᠬᠤᠷᠢᠳᠤᠭ᠋ᠠᠷ ᠵᠦᠢ᠍ᠯ᠂ ᠬᠤᠷᠢᠨ ᠨᠢᠭᠡᠳᠦᠭᠡᠷ ᠵᠦᠢ᠍ᠯ᠂ ᠬᠤᠷᠢᠨ ᠭᠤᠷᠪᠠᠳᠤᠭ᠋ᠠᠷ ᠵᠦᠢ᠍ᠯ᠎ᠤᠨ ᠨᠢᠭᠡᠳᠦᠭᠡᠷ ᠪᠠᠳᠠᠭ᠂ ᠬᠤᠷᠢᠨ ᠳᠦᠷᠪᠡᠳᠦᠭᠡᠷ ᠵᠦᠢ᠍ᠯ᠎ᠤᠨ ᠨᠢᠭᠡᠳᠦᠭᠡᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠬᠤᠯᠪᠤᠭᠳᠠᠯ ᠪᠦᠬᠦᠢ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠤᠷᠤᠨ ᠪᠦᠰᠡ᠂ ᠠᠪᠠᠯᠠᠬᠤ (ᠠᠩᠨᠠᠬᠤ) ᠵᠢ ᠴᠠᠭ᠋ᠠᠵᠠᠯᠠᠬᠤ ᠤᠷᠤᠨ᠂ ᠠᠪᠠᠯᠠᠬᠤ (ᠠᠩᠨᠠᠬᠤ) ᠵᠢ ᠴᠠᠭ᠋ᠠᠵᠠᠯᠠᠬᠤ ᠬᠤᠭᠤᠴᠠᠭ᠋ᠠᠨ᠎ᠳᠤ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠢ ᠠᠩᠨᠠᠭᠰᠠᠨ᠂ ᠤᠨᠴᠠ ᠵᠦᠪᠰᠢᠶᠡᠷᠡᠯ᠎ᠤᠨ ᠠᠩᠨᠠᠬᠤ ᠦᠨᠡᠮᠯᠡᠯ᠎ᠢ ᠤᠯᠤᠭᠰᠠᠨ ᠦᠭᠡᠢ᠎ᠪᠠᠷ ᠪᠠ ᠤᠨᠴᠠ ᠵᠦᠪᠰᠢᠶᠡᠷᠡᠯ᠎ᠤᠨ ᠠᠩᠨᠠᠬᠤ ᠦᠨᠡᠮᠯᠡᠯ᠎ᠤᠨ ᠲᠤᠭᠲᠠᠭ᠋ᠠᠯ᠎ᠢ ᠦᠯᠦ ᠵᠢᠷᠤᠮᠯᠠᠨ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠢ ᠠᠩᠨᠠᠭᠰᠠᠨ᠂ ᠠᠯᠠᠭᠰᠠᠨ᠂ ᠡᠰᠡᠭᠦᠯ᠎ᠡ ᠴᠠᠭ᠋ᠠᠵᠠ᠎ᠲᠠᠢ ᠪᠠᠭ᠋ᠠᠵᠢ ᠪᠠ ᠠᠷᠭ᠎ᠠ᠎ᠪᠠᠷ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ᠎ᠢ ᠠᠩᠨᠠᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠂ ᠳᠠᠯᠠᠢ ᠲᠠᠩᠬᠢᠰ᠎ᠤᠨ ᠬᠠᠤᠯᠢ ᠬᠡᠷᠡᠭᠵᠢᠭᠦᠯᠬᠦ ᠰᠠᠯᠠᠭ᠎ᠠ ᠮᠦᠴᠢᠷ ᠪᠤᠶᠤ ᠬᠤᠯᠪᠤᠭᠳᠠᠯ ᠪᠦᠬᠦᠢ ᠬᠠᠮᠠᠭ᠋ᠠᠯᠠᠯᠲᠠ ᠵᠢᠨ ᠤᠷᠤᠨ ᠪᠦᠰᠡ ᠵᠢᠨ ᠬᠠᠮᠢᠶᠠᠷᠤᠯᠲᠠ ᠵᠢᠨ ᠪᠠᠶ᠋ᠢᠭᠤᠯᠤᠮᠵᠢ᠎ᠠᠴᠠ ᠲᠤᠰᠢᠶᠠᠯ ᠬᠠᠷᠢᠭᠤᠴᠠᠯᠭ᠎ᠠ ᠵᠢᠨ ᠵᠶ᠋ᠠᠨ ᠬᠤᠪᠢᠶᠠᠷᠢᠯᠠᠯ ᠶᠤᠰᠤᠭ᠋ᠠᠷ ᠠᠪᠠᠯᠠᠭᠰᠠᠨ ᠤᠯᠵᠠ᠂ ᠠᠩᠨᠠᠬᠤ ᠪᠠᠭ᠋ᠠᠵᠢ ᠪᠠ ᠬᠠᠤᠯᠢ᠎ᠠᠴᠠ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠴᠤ᠂ ᠤᠨᠴᠠ ᠵᠦᠪᠰᠢᠶᠡᠷᠡᠯ᠎ᠤᠨ ᠠᠩᠨᠠᠬᠤ ᠦᠨᠡᠮᠯᠡᠯ᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠵᠤ᠂ ᠠᠪᠠᠯᠠᠭᠰᠠᠨ ᠤᠯᠵᠠ ᠵᠢᠨ ᠦᠷᠲᠡᠭ᠎ᠤᠨ ᠬᠢᠨᠢ ᠬᠤᠶᠠᠷ ᠲᠠᠬᠢᠨ᠎ᠠᠴᠠ ᠳᠡᠭᠡᠭᠰᠢ ᠠᠷᠪᠠᠨ ᠳᠠᠬᠢᠨ᠎ᠠᠴᠠ ᠳᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠠᠪᠠᠯᠠᠭᠰᠠᠨ ᠤᠯᠵᠠ ᠦᠭᠡᠢ ᠪᠤᠯ᠂ ᠲᠦᠮᠡᠨ ᠲᠦᠬᠦᠷᠢᠭ᠎ᠠᠴᠠ ᠳᠡᠭᠡᠭᠰᠢ ᠲᠠᠪᠤᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠳᠦᠴᠢᠨ ᠵᠢᠷᠭᠤᠳᠤᠭ᠋ᠠᠷ ᠵᠦᠢ᠍ᠯ ᠲᠤᠰ ᠬᠠᠤᠯᠢ ᠵᠢᠨ ᠬᠤᠷᠢᠳᠤᠭ᠋ᠠᠷ ᠵᠦᠢ᠍ᠯ᠂ ᠬᠤᠷᠢᠨ ᠬᠤᠶᠠᠳᠤᠭ᠋ᠠᠷ ᠵᠦᠢ᠍ᠯ᠂ ᠬᠤᠷᠢᠨ ᠭᠤᠷᠪᠠᠳᠤᠭ᠋ᠠᠷ ᠵᠦᠢ᠍ᠯ᠎ᠤᠨ ᠨᠢᠭᠡᠳᠦᠭᠡᠷ ᠪᠠᠳᠠᠭ᠂ ᠬᠤᠷᠢᠨ ᠳᠦᠷᠪᠡᠳᠦᠭᠡᠷ ᠵᠦᠢ᠍ᠯ᠎ᠤᠨ ᠨᠢᠭᠡᠳᠦᠭᠡᠷ ᠪᠠᠳᠠᠭ᠎ᠤᠨ ᠲᠤᠭᠲᠠᠭ᠋ᠠᠯ᠎ᠢ ᠵᠦᠷᠢᠴᠡᠵᠦ᠂ ᠬᠤᠯᠪᠤᠭᠳᠠᠯ ᠪᠦᠬᠦᠢ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠤᠷᠤᠨ ᠪᠦᠰᠡ᠂ ᠠᠪᠠᠯᠠᠬᠤ (ᠠᠩᠨᠠᠬᠤ) ᠵᠢ ᠴᠠᠭ᠋ᠠᠵᠠᠯᠠᠬᠤ ᠤᠷᠤᠨ᠂ ᠠᠪᠠᠯᠠᠬᠤ (ᠠᠩᠨᠠᠬᠤ) ᠵᠢ ᠴᠠᠭ᠋ᠠᠵᠠᠯᠠᠬᠤ ᠬᠤᠭᠤᠴᠠᠭ᠋ᠠᠨ᠎ᠳᠤ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠪᠤᠰᠤ ᠭᠡᠭᠡᠷ᠎ᠡ ᠵᠢᠨ ᠠᠮᠢᠲᠠᠨ᠎ᠢ ᠠᠩᠨᠠᠭᠰᠠᠨ᠂ ᠠᠪᠠᠯᠠᠬᠤ ᠦᠨᠡᠮᠯᠡᠯ ᠤᠯᠤᠭᠰᠠᠨ ᠦᠭᠡᠢ᠎ᠪᠠᠷ ᠪᠠ ᠠᠪᠠᠯᠠᠬᠤ ᠦᠨᠡᠮᠯᠡᠯ᠎ᠤᠨ ᠲᠤᠭᠲᠠᠭ᠋ᠠᠯ᠎ᠢ ᠦᠯᠦ ᠵᠢᠷᠤᠮᠯᠠᠨ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠯᠳᠠ ᠵᠢᠨ ᠪᠤᠰᠤ ᠭᠡᠭᠡᠷ᠎ᠡ ᠵᠢᠨ ᠠᠮᠢᠲᠠᠨ᠎ᠢ ᠠᠩᠨᠠᠭᠰᠠᠨ᠂ ᠡᠰᠡᠭᠦᠯ᠎ᠡ ᠴᠠᠭ᠋ᠠᠵᠠ᠎ᠲᠠᠢ ᠪᠠᠭ᠋ᠠᠵᠢ ᠪᠠ ᠠᠷᠭ᠎ᠠ᠎ᠪᠠᠷ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠯᠳᠠ ᠵᠢᠨ ᠪᠤᠰᠤ ᠭᠡᠭᠡᠷ᠎ᠡ ᠵᠢᠨ ᠠᠮᠢᠲᠠᠨ᠎ᠢ ᠠᠩᠨᠠᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠤᠷᠤᠨ ᠨᠤᠲᠤᠭ᠎ᠤᠨ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠬᠤᠯᠪᠤᠭᠳᠠᠯ ᠪᠦᠬᠦᠢ ᠬᠠᠮᠠᠭ᠋ᠠᠯᠠᠯᠲᠠ ᠵᠢᠨ ᠤᠷᠤᠨ ᠪᠦᠰᠡ ᠵᠢᠨ ᠬᠠᠮᠢᠶᠠᠷᠤᠯᠲᠠ ᠵᠢᠨ ᠪᠠᠶ᠋ᠢᠭᠤᠯᠤᠮᠵᠢ᠎ᠠᠴᠠ ᠲᠤᠰᠢᠶᠠᠯ ᠬᠠᠷᠢᠭᠤᠴᠠᠯᠭ᠎ᠠ ᠵᠢᠨ ᠵᠶ᠋ᠠᠨ ᠬᠤᠪᠢᠶᠠᠷᠢᠯᠠᠯ ᠶᠤᠰᠤᠭ᠋ᠠᠷ ᠠᠪᠠᠯᠠᠭᠰᠠᠨ ᠤᠯᠵᠠ᠂ ᠠᠩᠨᠠᠬᠤ ᠪᠠᠭ᠋ᠠᠵᠢ ᠪᠠ ᠬᠠᠤᠯᠢ᠎ᠠᠴᠠ ᠵᠦᠷᠢᠴᠡᠵᠤ ᠤᠯᠤᠭᠰᠡᠨ ᠤᠯᠵᠠ ᠠᠰᠢᠭ᠎ᠢ᠎ᠨᠢ ᠬᠤᠷᠢᠶᠠᠨ ᠠᠪᠴᠤ᠂ ᠠᠪᠠᠯᠠᠬᠤ ᠦᠨᠡᠮᠯᠡᠯ᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠵᠤ᠂ ᠠᠪᠠᠯᠠᠭᠰᠠᠨ ᠤᠯᠵᠠ ᠵᠢᠨ ᠦᠷᠲᠡᠭ᠎ᠤᠨ ᠬᠢᠨᠢ ᠨᠢᠭᠡ ᠲᠠᠬᠢᠨ᠎ᠠᠴᠠ ᠳᠡᠭᠡᠭᠰᠢ ᠳᠠᠪᠤᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠠᠪᠠᠯᠠᠭᠰᠠᠨ ᠤᠯᠵᠠ ᠦᠭᠡᠢ ᠪᠤᠯ ᠬᠤᠶᠠᠷ ᠮᠢᠩᠭ᠋ᠠᠨ ᠲᠦᠬᠦᠷᠢᠭ᠎ᠠᠴᠠ ᠳᠡᠭᠡᠭᠰᠢ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠤᠰ ᠬᠠᠤᠯᠢ ᠵᠢᠨ ᠬᠤᠷᠢᠨ ᠭᠤᠷᠪᠠᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠫᠤᠤ ᠠᠪᠴᠤ ᠶᠠᠪᠤᠬᠤ ᠦᠨᠡᠮᠯᠡᠯ ᠤᠯᠤᠭᠰᠠᠨ ᠦᠭᠡᠢ᠎ᠪᠠᠷ ᠫᠤᠤ ᠠᠪᠴᠤ ᠭᠡᠭᠡᠷ᠎ᠡ ᠵᠢᠨ ᠠᠮᠢᠲᠠᠨ᠎ᠢ ᠠᠩᠨᠠᠵᠤ᠂ ᠠᠮᠤᠷ᠎ᠢ ᠬᠠᠮᠠᠭ᠋ᠠᠯᠠᠬᠤ ᠬᠠᠮᠢᠶᠠᠷᠤᠯᠲᠠ᠎ᠠᠴᠠ ᠵᠦᠷᠢᠴᠡᠭᠰᠡᠨ ᠦᠢ᠍ᠯᠡ ᠠᠵᠢᠯᠯᠠᠭ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠲᠤᠲᠤᠭ᠋ᠠᠲᠤ ᠵᠢ ᠬᠠᠮᠠᠭ᠋ᠠᠯᠠᠬᠤ ᠪᠠᠶ᠋ᠢᠭᠤᠯᠭ᠎ᠠ᠎ᠠᠴᠠ ᠬᠠᠤᠯᠢ ᠶᠤᠰᠤᠭ᠋ᠠᠷ ᠠᠮᠤᠷ᠎ᠢ ᠬᠠᠮᠠᠭ᠋ᠠᠯᠠᠬᠤ ᠬᠠᠮᠢᠶᠠᠷᠤᠯᠲᠠ ᠵᠢᠨ ᠰᠢᠢ᠍ᠳᠬᠡᠯ ᠦᠭᠭᠦᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠳᠦᠴᠢᠨ ᠲᠤᠯᠤᠳᠤᠭ᠋ᠠᠷ ᠵᠦᠢ᠍ᠯ ᠲᠤᠰ ᠬᠠᠤᠯᠢ ᠵᠢᠨ ᠬᠤᠷᠢᠨ ᠲᠠᠪᠤᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠬᠦᠮᠦᠨ᠎ᠤ ᠬᠦᠴᠦ᠎ᠪᠠᠷ ᠦᠷᠡᠵᠢᠭᠦᠯᠦᠨ ᠪᠤᠶ᠋ᠢᠵᠢᠭᠤᠯᠬᠤ ᠵᠦᠪᠰᠢᠶᠡᠷᠡᠯ᠎ᠤᠨ ᠦᠨᠡᠮᠯᠡᠯ ᠤᠯᠤᠭᠰᠠᠨ ᠦᠭᠡᠢ᠎ᠪᠠᠷ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ ᠪᠤᠶᠤ ᠲᠤᠰ ᠬᠠᠤᠯᠢ ᠵᠢᠨ ᠬᠤᠷᠢᠨ ᠨᠠᠢ᠍ᠮᠠᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠲᠤ ᠲᠤᠭᠲᠠᠭ᠋ᠠᠭᠰᠠᠨ ᠭᠡᠭᠡᠷ᠎ᠡ ᠵᠢᠨ ᠠᠮᠢᠲᠠᠨ᠎ᠢ ᠦᠷᠡᠵᠢᠭᠦᠯᠦᠨ ᠪᠤᠶ᠋ᠢᠵᠢᠭᠤᠯᠤᠭᠰᠡᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠢ ᠬᠤᠷᠢᠶᠠᠨ ᠠᠪᠴᠤ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠤ ᠦᠷᠲᠡᠭ᠎ᠤᠨ ᠬᠢᠨᠢ ᠨᠢᠭᠡ ᠲᠠᠬᠢᠨ᠎ᠠᠴᠠ ᠳᠡᠭᠡᠭᠰᠢ ᠲᠠᠪᠤᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ᠃
ᠳᠦᠴᠢᠨ ᠨᠠᠢ᠍ᠮᠠᠳᠤᠭ᠋ᠠᠷ ᠵᠦᠢ᠍ᠯ ᠲᠤᠰ ᠬᠠᠤᠯᠢ ᠵᠢᠨ ᠬᠤᠷᠢᠨ ᠲᠤᠯᠤᠳᠤᠭ᠋ᠠᠷ ᠵᠦᠢ᠍ᠯ᠎ᠤᠨ ᠨᠢᠭᠡᠳᠦᠭᠡᠷ ᠪᠠᠳᠠᠭ ᠪᠠ ᠬᠤᠶᠠᠳᠤᠭ᠋ᠠᠷ ᠪᠠᠳᠠᠭ᠂ ᠬᠤᠷᠢᠨ ᠨᠠᠢ᠍ᠮᠠᠳᠤᠭ᠋ᠠᠷ ᠵᠦᠢ᠍ᠯ᠎ᠤᠨ ᠨᠢᠭᠡᠳᠦᠭᠡᠷ ᠪᠠᠳᠠᠭ᠂ ᠭᠤᠴᠢᠨ ᠭᠤᠷᠪᠠᠳᠤᠭ᠋ᠠᠷ ᠵᠦᠢ᠍ᠯ᠎ᠤᠨ ᠨᠢᠭᠡᠳᠦᠭᠡᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠲᠤᠰᠬᠠᠢ ᠢᠯᠡᠳᠬᠡᠮᠵᠢ ᠲᠡᠮᠳᠡᠭ᠎ᠢ ᠵᠦᠪᠰᠢᠶᠡᠷᠡᠭᠦᠯᠦᠭᠰᠡᠨ ᠦᠭᠡᠢ᠂ ᠤᠯᠤᠭᠰᠠᠨ ᠦᠭᠡᠢ ᠪᠤᠶᠤ ᠲᠤᠭᠲᠠᠭ᠋ᠠᠯ ᠶᠤᠰᠤᠭ᠋ᠠᠷ ᠬᠡᠷᠡᠭᠯᠡᠭᠰᠡᠨ ᠦᠭᠡᠢ᠎ᠪᠠᠷ᠂ ᠡᠰᠡᠭᠦᠯ᠎ᠡ ᠬᠦᠮᠦᠨ᠎ᠤ ᠬᠦᠴᠦ᠎ᠪᠠᠷ ᠦᠷᠡᠵᠢᠭᠦᠯᠦᠨ ᠪᠤᠶ᠋ᠢᠵᠢᠭᠤᠯᠬᠤ ᠵᠦᠪᠰᠢᠶᠡᠷᠡᠯ᠎ᠤᠨ ᠦᠨᠡᠮᠯᠡᠯ᠂ ᠵᠦᠪᠰᠢᠶᠡᠷᠡᠭᠰᠡᠨ ᠪᠢᠴᠢᠭ ᠮᠠᠲ᠋ᠧᠷᠢᠶᠠᠯ᠎ᠤᠨ ᠬᠠᠭᠤᠯᠪᠤᠷᠢ ᠲᠡᠪᠳᠡᠷ ᠪᠤᠶᠤ ᠲᠤᠰᠬᠠᠢ ᠢᠯᠡᠳᠬᠡᠮᠵᠢ ᠳᠡᠮᠳᠡᠭ ᠪᠠᠶ᠋ᠢᠬᠤ ᠦᠭᠡᠢ ᠪᠤᠶᠤ ᠳᠠᠭ᠋ᠠᠯᠳᠤᠭᠤᠯᠤᠭᠰᠠᠨ ᠦᠭᠡᠢ᠎ᠪᠠᠷ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ ᠪᠤᠶᠤ ᠲᠤᠰ ᠬᠠᠤᠯᠢ ᠵᠢᠨ ᠬᠤᠷᠢᠨ ᠨᠠᠢ᠍ᠮᠠᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠲᠤ ᠲᠤᠭᠲᠠᠭ᠋ᠠᠭᠰᠠᠨ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠢ ᠪᠤᠷᠤᠯᠠᠭᠤᠯᠤᠬᠰᠠᠨ᠂ ᠬᠤᠳᠠᠯᠳᠤᠨ ᠠᠪᠤᠭᠰᠠᠨ᠂ ᠠᠰᠢᠭᠯᠠᠬᠰᠠᠨ᠂ ᠵᠦᠭᠡᠭᠡᠪᠦᠷᠢᠯᠡᠭᠰᠡᠨ᠂ ᠠᠪᠴᠤ ᠶᠠᠪᠤᠬᠰᠠᠨ᠂ ᠢᠯᠡᠭᠡᠵᠦ ᠶᠠᠪᠤᠭᠤᠯᠤᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠵᠠᠬ᠎ᠠ ᠳᠡᠯᠭᠡᠭᠦᠷ᠎ᠤᠨ ᠬᠢᠨᠠᠯᠳᠠ ᠬᠠᠮᠢᠶᠠᠷᠤᠯᠲᠠ ᠵᠢᠨ ᠰᠠᠯᠠᠭ᠎ᠠ ᠮᠦᠴᠢᠷ᠎ᠠᠴᠠ ᠲᠤᠰᠢᠶᠠᠯ ᠬᠠᠷᠢᠭᠤᠴᠠᠯᠭ᠎ᠠ ᠵᠢᠨ ᠵᠶ᠋ᠠᠨ ᠬᠤᠪᠢᠶᠠᠷᠢᠯᠠᠯ ᠶᠤᠰᠤᠭ᠋ᠠᠷ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ ᠪᠠ ᠬᠠᠤᠯᠢ᠎ᠠᠴᠠ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠴᠤ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠤ ᠦᠷᠲᠡᠭ᠎ᠤᠨ ᠬᠢᠨᠢ ᠬᠤᠶᠠᠷ ᠳᠠᠬᠢᠨ᠎ᠠᠴᠠ ᠳᠡᠭᠡᠭᠰᠢ ᠠᠷᠪᠠᠨ ᠳᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠦᠢ᠍ᠯᠡ ᠪᠠᠶ᠋ᠢᠳᠠᠯ᠎ᠨᠢ ᠬᠦᠨᠳᠦ ᠨᠤᠴᠢᠲᠠᠢ ᠪᠠᠶ᠋ᠢᠪᠠᠯ᠂ ᠬᠦᠮᠦᠨ᠎ᠤ ᠬᠦᠴᠦ᠎ᠪᠠᠷ ᠦᠷᠡᠵᠢᠭᠦᠯᠦᠨ ᠪᠤᠶ᠋ᠢᠵᠢᠭᠤᠯᠬᠤ ᠵᠦᠪᠰᠢᠶᠡᠷᠡᠯ᠎ᠤᠨ ᠦᠨᠡᠮᠯᠡᠯ᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠵᠤ᠂ ᠵᠦᠪᠰᠢᠶᠡᠷᠡᠭᠰᠡᠨ ᠪᠢᠴᠢᠭ ᠮᠠᠲ᠋ᠧᠷᠢᠶᠠᠯ᠎ᠢ᠎ᠨᠢ ᠬᠦᠴᠦᠨ ᠦᠭᠡᠢ ᠪᠤᠯᠭ᠋ᠠᠨ᠂ ᠲᠤᠰᠬᠠᠢ ᠢᠯᠡᠳᠬᠡᠮᠵᠢ ᠳᠡᠮᠳᠡᠭ᠎ᠢ᠎ᠨᠢ ᠬᠤᠷᠢᠶᠠᠵᠤ ᠠᠪᠤᠨ᠎ᠠ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠤᠰ ᠬᠠᠤᠯᠢ ᠵᠢᠨ ᠬᠤᠷᠢᠨ ᠲᠤᠯᠤᠳᠤᠭ᠋ᠠᠷ ᠵᠦᠢ᠍ᠯ᠎ᠤᠨ ᠳᠦᠷᠪᠡᠳᠦᠭᠡᠷ ᠪᠠᠳᠠᠭ᠂ ᠭᠤᠴᠢᠨ ᠭᠤᠷᠪᠠᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠬᠠᠤᠯᠢ ᠶᠤᠰᠤᠨ᠎ᠤ ᠢᠷᠡᠯᠲᠡ ᠵᠢᠨ ᠭᠡᠷᠡᠴᠢ ᠪᠠᠶ᠋ᠢᠬᠤ ᠦᠭᠡᠢ᠎ᠪᠠᠷ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠯᠳᠠ ᠵᠢᠨ ᠪᠤᠰᠤ ᠭᠡᠭᠡᠷ᠎ᠡ ᠵᠢᠨ ᠠᠮᠢᠲᠠᠨ᠎ᠢ ᠪᠤᠷᠤᠯᠠᠭᠤᠯᠤᠭᠰᠠᠨ᠂ ᠠᠰᠢᠭᠯᠬᠠᠰᠠᠨ᠂ ᠵᠦᠭᠡᠭᠡᠪᠦᠷᠢᠯᠡᠭᠰᠡᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠤᠷᠤᠨ ᠨᠤᠲᠤᠭ᠎ᠤᠨ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠵᠠᠬ᠎ᠠ ᠳᠡᠯᠭᠡᠭᠦᠷ᠎ᠤᠨ ᠬᠢᠨᠡᠯᠳᠡ ᠬᠠᠮᠢᠶᠠᠷᠤᠯᠲᠠ ᠵᠢᠨ ᠰᠠᠯᠠᠭ᠎ᠠ ᠮᠦᠴᠢᠷ᠎ᠠᠴᠠ ᠲᠤᠰᠢᠶᠠᠯ ᠬᠠᠷᠢᠭᠤᠴᠠᠯᠭ᠎ᠠ ᠵᠢᠨ ᠵᠶ᠋ᠠᠨ ᠬᠤᠪᠢᠶᠠᠷᠢᠯᠠᠯ ᠶᠤᠰᠤᠭ᠋ᠠᠷ ᠭᠡᠭᠡᠷ᠎ᠡ ᠵᠢᠨ ᠠᠮᠢᠲᠠᠨ᠎ᠢ᠎ᠨᠢ ᠬᠤᠷᠢᠶᠠᠨ ᠠᠪᠴᠤ᠂ ᠭᠡᠭᠡᠷ᠎ᠡ ᠵᠢᠨ ᠠᠮᠢᠲᠠᠨ᠎ᠤ ᠦᠷᠲᠡᠭ᠎ᠤᠨ ᠬᠢᠨᠢ ᠨᠢᠭᠡ ᠲᠠᠬᠢᠨ᠎ᠠᠴᠠ ᠳᠡᠭᠡᠭᠰᠢ ᠲᠠᠪᠤᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ᠃
ᠲᠤᠰ ᠬᠠᠤᠯᠢ ᠵᠢᠨ ᠬᠤᠷᠢᠨ ᠲᠤᠯᠤᠳᠤᠭ᠋ᠠᠷ ᠵᠦᠢ᠍ᠯ᠎ᠤᠨ ᠲᠠᠪᠤᠳᠤᠭ᠋ᠠᠷ ᠪᠠᠳᠠᠭ᠂ ᠭᠤᠴᠢᠨ ᠭᠤᠷᠪᠠᠳᠤᠭ᠋ᠠᠷ ᠵᠦᠢ᠍ᠯ᠎ᠤᠨ ᠲᠤᠭᠲᠠᠭ᠋ᠠᠯ᠎ᠠᠴᠠ ᠵᠦᠷᠢᠴᠡᠵᠦ᠂ ᠬᠤᠯᠪᠤᠭᠳᠠᠯ ᠪᠦᠬᠦᠢ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠢ ᠪᠤᠷᠤᠯᠠᠭᠤᠯᠵᠤ᠂ ᠵᠦᠭᠡᠭᠡᠪᠦᠷᠢᠯᠡᠵᠤ᠂ ᠠᠪᠴᠤ ᠶᠠᠪᠤᠵᠤ᠂ ᠢᠯᠡᠭᠡᠨ ᠶᠠᠪᠤᠭᠤᠯᠬᠤ᠎ᠳᠠᠭᠠᠨ ᠬᠢᠵᠢᠭ᠎ᠤᠨ ᠪᠠᠶ᠋ᠢᠴᠠᠭ᠋ᠠᠯᠲᠠ ᠵᠢᠨ ᠭᠡᠷᠡᠴᠢ ᠪᠠᠶ᠋ᠢᠬᠤ ᠦᠭᠡᠢ ᠪᠤᠶᠤ ᠳᠠᠭ᠋ᠠᠯᠳᠤᠭᠤᠯᠤᠭᠰᠠᠨ ᠦᠭᠡᠢ ᠪᠠᠶ᠋ᠢᠪᠠᠯ᠂ 《ᠪᠦᠭᠦᠳᠡ ᠨᠠᠶ᠋ᠢᠷᠠᠮᠳᠠᠬᠤ ᠳᠤᠮᠳᠠᠲᠤ ᠠᠷᠠᠳ ᠤᠯᠤᠰ᠎ᠤᠨ ᠠᠮᠢᠲᠠᠨ᠎ᠤ ᠬᠢᠵᠢᠭ᠎ᠢ ᠰᠡᠷᠬᠡᠶ᠋ᠢᠯᠡᠬᠦ ᠬᠠᠤᠯᠢ》 ᠵᠢᠨ ᠲᠤᠭᠲᠠᠭ᠋ᠠᠯ ᠶᠤᠰᠤᠭ᠋ᠠᠷ ᠰᠢᠢ᠍ᠳᠬᠡᠨ᠎ᠡ᠃
ᠳᠦᠴᠢ ᠶᠢᠰᠦᠳᠦᠭᠡᠷ ᠵᠦᠢ᠍ᠯ ᠲᠤᠰ ᠬᠠᠤᠯᠢ ᠵᠢᠨ ᠭᠤᠴᠢᠳᠤᠭ᠋ᠠᠷ ᠵᠦᠢ᠍ᠯ᠎ᠤᠨ ᠲᠤᠭᠲᠠᠭ᠋ᠠᠯ᠎ᠠᠴᠠ ᠵᠦᠷᠢᠴᠡᠵᠦ᠂ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ ᠪᠤᠶᠤ ᠬᠠᠤᠯᠢ ᠶᠤᠰᠤᠨ᠎ᠤ ᠢᠷᠡᠯᠲᠡ ᠵᠢᠨ ᠭᠡᠷᠡᠴᠢ ᠦᠭᠡᠢ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠯᠳᠠ ᠵᠢᠨ ᠪᠤᠰᠤ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ ᠵᠶ᠋ᠠᠷ ᠬᠢᠭᠰᠡᠨ ᠢᠲᠡᠬᠡᠨᠤ ᠵᠦᠢ᠍ᠯ᠎ᠢ ᠦᠢ᠍ᠯᠡᠳᠪᠦᠷᠢᠯᠡᠭᠰᠡᠨ᠂ ᠡᠵᠡᠩᠨᠡᠭᠰᠡᠨ᠂ ᠡᠰᠡᠭᠦᠯ᠎ᠡ ᠤᠯᠤᠰ᠎ᠤᠨ ᠭᠤᠤᠯᠳᠠᠯᠭ᠎ᠠ᠎ᠲᠠᠢ ᠬᠠᠮᠠᠭ᠋ᠠᠯᠠᠬᠤ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠢ ᠢᠲᠡᠬᠦ ᠵᠢᠨ ᠲᠦᠯᠦᠭᠡ ᠬᠠᠤᠯᠢ ᠪᠤᠰᠤ᠎ᠪᠠᠷ ᠬᠤᠳᠠᠯᠳᠤᠨ ᠠᠪᠤᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠠ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠵᠠᠬ᠎ᠠ ᠳᠡᠯᠭᠡᠭᠦᠷ᠎ᠤᠨ ᠬᠢᠨᠡᠯᠳᠡ ᠬᠠᠮᠢᠶᠠᠷᠤᠯᠲᠠ ᠵᠢᠨ ᠰᠠᠯᠠᠭ᠎ᠠ ᠮᠦᠴᠢᠷ᠎ᠠᠴᠠ ᠲᠤᠰᠢᠶᠠᠯ ᠬᠠᠷᠢᠭᠤᠴᠠᠯᠭ᠎ᠠ ᠵᠢᠨ ᠵᠶ᠋ᠠᠨ ᠬᠤᠪᠢᠶᠠᠷᠢᠯᠠᠯ ᠶᠤᠰᠤᠭ᠋ᠠᠷ ᠬᠠᠤᠯᠢ᠎ᠠᠴᠠ ᠵᠦᠷᠢᠴᠡᠭᠰᠡᠨ ᠦᠢ᠍ᠯᠡ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠤ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ ᠪᠤᠯᠤᠨ ᠬᠠᠤᠯᠢ᠎ᠠᠴᠠ ᠵᠦᠷᠢᠴᠡᠵᠦ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠴᠤ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠤ ᠦᠷᠲᠡᠭ᠎ᠤᠨ ᠬᠢᠨᠢ ᠬᠤᠶᠠᠷ ᠳᠠᠬᠢᠨ᠎ᠠᠴᠠ ᠳᠡᠭᠡᠭᠰᠢ ᠠᠷᠪᠠᠨ ᠳᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠠᠪᠢᠳᠦᠭ᠋ᠠᠷ ᠵᠦᠢ᠍ᠯ ᠲᠤᠰ ᠬᠠᠤᠯᠢ ᠵᠢᠨ ᠭᠤᠴᠢᠨ ᠨᠢᠭᠡᠳᠦᠭᠡᠷ ᠵᠦᠢ᠍ᠯ᠎ᠤᠨ ᠲᠤᠭᠲᠠᠭ᠋ᠠᠯ᠎ᠠᠴᠠ ᠵᠦᠷᠢᠴᠡᠵᠦ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ ᠪᠤᠶᠤ ᠴᠠᠭ᠋ᠠᠵᠠ᠎ᠲᠠᠢ ᠠᠩᠨᠠᠬᠤ ᠪᠠᠭ᠋ᠠᠵᠢ ᠵᠢ ᠪᠤᠷᠤᠯᠠᠭᠤᠯᠬᠤ᠂ ᠬᠤᠳᠠᠯᠳᠤᠨ ᠠᠪᠬᠤ᠂ ᠠᠰᠢᠭᠯᠠᠬᠤ᠎ᠳᠤ ᠵᠠᠷ ᠨᠡᠶ᠋ᠢᠲᠡᠯᠡᠵᠤ ᠦᠭᠭᠦᠭᠰᠡᠨ ᠪᠠᠶ᠋ᠢᠪᠠᠯ᠂ 《ᠪᠦᠭᠦᠳᠡ ᠨᠠᠶ᠋ᠢᠷᠠᠮᠳᠠᠬᠤ ᠳᠤᠮᠳᠠᠲᠤ ᠠᠷᠠᠳ ᠤᠯᠤᠰ᠎ᠤᠨ ᠵᠠᠷ᠎ᠤᠨ ᠬᠠᠤᠯᠢ》 ᠵᠢᠨ ᠲᠤᠭᠲᠠᠭ᠋ᠠᠯ ᠶᠤᠰᠤᠭ᠋ᠠᠷ ᠰᠢᠢ᠍ᠳᠬᠡᠨ᠎ᠡ᠃
ᠲᠠᠪᠢᠨ ᠨᠢᠭᠡᠳᠦᠭᠡᠷ ᠵᠦᠢ᠍ᠯ ᠲᠤᠰ ᠬᠠᠤᠯᠢ ᠵᠢᠨ ᠭᠤᠴᠢᠨ ᠬᠤᠶᠠᠳᠤᠭ᠋ᠠᠷ ᠵᠦᠢ᠍ᠯ᠎ᠤᠨ ᠲᠤᠭᠲᠠᠭ᠋ᠠᠯ᠎ᠠᠴᠠ ᠵᠦᠷᠢᠴᠡᠵᠦ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ ᠪᠤᠶᠤ ᠴᠠᠭ᠋ᠠᠵᠠ᠎ᠲᠠᠢ ᠠᠩᠨᠠᠬᠤ ᠪᠠᠭ᠋ᠠᠵᠢ ᠵᠢ ᠪᠤᠷᠤᠯᠠᠭᠤᠯᠬᠤ᠂ ᠬᠤᠳᠠᠯᠳᠤᠨ ᠠᠪᠬᠤ᠂ ᠠᠰᠢᠭᠯᠠᠬᠤ᠎ᠳᠤ ᠠᠷᠠᠯᠵᠢᠶᠠᠨ᠎ᠤ ᠦᠢ᠍ᠯᠡᠴᠢᠯᠡᠭᠡ ᠬᠠᠨᠭ᠌ᠭ᠋ᠠᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠲᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠵᠠᠬ᠎ᠠ ᠳᠡᠯᠭᠡᠭᠦᠷ᠎ᠤᠨ ᠬᠢᠨᠡᠯᠳᠡ ᠬᠠᠮᠢᠶᠠᠷᠤᠯᠲᠠ ᠵᠢᠨ ᠰᠠᠯᠠᠭ᠎ᠠ ᠮᠦᠴᠢᠷ᠎ᠠᠴᠠ ᠬᠠᠤᠯᠢ᠎ᠠᠴᠠ ᠵᠦᠷᠢᠴᠡᠭᠰᠡᠨ ᠦᠢ᠍ᠯᠡ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠵᠤ᠂ ᠬᠤᠭᠤᠴᠠᠭ᠎ᠠ ᠲᠤᠭᠲᠠᠭ᠋ᠠᠨ ᠵᠠᠯᠠᠷᠠᠭᠤᠯᠤᠭᠤᠯᠵᠦ᠂ ᠬᠠᠤᠯᠢ᠎ᠠᠴᠠ ᠵᠦᠷᠢᠴᠡᠵᠤ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠴᠤ᠂ ᠬᠠᠤᠯᠢ᠎ᠠᠴᠠ ᠵᠦᠷᠢᠴᠡᠵᠤ ᠤᠯᠤᠭᠰᠠᠨ ᠤᠯᠵᠠ ᠠᠰᠢᠭ᠎ᠤᠨ ᠬᠢᠨᠢ ᠬᠤᠶᠠᠷ ᠳᠠᠬᠢᠨ᠎ᠠᠴᠠ ᠳᠡᠭᠡᠭᠰᠢ ᠲᠠᠪᠤᠨ ᠲᠠᠬᠢᠨ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠬᠠᠤᠯᠢ᠎ᠠᠴᠠ ᠵᠦᠷᠢᠴᠡᠵᠤ ᠤᠯᠤᠭᠰᠠᠨ ᠤᠯᠵᠠ ᠠᠰᠢᠭ ᠦᠭᠡᠢ ᠪᠤᠯ᠂ ᠲᠦᠮᠡᠨ ᠲᠦᠬᠦᠷᠢᠭ᠎ᠠᠴᠠ ᠳᠡᠭᠡᠭᠰᠢ ᠲᠠᠪᠤᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠰᠢᠢ᠍ᠳᠬᠡᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠠᠪᠢᠨ ᠬᠤᠶᠠᠳᠦᠭ᠋ᠠᠷ ᠵᠦᠢ᠍ᠯ ᠲᠤᠰ ᠬᠠᠤᠯᠢ ᠵᠢᠨ ᠭᠤᠴᠢᠨ ᠲᠠᠪᠤᠳᠤᠭ᠋ᠠᠷ ᠵᠦᠢ᠍ᠯ᠎ᠤᠨ ᠲᠤᠭᠲᠠᠭ᠋ᠠᠯ᠎ᠠᠴᠠ ᠵᠦᠷᠢᠴᠡᠵᠦ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠢ ᠭᠠᠳᠠᠭ᠋ᠠᠲᠤ᠎ᠠᠴᠠ ᠤᠷᠤᠭᠤᠯᠤᠭᠰᠠᠨ ᠪᠠ ᠭᠠᠳᠠᠭ᠋ᠠᠲᠤ᠎ᠳᠤ ᠭᠠᠷᠭ᠋ᠠᠭᠰᠠᠨ ᠪᠠᠶ᠋ᠢᠪᠠᠯ᠂ ᠪᠤᠭᠤᠮᠲᠠ᠂ ᠲᠤᠲᠤᠭ᠋ᠠᠲᠤ ᠵᠢ ᠬᠠᠮᠠᠭ᠋ᠠᠯᠠᠬᠤ ᠪᠠᠶ᠋ᠢᠭᠤᠯᠭ᠎ᠠ᠂ ᠳᠠᠯᠠᠢ ᠲᠠᠩᠬᠢᠰ᠎ᠤᠨ ᠬᠠᠤᠯᠢ ᠬᠡᠷᠡᠭᠵᠢᠭᠦᠯᠬᠦ ᠰᠠᠯᠠᠭ᠎ᠠ ᠮᠦᠴᠢᠷ᠎ᠠᠴᠠ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠤᠭᠲᠠᠭ᠋ᠠᠯ ᠪᠠ ᠤᠯᠤᠰ᠎ᠤᠨ ᠬᠤᠯᠪᠤᠭᠳᠠᠯ ᠪᠦᠬᠦᠢ ᠲᠤᠭᠲᠠᠭ᠋ᠠᠯ ᠶᠤᠰᠤᠭ᠋ᠠᠷ ᠰᠢᠢ᠍ᠳᠬᠡᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠠᠪᠢᠨ ᠭᠤᠷᠪᠠᠳᠦᠭ᠋ᠠᠷ ᠵᠦᠢ᠍ᠯ ᠲᠤᠰ ᠬᠠᠤᠯᠢ ᠵᠢᠨ ᠭᠤᠴᠢᠨ ᠲᠤᠯᠤᠳᠤᠭ᠋ᠠᠷ ᠵᠦᠢ᠍ᠯ᠎ᠤᠨ ᠨᠢᠭᠡᠳᠦᠭᠡᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠬᠢᠯᠢ ᠵᠢᠨ ᠭᠠᠳᠠᠨ᠎ᠠ᠎ᠠᠴᠠ ᠭᠡᠭᠡᠷ᠎ᠡ ᠵᠢᠨ ᠠᠮᠢᠲᠠᠨ᠎ᠤ ᠳᠦᠷᠰᠦ ᠵᠢ ᠤᠷᠤᠭᠤᠯᠤᠭᠰᠠᠨ ᠪᠠᠶ᠋ᠢᠪᠠᠯ᠂ ᠰᠢᠶᠠᠨ᠎ᠤ ᠱᠠᠳᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠤᠷᠤᠭᠤᠯᠤᠭᠰᠠᠨ ᠭᠡᠭᠡᠷ᠎ᠡ ᠵᠢᠨ ᠠᠮᠢᠲᠠᠨ᠎ᠢ᠎ᠨᠢ ᠬᠤᠷᠢᠶᠠᠨ ᠠᠪᠴᠤ᠂ ᠲᠠᠪᠤᠨ ᠲᠦᠮᠡᠨ ᠲᠦᠬᠦᠷᠢᠭ᠎ᠠᠴᠠ ᠳᠡᠭᠡᠭᠰᠢ ᠬᠤᠷᠢᠨ ᠲᠠᠪᠤᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠬᠢᠯᠢ᠎ᠪᠠᠷ ᠤᠷᠤᠭᠤᠯᠬᠤ ᠬᠢᠵᠢᠭ᠎ᠤᠨ ᠪᠠᠶ᠋ᠢᠴᠠᠭ᠋ᠠᠯᠲᠠ ᠵᠢ ᠬᠠᠤᠯᠢ ᠶᠤᠰᠤᠭ᠋ᠠᠷ ᠬᠡᠷᠡᠭᠵᠢᠭᠦᠯᠦᠭᠰᠡᠨ ᠦᠭᠡᠢ ᠪᠤᠯ᠂ 《ᠪᠦᠭᠦᠳᠡ ᠨᠠᠶ᠋ᠢᠷᠠᠮᠳᠠᠬᠤ ᠳᠤᠮᠳᠠᠲᠤ ᠠᠷᠠᠳ ᠤᠯᠤᠰ᠎ᠤᠨ ᠬᠢᠯᠢ᠎ᠪᠠᠷ ᠤᠷᠤᠭᠤᠯᠵᠤ ᠭᠠᠷᠭ᠋ᠠᠬᠤ ᠠᠮᠢᠲᠠᠨ ᠤᠷᠭᠤᠮᠠᠯ᠎ᠤᠨ ᠬᠢᠵᠢᠭ᠎ᠢ ᠪᠠᠶ᠋ᠢᠴᠠᠭ᠋ᠠᠬᠤ ᠬᠠᠤᠯᠢ》 ᠵᠢᠨ ᠲᠤᠭᠲᠠᠭ᠋ᠠᠯ ᠶᠤᠰᠤᠭ᠋ᠠᠷ ᠰᠢᠢ᠍ᠳᠬᠡᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠠᠪᠢᠨ ᠳᠦᠷᠪᠡᠳᠦᠭᠡᠷ ᠵᠦᠢ᠍ᠯ ᠲᠤᠰ ᠬᠠᠤᠯᠢ ᠵᠢᠨ ᠭᠤᠴᠢᠨ ᠲᠤᠯᠤᠳᠤᠭ᠋ᠠᠷ ᠵᠦᠢ᠍ᠯ᠎ᠤᠨ ᠬᠤᠶᠠᠳᠤᠭ᠋ᠠᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠬᠢᠯᠢ ᠵᠢᠨ ᠭᠠᠳᠠᠨ᠎ᠠ᠎ᠠᠴᠠ ᠤᠷᠤᠭᠤᠯᠤᠭᠰᠠᠨ ᠭᠡᠭᠡᠷ᠎ᠡ ᠵᠢᠨ ᠠᠮᠢᠲᠠᠨ᠎ᠢ ᠭᠡᠭᠡᠷ᠎ᠡ ᠵᠢᠨ ᠤᠷᠴᠢᠨ᠎ᠳᠤ ᠲᠠᠯᠪᠢᠵᠤ ᠶᠠᠪᠤᠭᠤᠯᠤᠭᠰᠠᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠵᠠᠷᠯᠢᠭᠳᠠᠨ ᠬᠤᠭᠤᠴᠠᠭ᠎ᠠ ᠲᠤᠭᠲᠠᠭ᠋ᠠᠨ ᠪᠠᠷᠢᠭᠤᠯ᠎ᠤᠨ ᠠᠪᠴᠢᠷᠠᠭᠤᠯᠵᠤ᠂ ᠲᠦᠮᠡᠨ ᠲᠦᠬᠦᠷᠢᠭ᠎ᠠᠴᠠ ᠳᠡᠭᠡᠭᠰᠢ ᠲᠠᠪᠤᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠰᠢᠢ᠍ᠳᠬᠡᠨᠠ; ᠬᠤᠭᠤᠴᠠᠭ᠎ᠠ ᠬᠡᠲᠦᠷᠡᠲᠡᠯ᠎ᠡ ᠪᠠᠷᠢᠵᠤ ᠠᠪᠴᠢᠷᠠᠭᠰᠠᠨ ᠦᠭᠡᠢ ᠪᠠᠶ᠋ᠢᠪᠠᠯ᠂ ᠬᠤᠯᠪᠤᠭᠳᠠᠯ ᠪᠦᠬᠦᠢ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠤᠷᠤᠯᠠᠨ ᠪᠠᠷᠢᠵᠤ ᠠᠪᠴᠢᠷᠠᠬᠤ ᠪᠤᠶᠤ ᠨᠦᠯᠦᠭᠡ ᠵᠢ ᠪᠠᠭ᠋ᠠᠰᠬᠠᠬᠤ ᠠᠷᠭ᠎ᠠ ᠬᠡᠮᠵᠢᠶ᠎ᠡ ᠠᠪᠴᠤ᠂ ᠬᠡᠷᠡᠭᠰᠡᠬᠦ ᠵᠠᠷᠤᠳᠠᠯ᠎ᠢ᠎ᠨᠢ ᠬᠤᠭᠤᠴᠠᠭ᠎ᠠ ᠲᠤᠭᠲᠠᠭ᠋ᠠᠨ ᠪᠠᠷᠢᠵᠤ ᠠᠪᠴᠢᠷᠠᠭᠤᠯᠬᠤ᠎ᠪᠠᠷ ᠵᠠᠷᠯᠢᠭᠳᠠᠭᠳᠠᠭᠴᠢ ᠡᠭᠦᠷᠭᠡᠯᠡᠨ᠎ᠡ᠃
ᠲᠠᠪᠢᠨ ᠲᠠᠪᠤᠳᠤᠭ᠋ᠠᠷ ᠵᠦᠢ᠍ᠯ ᠲᠤᠰ ᠬᠠᠤᠯᠢ ᠵᠢᠨ ᠭᠤᠴᠢ ᠶᠢᠰᠦᠳᠦᠭᠡᠷ ᠵᠦᠢ᠍ᠯ᠎ᠤᠨ ᠨᠢᠭᠡᠳᠦᠭᠡᠷ ᠪᠠᠳᠠᠭ᠎ᠤᠨ ᠲᠤᠭᠲᠠᠭ᠋ᠠᠯ᠎ᠠᠴᠠ ᠵᠦᠷᠢᠴᠡᠵᠦ᠂ ᠬᠤᠯᠪᠤᠭᠳᠠᠯ ᠪᠦᠬᠦᠢ ᠭᠡᠷᠡᠴᠢ ᠦᠨᠡᠮᠯᠡᠯ᠂ ᠲᠤᠰᠬᠠᠢ ᠢᠯᠡᠳᠬᠡᠮᠵᠢ ᠲᠡᠮᠳᠡᠭ ᠪᠤᠶᠤ ᠬᠤᠯᠪᠤᠭᠳᠠᠯ ᠪᠦᠬᠦᠢ ᠵᠦᠪᠰᠢᠶᠡᠷᠡᠭᠰᠡᠨ ᠪᠢᠴᠢᠭ ᠮᠠᠲ᠋ᠧᠷᠢᠶᠠᠯ᠎ᠢ ᠬᠠᠭᠤᠷᠮᠠᠭᠯᠠᠨ ᠵᠤᠬᠢᠶᠠᠭᠰᠠᠨ᠂ ᠬᠤᠪᠢᠷᠠᠭᠤᠯᠤᠨ ᠵᠤᠬᠢᠶᠠᠭᠰᠠᠨ᠂ ᠬᠤᠳᠠᠯᠳᠤᠭ᠋ᠠᠯᠠᠭᠰᠠᠨ᠂ ᠰᠢᠯᠵᠢᠭᠦᠯᠦᠭᠰᠡᠨ᠂ ᠲᠦᠷᠢᠶᠡᠰᠦᠯᠡᠭᠦᠯᠦᠭᠰᠡᠨ ᠪᠠᠶ᠋ᠢᠪᠠᠯ᠂ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠬᠠᠤᠯᠢ᠎ᠠᠴᠠ ᠵᠦᠷᠢᠴᠡᠭᠰᠡᠨ ᠭᠡᠷᠡᠴᠢ ᠦᠨᠡᠮᠯᠡᠯ᠂ ᠲᠤᠰᠬᠠᠢ ᠢᠯᠡᠳᠬᠡᠮᠵᠢ ᠲᠡᠮᠳᠡᠭ᠂ ᠬᠤᠯᠪᠤᠭᠳᠠᠯ ᠪᠦᠬᠦᠢ ᠵᠦᠪᠰᠢᠶᠡᠷᠡᠭᠰᠡᠨ ᠪᠢᠴᠢᠭ ᠮᠠᠲ᠋ᠧᠷᠢᠶᠠᠯ ᠪᠤᠯᠤᠨ ᠬᠠᠤᠯᠢ᠎ᠠᠴᠠ ᠵᠦᠷᠢᠴᠡᠵᠤ ᠤᠯᠤᠭᠰᠠᠨ ᠤᠯᠵᠠ ᠠᠰᠢᠭ᠎ᠢ᠎ᠨᠢ ᠬᠤᠷᠢᠶᠠᠨ ᠠᠪᠴᠤ᠂ ᠲᠠᠪᠤᠨ ᠲᠦᠮᠡᠨ ᠲᠦᠬᠦᠷᠢᠭ᠎ᠠᠴᠠ ᠳᠡᠭᠡᠭᠰᠢ ᠬᠤᠷᠢᠨ ᠲᠠᠪᠤᠨ ᠲᠦᠮᠡᠨ ᠲᠦᠬᠦᠷᠢᠭ᠎ᠠᠴᠠ ᠲᠤᠭᠤᠭᠰᠢ ᠵᠤᠭᠤᠰ ᠵᠶ᠋ᠠᠷ ᠲᠤᠷᠭ᠋ᠠᠬᠤ᠎ᠪᠠᠷ ᠨᠡᠶ᠋ᠢᠯᠡᠭᠦᠯᠦᠨ ᠰᠢᠢ᠍ᠳᠬᠡᠨ᠎ᠡ; ᠠᠮᠤᠷ᠎ᠢ ᠬᠠᠮᠠᠭ᠋ᠠᠯᠠᠬᠤ ᠬᠠᠮᠢᠶᠠᠷᠤᠯᠲᠠ᠎ᠠᠴᠠ ᠵᠦᠷᠢᠴᠡᠭᠰᠡᠨ ᠦᠢ᠍ᠯᠡ ᠠᠵᠢᠯᠯᠠᠭ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠲᠤᠲᠤᠭ᠋ᠠᠲᠤ ᠵᠢ ᠬᠠᠮᠠᠭ᠋ᠠᠯᠠᠬᠤ ᠪᠠᠶ᠋ᠢᠭᠤᠯᠭ᠎ᠠ᠎ᠠᠴᠠ ᠠᠮᠤᠷ᠎ᠢ ᠬᠠᠮᠠᠭ᠋ᠠᠯᠠᠬᠤ ᠬᠠᠮᠢᠶᠠᠷᠤᠯᠲᠠ ᠵᠢᠨ ᠰᠢᠢ᠍ᠳᠬᠡᠯ ᠦᠭᠭᠦᠨ᠎ᠡ; ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠬᠠᠤᠯᠢ ᠶᠤᠰᠤᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃
ᠲᠠᠪᠢᠨ ᠵᠢᠷᠭᠤᠳᠤᠭ᠋ᠠᠷ ᠵᠦᠢ᠍ᠯ ᠲᠤᠰ ᠬᠠᠤᠯᠢ ᠵᠢᠨ ᠲᠤᠭᠲᠠᠭ᠋ᠠᠯ ᠶᠤᠰᠤᠭ᠋ᠠᠷ ᠬᠤᠷᠢᠶᠠᠨ ᠠᠪᠤᠭᠰᠠᠨ ᠪᠤᠳᠠᠲᠤ ᠶᠠᠭᠤᠮ᠎ᠠ ᠵᠢ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠪᠤᠶᠤ ᠲᠡᠭᠦᠨ᠎ᠤ ᠡᠷᠬᠡ ᠤᠯᠭᠤᠭᠰᠠᠨ ᠨᠢᠭᠡᠴᠢ᠎ᠠᠴᠠ ᠲᠤᠭᠲᠠᠭ᠋ᠠᠯ ᠶᠤᠰᠤᠭ᠋ᠠᠷ ᠰᠢᠢ᠍ᠳᠪᠦᠷᠢᠯᠡᠨ᠎ᠡ᠃
ᠲᠠᠪᠢᠨ ᠲᠤᠯᠤᠳᠤᠭ᠋ᠠᠷ ᠵᠦᠢ᠍ᠯ ᠲᠤᠰ ᠬᠠᠤᠯᠢ᠎ᠳᠤ ᠲᠤᠭᠲᠠᠭ᠋ᠠᠭᠰᠠᠨ ᠠᠪᠠ ᠵᠢᠨ ᠤᠯᠵᠠ ᠵᠢᠨ ᠦᠷᠲᠡᠭ᠂ ᠭᠡᠭᠡᠷ᠎ᠡ ᠵᠢᠨ ᠠᠮᠢᠲᠠᠨ ᠵᠢᠴᠢ ᠲᠡᠭᠦᠨ᠎ᠤ ᠦᠢ᠍ᠯᠡᠳᠬᠦᠨ᠎ᠤ ᠦᠷᠲᠡᠭ᠎ᠢ ᠦᠨᠡᠯᠡᠨ ᠵᠢᠱ᠌ᠢᠬᠦ ᠪᠠᠷᠢᠮᠵᠢᠶ᠎ᠠ ᠪᠠ ᠠᠷᠭ᠎ᠠ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠭᠡᠭᠡᠷ᠎ᠡ ᠵᠢᠨ ᠠᠮᠢᠲᠠᠨ᠎ᠤ ᠬᠠᠮᠠᠭ᠋ᠠᠯᠠᠯᠲᠠ ᠵᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠎ᠠᠴᠠ ᠲᠤᠭᠲᠠᠭ᠋ᠠᠨ᠎ᠠ᠃
ᠲᠠᠪᠤᠳᠤᠭ᠋ᠠᠷ ᠪᠦᠯᠦᠭ ᠳᠠᠭ᠋ᠠᠯᠳᠤᠭᠤᠯᠤᠭᠰᠠᠨ ᠳᠦᠷᠢᠮ
ᠲᠠᠪᠢᠨ ᠨᠠᠢ᠍ᠮᠠᠳᠤᠭ᠋ᠠᠷ ᠵᠦᠢ᠍ᠯ ᠲᠤᠰ ᠬᠠᠤᠯᠢ ᠵᠢ 2017 ᠤᠨ᠎ᠤ 1 ᠰᠠᠷ᠎ᠠ ᠵᠢᠨ 1᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃