7 ᠰᠠᠷ᠎ᠠ ᠵᠢᠨ 26᠎ᠤ ᠡᠳᠦᠷ᠂ ᠠᠷᠠᠳ᠎ᠤᠨ ᠳᠡᠭᠡᠳᠦ ᠪᠠᠶ᠋ᠢᠴᠠᠭ᠋ᠠᠬᠤ ᠬᠣᠷᠢᠶ᠎ᠠ᠂ ᠠᠷᠠᠳ᠎ᠤᠨ ᠳᠡᠭᠡᠳᠦ ᠰᠢᠭᠦᠬᠦ ᠬᠣᠷᠢᠶ᠎ᠠ᠂ ᠳᠣᠲᠣᠭ᠋ᠠᠳᠤ ᠵᠢ ᠬᠠᠮᠠᠭ᠋ᠠᠯᠠᠬᠤ ᠶᠠᠮᠤᠨ ᠬᠠᠮᠲᠤᠷᠠᠨ ᠪᠡᠭᠡᠵᠢᠩ᠎ᠳᠤ ᠰᠣᠨᠢᠨ ᠮᠡᠳᠡᠭᠡ ᠨᠡᠶ᠋ᠢᠲᠡᠯᠡᠬᠦ ᠬᠤᠷᠠᠯ ᠬᠢᠵᠦ᠂ 《ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠡᠷᠡᠭᠦᠦ ᠵᠢᠨ ᠬᠡᠷᠡᠭ᠎ᠢ ᠰᠢᠢ᠍ᠳᠪᠦᠷᠢᠯᠡᠬᠦ᠎ᠳᠤ ᠬᠠᠤᠯᠢ ᠴᠠᠭ᠋ᠠᠵᠠ ᠵᠢ ᠬᠡᠷᠡᠭᠯᠡᠬᠦ ᠠᠰᠠᠭᠤᠳᠠᠯ᠎ᠤᠳ᠎ᠤᠨ ᠲᠤᠬᠠᠶ ᠰᠠᠨᠠᠯ》 (ᠠᠷᠤ᠎ᠳᠤ 《ᠰᠠᠨᠠᠯ》 ᠭᠡᠵᠦ ᠲᠣᠪᠴᠢᠯᠠᠨ᠎ᠠ)᠎ᠢ ᠨᠡᠶ᠋ᠢᠲᠡᠯᠡᠪᠡ᠃
ᠳᠣᠲᠣᠭ᠋ᠠᠳᠤ ᠵᠢ ᠬᠠᠮᠠᠭ᠋ᠠᠯᠠᠬᠤ ᠶᠠᠮᠤᠨ᠎ᠤ ᠡᠷᠡᠭᠦᠦ ᠵᠢᠨ ᠬᠡᠷᠡᠭ᠎ᠤᠨ ᠲᠤᠷᠰᠢᠨ ᠪᠠᠶ᠋ᠢᠴᠠᠭ᠋ᠠᠬᠤ ᠲᠣᠪᠴᠢᠶ᠎ᠠ ᠵᠢᠨ ᠬᠣᠯᠪᠣᠭᠳᠠᠯ ᠪᠥᠬᠥᠶ ᠬᠠᠷᠢᠭᠤᠴᠠᠯᠭ᠋ᠠᠲᠠᠨ ᠢᠯᠡᠷᠬᠡᠶ᠋ᠢᠯᠡᠬᠦ᠎ᠳᠤ᠎ᠪᠠᠨ᠂ 《ᠰᠠᠨᠠᠯ》᠎ᠳᠤ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠢᠴᠢ ᠲᠡᠭᠦᠨ᠎ᠲᠠᠢ ᠬᠣᠯᠪᠣᠭᠳᠠᠭᠰᠠᠨ ᠶᠠᠯᠠᠲᠤ ᠬᠡᠷᠡᠭ᠎ᠢ ᠰᠢᠢ᠍ᠳᠪᠦᠷᠢᠯᠡᠬᠦ ᠳᠤᠮᠳᠠ ᠲᠣᠬᠢᠶᠠᠯᠳᠤᠭᠰᠠᠨ ᠶᠠᠯᠠᠲᠤ ᠪᠦᠯᠦᠭ᠎ᠢ ᠮᠠᠭ᠋ᠠᠳᠯᠠᠨ ᠲᠣᠭᠲᠠᠭ᠋ᠠᠬᠤ᠂ ᠮᠡᠬᠡᠯᠡᠯ᠎ᠤᠨ ᠵᠣᠭᠣᠰ᠎ᠤᠨ ᠲᠣᠭ᠎ᠠ ᠵᠢ ᠪᠠᠶ᠋ᠢᠴᠠᠭ᠋ᠠᠨ ᠭᠡᠷᠡᠴᠢᠯᠡᠬᠦ ᠪᠠ ᠬᠦᠮᠦᠰ᠎ᠤᠨ ᠬᠡᠷᠡᠭ᠎ᠢ ᠪᠠᠶ᠋ᠢᠴᠠᠭ᠋ᠠᠬᠤ᠎ᠳᠤ ᠬᠣᠯᠪᠣᠭᠳᠠᠬᠤ ᠵᠡᠷᠭᠡ ᠬᠠᠤᠯᠢ ᠴᠠᠭ᠋ᠠᠵᠠ ᠵᠢᠨ ᠬᠡᠷᠡᠭᠯᠡᠯᠲᠡ ᠪᠠ ᠭᠡᠷᠡᠴᠢ ᠪᠠᠷᠢᠮᠲᠠ ᠵᠢᠨ ᠪᠠᠷᠢᠮᠵᠢᠶ᠎ᠠ ᠵᠢᠨ ᠠᠰᠠᠭᠤᠳᠠᠯ᠎ᠢ ᠰᠢᠢ᠍ᠳᠪᠦᠷᠢᠯᠡᠵᠦ᠂ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠶᠠᠯᠠᠲᠤ ᠬᠡᠷᠡᠭ᠎ᠢ ᠤᠯᠠᠮ ᠨᠢᠭᠡ ᠠᠯᠬᠤᠮ ᠴᠢᠩᠭ᠎ᠠ ᠰᠢᠢ᠍ᠳᠬᠡᠬᠦ᠎ᠳᠤ ᠬᠦᠴᠦᠲᠡᠶ ᠬᠠᠤᠯᠢ ᠴᠠᠭ᠋ᠠᠵᠠ ᠵᠢᠨ ᠲᠤᠯᠭ᠋ᠠᠭᠤᠷᠢᠯᠠᠯ ᠬᠠᠩᠭ᠋ᠠᠭᠰᠠᠨ ᠪᠠᠶ᠋ᠢᠨ᠎ᠠ ᠭᠡᠵᠡᠶ᠃
ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠶᠠᠯᠠᠲᠤ ᠠᠵᠢᠯᠯᠠᠭ᠎ᠠ᠎ᠳᠤ ᠳᠥᠷᠪᠡᠨ ᠶᠡᠬᠡ ᠣᠨᠴᠠᠯᠢᠭ ᠢᠯᠡᠷᠡᠪᠡ᠄ ᠵᠣᠬᠢᠶᠠᠨ ᠪᠠᠢ᠍ᠢ᠍ᠭᠤᠯᠤᠯᠲᠠᠵᠢᠯᠲᠠ ᠡᠳᠦᠷ ᠢᠷᠡᠬᠦᠶ᠎ᠡ ᠢᠯᠡᠷᠬᠡᠶ ᠪᠣᠯᠣᠭᠰᠠᠨ᠂ ᠬᠢᠯᠢ ᠵᠢᠨ ᠭᠠᠳᠠᠨᠠᠬᠢ ᠮᠡᠬᠡᠯᠡᠯ᠎ᠤᠨ ᠨᠢᠭᠤᠨ ᠳᠠᠯᠳᠠᠯᠠᠬᠤ ᠭᠠᠵᠠᠷ᠎ᠨᠢ ᠬᠦᠷᠢᠶᠡᠯᠡᠩ ᠲᠤᠭᠤᠷᠢᠬ᠍ᠵᠢᠭᠰᠠᠨ ᠣᠨᠴᠠᠯᠢᠭ ᠢᠯᠡᠷᠡᠭᠰᠡᠨ᠂ ᠶᠠᠯ᠎ᠠ ᠬᠢᠬᠦ ᠪᠠᠭ᠋ᠠᠵᠢ᠎ᠨᠢ ᠲᠠᠰᠤᠷᠠᠯᠲᠠ ᠥᠬᠡᠶ ᠲᠠᠰ ᠳᠠᠪᠰᠢᠵᠤ ᠪᠠᠢ᠌ᠬᠤ᠂ ᠮᠡᠬᠡᠯᠡᠬᠦ ᠠᠷᠭ᠎ᠠ ᠪᠠᠷᠢᠯ ᠲᠦᠷᠭᠡᠨ ᠰᠢᠨᠡᠳᠴᠦ ᠪᠠᠢ᠌ᠬᠤ᠃
ᠣᠶ᠋ᠢᠷ᠎ᠠ ᠵᠢᠨ ᠵᠢᠯ᠎ᠤᠳ᠎ᠲᠤ᠂ ᠮᠡᠳᠡᠭᠡ ᠵᠠᠩᠭᠢ ᠵᠢᠨ ᠨᠡᠶ᠋ᠢᠭᠡᠮ᠎ᠤᠨ ᠲᠦᠷᠭᠡᠨ ᠬᠥᠭᠵᠢᠯᠲᠡ ᠵᠢ ᠳᠠᠭ᠋ᠠᠯᠳᠤᠨ᠂ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠶ᠋ᠠᠷ ᠲᠥᠯᠥᠭᠡᠯᠡᠭᠦᠯᠦᠭᠰᠡᠨ ᠰᠢᠨ᠎ᠡ ᠬᠡᠯᠪᠡᠷᠢ ᠵᠢᠨ ᠰᠦᠯᠵᠢᠶᠡᠨ᠎ᠤ ᠶᠠᠯᠠᠲᠤ ᠠᠵᠢᠯᠯᠠᠭ᠎ᠠ᠎ᠨᠢ ᠭᠤᠤᠯ ᠶᠠᠯᠠᠲᠤ ᠠᠵᠢᠯᠯᠠᠭ᠎ᠠ ᠪᠣᠯᠪᠠ᠃ ᠢᠯᠠᠩᠭᠤᠶ᠎ᠠ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠶᠠᠯᠠᠲᠤ ᠪᠦᠯᠦᠭᠯᠡᠯ ᠤᠯᠤᠰ ᠠᠯᠤᠰᠯᠠᠨ ᠲᠦᠷᠭᠡᠨ ᠬᠥᠭᠵᠢᠵᠦ᠂ ᠨᠢᠭᠡᠨᠲᠡ ᠪᠦᠬᠦ ᠪᠥᠮᠪᠥᠷᠴᠡᠭ᠎ᠤᠨ ᠴᠢᠨᠠᠷᠲᠠᠢ ᠴᠣᠬᠢᠯᠲᠠ ᠥᠭᠴᠦ ᠰᠢᠢ᠍ᠳᠪᠦᠷᠢᠯᠡᠬᠦ ᠬᠦᠴᠢᠷ ᠠᠰᠠᠭᠤᠳᠠᠯ ᠪᠣᠯᠪᠠ᠃
ᠣᠳᠣᠬᠠᠨ᠎ᠳᠤ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠶᠠᠯᠠᠲᠤ ᠠᠵᠢᠯᠯᠠᠭ᠎ᠠ᠎ᠳᠤ ᠭᠤᠤᠯᠳᠠᠭᠤ ᠳᠤᠤᠷᠠᠬᠢ ᠳᠥᠷᠪᠡᠨ ᠣᠨᠴᠠᠯᠢᠭ ᠢᠯᠡᠷᠡᠵᠦ ᠪᠠᠶ᠋ᠢᠨ᠎ᠠ᠄
— ᠵᠣᠬᠢᠶᠠᠨ ᠪᠠᠢ᠍ᠢ᠍ᠭᠤᠯᠤᠯᠲᠠᠵᠢᠯᠲᠠ ᠡᠳᠦᠷ ᠢᠷᠡᠬᠦᠶ᠎ᠡ ᠢᠯᠡᠷᠬᠡᠶ ᠪᠣᠯᠪᠠ᠃ ᠮᠡᠬᠡᠯᠡᠯ᠎ᠤᠨ ᠪᠦᠯᠦᠭᠯᠡᠯ᠎ᠤᠨ ᠵᠣᠬᠢᠶᠠᠨ ᠪᠠᠶ᠋ᠢᠭᠤᠯᠤᠯᠲᠠ᠎ᠨᠢ ᠨᠢᠭᠲᠠ ᠴᠢᠩᠭ᠎ᠠ᠂ ᠠᠵᠢᠯ᠎ᠤᠨ ᠬᠤᠪᠢᠶᠠᠷᠢᠯᠠᠯ᠎ᠨᠢ ᠲᠣᠳᠣᠷᠬᠠᠶ ᠪᠠᠶ᠋ᠢᠵᠤ᠂ ᠣᠯᠠᠨ ᠠᠵᠢᠯ ᠲᠥᠷᠥᠯ᠎ᠤᠨ ᠲᠤᠯᠭ᠋ᠠᠭᠤᠷᠢᠯᠠᠯ᠂ ᠠᠵᠤ ᠦᠶ᠋ᠢᠯᠡᠰᠵᠢᠯᠲᠡ ᠵᠢᠨ ᠲᠠᠷᠬᠠᠯᠲᠠ᠂ ᠪᠦᠯᠦᠭᠯᠡᠨ ᠠᠵᠢᠯᠯᠠᠬᠤ᠂ ᠠᠵᠢᠯ᠎ᠤᠨ ᠬᠤᠪᠢᠶᠠᠷᠢᠯᠠᠯ ᠵᠶ᠋ᠠᠨ ᠨᠠᠷᠢᠯᠢᠬ᠍ᠵᠢᠭᠤᠯᠬᠤ᠂ ᠬᠢᠯᠢ ᠠᠯᠤᠰᠯᠠᠭᠰᠠᠨ ᠮᠠᠶᠢᠭ᠎ᠤᠨ ᠪᠠᠶ᠋ᠢᠷᠢᠯᠠᠭᠤᠯᠤᠯᠲᠠ ᠵᠡᠷᠭᠡ ᠤᠯᠤᠰ ᠠᠯᠤᠰᠯᠠᠭᠰᠠᠨ ᠵᠣᠬᠢᠶᠠᠨ ᠪᠠᠶ᠋ᠢᠭᠤᠯᠤᠯᠲᠠ᠎ᠲᠠᠢ ᠶᠠᠯᠠᠲᠤ ᠬᠡᠷᠡᠭ᠎ᠤᠨ ᠣᠨᠴᠠᠯᠢᠭ ᠰᠢᠨᠵᠢ ᠵᠢ ᠢᠯᠡᠷᠡᠭᠦᠯᠪᠡ᠃ ᠪᠦᠯᠦᠭᠯᠡᠯ᠎ᠤᠨ ᠲᠦᠷᠦᠭᠦᠦ ᠪᠠ ᠭᠣᠣᠯᠯᠠᠭᠴᠢ ᠬᠦᠴᠦᠨ ᠶᠡᠷᠦ᠎ᠨᠢ ᠬᠢᠯᠢ ᠵᠢᠨ ᠭᠠᠳᠠᠨ᠎ᠠ ᠨᠢᠭᠤᠵᠤ᠂ 《ᠥᠨᠳᠥᠷ ᠴᠠᠯᠢᠩ ᠵᠶ᠋ᠠᠷ ᠤᠷᠢᠬᠤ》 ᠨᠡᠷ᠎ᠡ᠎ᠪᠠᠷ ᠬᠥᠮᠦᠨ ᠮᠡᠬᠡᠯᠡᠨ ᠲᠠᠲᠠᠵᠤ ᠬᠢᠯᠢ ᠵᠢᠨ ᠭᠠᠳᠠᠨ᠎ᠠ ᠮᠡᠬᠡᠯᠡᠬᠦ ᠠᠵᠢᠯᠯᠠᠭ᠎ᠠ ᠬᠢᠯᠭᠡᠳᠡᠭ᠂ ᠣᠳᠣᠬᠠᠨ᠎ᠳᠤ ᠬᠢᠯᠢ ᠵᠢᠨ ᠭᠠᠳᠠᠨ᠎ᠠ ᠪᠠᠰᠠ ᠶᠡᠬᠡ ᠬᠡᠮᠵᠢᠶᠡᠨ᠎ᠤ ᠶᠠᠯᠠᠲᠤ ᠪᠦᠯᠬᠦᠮ ᠮᠠᠨ᠎ᠤ ᠠᠷᠠᠳ ᠤᠯᠠᠨ᠎ᠳᠤ ᠮᠡᠬᠡᠯᠡᠬᠦ ᠠᠵᠢᠯᠯᠠᠭ᠎ᠠ ᠬᠢᠵᠦ ᠪᠠᠶ᠋ᠢᠨ᠎ᠠ᠃
— ᠬᠢᠯᠢ ᠵᠢᠨ ᠭᠠᠳᠠᠨᠠᠬᠢ ᠮᠡᠬᠡᠯᠡᠯ᠎ᠤᠨ ᠨᠢᠭᠤᠴᠠ ᠣᠷᠤᠮᠵᠢ᠎ᠨᠢ ᠬᠦᠷᠢᠶᠡᠯᠡᠩ ᠲᠤᠭᠤᠷᠢᠬ᠍ᠵᠢᠭᠰᠠᠨ ᠣᠨᠴᠠᠯᠢᠭ ᠢᠯᠡᠷᠡᠪᠡ᠃ ᠣᠳᠣᠬᠠᠨ᠎ᠳᠤ᠂ ᠬᠢᠯᠢ ᠵᠢᠨ ᠭᠠᠳᠠᠨᠠᠬᠢ ᠲᠠᠷᠬᠠᠢ ᠪᠤᠲᠠᠷᠬᠠᠢ ᠮᠡᠬᠡᠯᠡᠯ᠎ᠤᠨ ᠪᠦᠯᠬᠦᠮ ᠤᠯᠠᠮ᠎ᠠᠴᠠ ᠤᠯᠠᠮ ᠴᠥᠭᠡᠷᠡᠵᠦ᠂ ᠬᠡᠲᠦ ᠶᠡᠬᠡ ᠬᠡᠪᠴᠢᠶᠡᠨ᠎ᠤ ᠵᠣᠭᠣᠰ ᠮᠥᠷᠥᠢ᠌ᠴᠡᠬᠦ ᠮᠡᠬᠡᠯᠡᠯ᠎ᠤᠨ ᠬᠦᠷᠢᠶᠡᠯᠡᠩ ᠲᠣᠭᠣᠷᠢᠭ ᠪᠣᠯᠤᠨ 《ᠠᠵᠤ ᠦᠢ᠍ᠯᠡᠳᠪᠦᠷᠢ ᠵᠢᠨ ᠬᠦᠷᠢᠶᠡᠯᠡᠩ ᠲᠣᠭᠣᠷᠢᠭ》 ᠵᠶ᠋ᠠᠷ ᠣᠷᠣᠯᠠᠭᠳᠠᠪᠠ᠃ ᠵᠠᠷᠢᠮ ᠵᠡᠭᠦᠨ ᠡᠮᠦᠨᠡᠲᠦ ᠠᠽᠢᠶ᠎ᠠ ᠵᠢᠨ ᠤᠯᠤᠰ᠎ᠲᠤ᠂ ᠣᠷᠭᠢᠯ᠎ᠤᠨ ᠦᠶ᠎ᠡ᠎ᠳᠤ ᠬᠥᠭᠵᠢᠶᠡᠨ᠎ᠲᠠᠢ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠬᠦᠷᠢᠶᠡᠯᠡᠩ ᠲᠣᠭᠣᠷᠢᠭ ᠬᠡᠳᠦᠨ ᠠᠷᠪᠠ ᠴᠢᠨᠠᠭᠰᠢᠯᠠᠪᠠᠯ ᠵᠠᠭᠤ ᠭᠠᠷᠤᠶ ᠪᠣᠯᠵᠠᠶ᠃ ᠬᠡᠰᠡᠭ ᠬᠦᠷᠢᠶᠡᠯᠡᠩ ᠲᠣᠭᠣᠷᠢᠭ᠎ᠨᠢ ᠪᠦᠷᠢᠯᠳᠦᠭᠦᠨ ᠬᠡᠰᠢᠭᠦᠨ᠎ᠢ ᠬᠠᠮᠢᠶᠠᠷᠤᠨ ᠡᠵᠡᠮᠳᠡᠬᠦ ᠶᠠᠪᠤᠴᠠ᠎ᠳᠤ᠎ᠪᠠᠨ ᠵᠣᠷᠢᠭᠤᠳᠠ ᠭᠡᠮᠲᠦᠭᠡᠬᠦ᠂ ᠬᠠᠤᠯᠢ ᠪᠤᠰᠤ᠎ᠪᠠᠷ ᠬᠣᠷᠢᠬᠤ᠂ ᠶᠠᠩᠬᠠᠯᠠᠬᠤ ᠵᠢ ᠵᠣᠬᠢᠶᠠᠨ ᠪᠠᠶ᠋ᠢᠭᠤᠯᠬᠤ᠂ ᠨᠥᠵᠢᠳᠯᠡᠬᠦ ᠵᠡᠷᠭᠡ ᠶᠠᠯᠠᠲᠤ ᠠᠵᠢᠯᠯᠠᠭ᠎ᠠ ᠵᠢ ᠶᠡᠬᠡᠪᠡᠷ ᠬᠢᠵᠦ᠂ ᠨᠡᠶ᠋ᠢᠭᠡᠮ᠎ᠳᠤ ᠲᠤᠶ᠋ᠢᠯ᠎ᠤᠨ ᠬᠦᠨᠳᠦ ᠨᠣᠴᠢᠲᠠᠢ ᠬᠣᠣᠷ ᠬᠥᠨᠥᠭᠡᠯ ᠤᠴᠠᠷᠠᠭᠤᠯᠵᠤ ᠪᠠᠶ᠋ᠢᠨ᠎ᠠ᠃
— ᠶᠠᠯ᠎ᠠ ᠬᠢᠬᠦ ᠪᠠᠭ᠋ᠠᠵᠢ᠎ᠨᠢ ᠲᠠᠰᠤᠷᠠᠯᠲᠠ ᠦᠭᠡᠢ ᠳᠡᠰ ᠳᠡᠪᠰᠢᠵᠦ ᠪᠠᠢ᠌ᠭ᠎ᠠ ᠣᠨᠴᠠᠯᠢᠭ ᠢᠯᠡᠷᠡᠪᠡ᠃ ᠮᠡᠬᠡᠯᠡᠯ᠎ᠤᠨ ᠪᠦᠯᠦᠭᠯᠡᠯ ᠬᠡᠰᠡᠭ ᠪᠦᠯᠦᠭ᠎ᠤᠨ ᠬᠡᠯᠬᠢᠶ᠎ᠡ᠂ ᠬᠡᠶ᠋ᠢᠰᠪᠦᠷᠢ ᠵᠣᠭᠣᠰ᠂ AI ᠬᠢᠮᠡᠯ ᠣᠶᠤᠨ᠂ ᠠᠯᠤᠰ ᠡᠵᠡᠮᠰᠢᠯ᠂ ᠬᠠᠮᠲᠤ᠎ᠪᠠᠷ ᠡᠳ᠋ᠯᠡᠬᠦ ᠳᠡᠯᠭᠡᠴᠡ ᠵᠡᠷᠭᠡ ᠰᠢᠨ᠎ᠡ ᠮᠡᠷᠭᠡᠵᠢᠯ ᠰᠢᠨ᠎ᠡ ᠡᠵᠡᠩᠨᠡᠯᠲᠡ ᠵᠢᠨ ᠬᠡᠯᠪᠡᠷᠢ ᠵᠢ ᠠᠰᠢᠭᠯᠠᠨ᠂ ᠶᠠᠯᠠᠲᠤ ᠠᠵᠢᠯᠯᠠᠭ᠎ᠠ ᠵᠢᠨ ᠪᠠᠭ᠋ᠠᠵᠢ ᠵᠢ ᠲᠠᠰᠤᠷᠠᠯᠲᠠ ᠥᠬᠡᠶ ᠰᠢᠨᠡᠳᠬᠡᠨ ᠲᠠᠰ ᠳᠡᠪᠰᠢᠭᠦᠯᠵᠦ᠂ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠲᠠᠢ ᠮᠡᠳᠡᠭᠡ ᠬᠣᠯᠪᠣᠭ᠋ᠠᠨ᠎ᠤ ᠰᠦᠯᠵᠢᠶ᠎ᠡ ᠪᠠ ᠲᠠᠩᠰᠠ ᠰᠢᠯᠵᠢᠭᠦᠯᠦᠨ ᠮᠥᠩᠬᠦ ᠤᠬᠢᠶᠠᠬᠤ ᠵᠡᠷᠭᠡ ᠲᠠᠯ᠎ᠠ᠎ᠪᠠᠷ᠎ᠬᠢ ᠲᠠᠭ᠋ᠠᠷᠢᠯᠲᠠ ᠰᠡᠷᠭᠡᠶ᠋ᠢᠯᠡᠯᠲᠡ ᠵᠢᠨ ᠡᠰᠡᠷᠭᠦᠴᠡᠯᠳᠦᠯ᠎ᠨᠢ ᠲᠠᠰᠤᠷᠠᠯᠲᠠ ᠥᠬᠡᠶ ᠬᠤᠷᠴᠠᠳᠪᠠ᠃
— ᠮᠡᠬᠡᠯᠡᠯ᠎ᠤᠨ ᠠᠷᠭ᠎ᠠ ᠪᠠᠷᠢᠯ᠎ᠨᠢ ᠲᠦᠷᠭᠡᠨ ᠰᠢᠨᠡᠴᠢᠯᠡᠵᠦ ᠪᠠᠢ᠌ᠭ᠎ᠠ ᠣᠨᠴᠠᠯᠢᠭ ᠢᠯᠡᠷᠡᠪᠡ᠃ ᠮᠡᠬᠡᠯᠡᠯ᠎ᠤᠨ ᠪᠦᠯᠦᠭᠯᠡᠯ᠎ᠨᠢ ᠤᠯᠤᠰ᠎ᠤᠨ ᠳᠣᠲᠣᠭ᠋ᠠᠳᠤ ᠵᠢᠨ ᠨᠡᠢ᠌ᠭᠡᠮ ᠲᠤᠬᠠᠢ ᠵᠢᠨ ᠵᠠᠰᠠᠭ ᠠᠷᠠᠳ᠎ᠤᠨ ᠠᠮᠢᠳᠤᠷᠠᠯ᠎ᠤᠨ ᠬᠠᠯᠠᠮᠰᠢᠯ ᠴᠡᠭ ᠢ ᠠᠮᠵᠢᠵᠤ᠂ ᠠᠳᠠᠯᠢ ᠪᠤᠰᠤ ᠬᠠᠮᠲᠤᠯᠢᠭ᠎ᠲᠤ ᠴᠢᠭᠯᠡᠭᠦᠯᠦᠨ᠂ ᠬᠠᠤᠯᠢ ᠪᠤᠰᠤ᠎ᠪᠠᠷ ᠣᠯᠤᠭᠰᠠᠨ ᠬᠤᠪᠢ ᠬᠥᠮᠦᠨ᠎ᠤ ᠮᠡᠳᠡᠭᠡ ᠵᠠᠩᠭᠢ ᠵᠢ ᠦᠨᠳᠦᠰᠦᠯᠡᠨ᠂ ᠮᠡᠬᠡᠯᠡᠯ᠎ᠤᠨ ᠵᠦᠴᠦᠭᠡ ᠵᠢᠨ ᠳᠡᠪᠲᠡᠷ ᠵᠣᠬᠢᠶᠠᠵᠤ᠂ ᠨᠠᠷᠢᠯᠢᠭ ᠣᠨᠣᠴᠠᠲᠠᠶ ᠮᠡᠬᠡᠯᠡᠯ ᠶᠠᠪᠤᠭᠤᠯᠵᠤ ᠪᠠᠶ᠋ᠢᠭ᠎ᠠ᠎ᠨᠢ ᠮᠠᠰᠢ ᠴᠢᠩᠭ᠎ᠠ ᠲᠥᠭᠡᠷᠢᠭᠳᠡᠭᠦᠯᠬᠦ ᠴᠢᠨᠠᠷᠲᠠᠶ᠃
《ᠡᠯ᠎ᠡ ᠭᠠᠵᠠᠷ᠎ᠤᠨ ᠬᠡᠷᠡᠭ ᠰᠢᠢ᠍ᠳᠪᠦᠷᠢᠯᠡᠬᠦ ᠪᠠᠢ᠌ᠭᠤᠯᠭ᠎ᠠ ᠪᠠᠰᠠ ᠣᠯᠵᠤ ᠮᠡᠳᠡᠭᠰᠡᠨ᠎ᠨᠢ᠂ ᠬᠡᠰᠡᠭ ᠶᠠᠯᠠᠲᠤ ᠪᠦᠯᠦᠭᠯᠡᠯ ᠬᠢᠯᠢ ᠵᠢᠨ ᠭᠠᠳᠠᠨ᠎ᠠ ᠪᠦᠳᠦᠭᠦᠷᠡᠭᠰᠡᠨ ᠳᠠᠷᠠᠭ᠎ᠠ ᠲᠤᠬᠠᠶ ᠵᠢᠨ ᠭᠠᠵᠠᠷ᠎ᠤᠨ ᠬᠠᠮᠠᠭ᠋ᠠᠯᠠᠬᠤ ᠬᠦᠴᠦᠨ᠎ᠲᠠᠢ ᠰᠦᠯᠪᠡᠭᠡᠯᠡᠵᠦ᠂ ᠥᠮᠥᠭᠯᠡᠭᠳᠡᠭᠰᠡᠨᠤ ᠳᠠᠷᠠᠭ᠎ᠠ ᠶᠠᠯ᠎ᠠ ᠬᠢᠬᠦ ᠣᠮᠣᠭ ᠰᠦᠷ᠎ᠨᠢ ᠨᠠᠩ ᠶᠡᠬᠡ ᠪᠣᠯᠵᠠᠶ᠃》 ᠳᠣᠲᠣᠭ᠋ᠠᠳᠤ ᠵᠢ ᠬᠠᠮᠠᠭ᠋ᠠᠯᠠᠬᠤ ᠶᠠᠮᠤᠨ᠎ᠤ ᠡᠷᠡᠭᠦᠦ ᠵᠢᠨ ᠬᠡᠷᠡᠭ᠎ᠤᠨ ᠲᠤᠷᠰᠢᠨ ᠪᠠᠶ᠋ᠢᠴᠠᠭ᠋ᠠᠬᠤ ᠲᠣᠪᠴᠢᠶ᠎ᠠ ᠵᠢᠨ ᠬᠣᠯᠪᠣᠭᠳᠠᠯ ᠪᠥᠬᠥᠶ ᠬᠠᠷᠢᠭᠤᠴᠠᠯᠭ᠋ᠠᠲᠠᠨ᠎ᠤ ᠲᠠᠨᠢᠯᠴᠠᠭᠤᠯᠤᠭᠰᠠᠨ ᠵᠶ᠋ᠠᠷ᠂ ᠡᠲᠡᠭᠡᠷ ᠠᠯᠢ ᠣᠯᠠᠨ ᠠᠰᠠᠭᠤᠳᠠᠯ᠎ᠨᠢ ᠴᠥᠮ ᠬᠠᠤᠯᠢ ᠪᠠᠷᠢᠵᠤ ᠬᠡᠷᠡᠭ ᠰᠢᠢ᠍ᠳᠪᠦᠷᠢᠯᠡᠬᠦ᠂ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠶᠠᠯᠠᠲᠤ ᠬᠡᠷᠡᠭ᠎ᠲᠤ ᠴᠣᠬᠢᠯᠲᠠ ᠥᠭᠴᠦ ᠵᠠᠰᠠᠬᠤ᠎ᠳᠤ ᠰᠢᠨ᠎ᠡ ᠥᠷᠢᠰᠥᠯᠳᠦᠭᠡᠨ ᠠᠪᠴᠢᠷᠠᠭᠰᠠᠨ ᠪᠠᠶ᠋ᠢᠨ᠎ᠠ᠃
《ᠰᠠᠨᠠᠯ》᠎ᠤᠨ ᠠᠭᠤᠯᠭ᠎ᠠ᠎ᠨᠢ ᠭᠤᠤᠯᠳᠠᠭᠤ ᠳᠥᠷᠪᠡᠨ ᠶᠡᠬᠡ ᠣᠨᠴᠠᠯᠢᠭ᠎ᠲᠠᠢ᠄
ᠶᠡᠷᠦᠩᠬᠡᠶ᠎ᠳᠤᠨᠢ ᠴᠢᠩᠭ᠎ᠠ ᠰᠢᠢ᠍ᠳᠬᠡᠬᠦ ᠵᠢ ᠪᠠᠷᠢᠮᠲᠠᠯᠠᠵᠤ᠂ ᠴᠢᠩᠭ᠎ᠠ ᠰᠢᠢ᠍ᠳᠬᠡᠬᠦ ᠵᠣᠭᠰᠣᠯᠲᠠ ᠵᠢ ᠢᠯᠡᠷᠡᠭᠦᠯᠪᠡ; ᠠᠰᠠᠭᠤᠳᠠᠯ ᠵᠶ᠋ᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠦᠢ᠍ᠯᠡᠳᠦᠯᠭᠡ ᠵᠢᠨ ᠬᠡᠷᠡᠭᠴᠡᠭᠡ ᠵᠢ ᠰᠢᠢ᠍ᠳᠪᠦᠷᠢᠯᠡᠬᠦ; ᠬᠠᠤᠯᠢ ᠶᠣᠰᠣᠭ᠋ᠠᠷ ᠴᠣᠬᠢᠯᠲᠠ ᠥᠭᠬᠦ ᠵᠢ ᠪᠠᠷᠢᠮᠲᠠᠯᠠᠵᠤ᠂ ᠬᠢᠯᠢᠰᠳᠡᠭᠦᠯᠬᠦ ᠥᠬᠡᠶ ᠳᠤᠷ᠎ᠠ᠎ᠪᠠᠷ᠎ᠨᠢ ᠲᠠᠯᠪᠢᠬᠤ ᠥᠬᠡᠶ ᠪᠠᠶ᠋ᠢᠬᠤ ᠵᠢ ᠦᠨᠡᠨᠬᠦ ᠪᠠᠲᠤᠯᠠᠬᠤ; ᠪᠤᠵᠠᠷ ᠡᠳ᠋᠎ᠢ ᠨᠡᠬᠡᠮᠵᠢᠯᠡᠨ ᠠᠪᠴᠢᠷᠠᠬᠤ ᠬᠣᠬᠢᠷᠠᠯ᠎ᠢ ᠡᠭᠡᠭᠦᠯᠦᠨ ᠠᠪᠴᠢᠷᠠᠬᠤ ᠵᠢ ᠴᠢᠩᠭ᠋ᠠᠳᠬᠠᠵᠤ᠂ ᠡᠳ᠋ ᠬᠥᠷᠥᠩᠭᠡ ᠵᠢᠨ ᠡᠷᠬᠡ ᠠᠰᠢᠭ᠎ᠢ ᠬᠠᠮᠠᠭ᠋ᠠᠯᠠᠬᠤ᠃
ᠲᠠᠨᠢᠯᠴᠠᠭᠤᠯᠤᠭᠰᠠᠨ ᠵᠶ᠋ᠠᠷ᠂ 《ᠰᠠᠨᠠᠯ》᠎ᠨᠢ ᠨᠡᠶ᠋ᠢᠲᠡ 3 ᠬᠡᠰᠡᠭ᠂ 16 ᠵᠦᠢ᠍ᠯ᠎ᠲᠠᠢ᠂ ᠡᠭᠦᠨ᠎ᠳᠤ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠡᠷᠡᠭᠦᠦ ᠵᠢᠨ ᠬᠡᠷᠡᠭ᠎ᠢ ᠰᠢᠢ᠍ᠳᠪᠦᠷᠢᠯᠡᠬᠦ ᠶᠡᠷᠦᠩᠬᠡᠶ ᠱᠠᠭ᠋ᠠᠷᠳᠠᠯᠭ᠎ᠠ᠂ ᠬᠠᠤᠯᠢ ᠴᠠᠭ᠋ᠠᠵᠠ ᠵᠢᠨ ᠬᠡᠷᠡᠭᠯᠡᠯᠲᠡ᠂ ᠵᠢᠷᠤᠮ᠎ᠤᠨ ᠲᠣᠭᠲᠠᠭ᠋ᠠᠯ᠂ ᠲᠥᠷᠥ ᠵᠢᠨ ᠪᠣᠳᠣᠯᠭ᠎ᠠ ᠵᠢᠨ ᠡᠵᠡᠮᠳᠡᠯ᠂ ᠪᠤᠵᠠᠷ ᠡᠳ᠋᠎ᠢ ᠨᠡᠬᠡᠮᠵᠢᠯᠡᠨ ᠠᠪᠴᠢᠷᠠᠵᠤ ᠬᠣᠬᠢᠷᠠᠯ᠎ᠢ ᠨᠥᠬᠥᠬᠦ ᠵᠡᠷᠭᠡ ᠵᠢ ᠲᠣᠭᠲᠠᠭ᠋ᠠᠵᠠᠶ᠃ 《ᠰᠠᠨᠠᠯ》᠎ᠤᠨ ᠠᠭᠤᠯᠭ᠎ᠠ᠎ᠨᠢ ᠭᠤᠤᠯᠳᠠᠭᠤ ᠳᠥᠷᠪᠡᠨ ᠲᠠᠯ᠎ᠠ ᠵᠢᠨ ᠣᠨᠴᠠᠯᠢᠭ᠎ᠢ ᠢᠯᠡᠷᠡᠭᠦᠯᠵᠡᠶ᠃
ᠣᠨᠴᠠᠯᠢᠭ ᠨᠢᠭᠡ᠄ ᠶᠡᠷᠦᠩᠬᠡᠶ᠎ᠳᠤᠨᠢ ᠴᠢᠩᠭ᠎ᠠ ᠰᠢᠢ᠍ᠳᠬᠡᠬᠦ ᠵᠢ ᠪᠠᠷᠢᠮᠲᠠᠯᠠᠵᠤ᠂ ᠴᠢᠩᠭ᠎ᠠ ᠰᠢᠢ᠍ᠳᠬᠡᠬᠦ ᠵᠣᠭᠰᠣᠯᠲᠠ ᠵᠢ ᠢᠯᠡᠷᠡᠭᠦᠯᠪᠡ᠃ ᠬᠢᠯᠢ ᠵᠢᠨ ᠭᠠᠳᠠᠨᠠᠬᠢ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠪᠠ ᠬᠢᠯᠢ ᠵᠢᠨ ᠳᠣᠲᠣᠷᠠᠬᠢ ᠬᠠᠮᠵᠢᠯᠴᠠᠭᠰᠠᠨ ᠶᠠᠯᠠᠲᠤ ᠬᠡᠷᠡᠭ᠎ᠲᠤ ᠬᠠᠤᠯᠢ ᠶᠣᠰᠣᠭ᠋ᠠᠷ ᠬᠦᠨᠳᠦ ᠴᠣᠬᠢᠯᠲᠠ ᠥᠭᠬᠦ ᠪᠣᠯ ᠤᠯᠤᠰ ᠲᠦᠷᠦ ᠬᠠᠤᠯᠢ ᠴᠠᠭ᠋ᠠᠵᠠ ᠵᠢᠨ ᠪᠠᠶ᠋ᠢᠭᠤᠯᠭ᠎ᠠ ᠵᠢᠨ ᠴᠢᠬᠤᠯᠠ ᠤᠯᠤᠰ ᠲᠦᠷᠦ ᠵᠢᠨ ᠬᠠᠷᠢᠭᠤᠴᠠᠯᠭ᠎ᠠ ᠪᠠ ᠬᠠᠤᠯᠢ᠎ᠪᠠᠷ ᠵᠠᠰᠠᠬᠤ ᠬᠠᠷᠢᠭᠤᠴᠠᠯᠭ᠎ᠠ ᠮᠥᠨ᠃ 《ᠰᠠᠨᠠᠯ》᠎ᠳᠤ ᠶᠠᠯ᠎ᠠ ᠲᠣᠭᠲᠠᠭ᠋ᠠᠵᠤ ᠡᠷᠡᠭᠦᠦ ᠰᠢᠢ᠍ᠳᠬᠡᠯ ᠣᠨᠣᠭᠳᠠᠭᠤᠯᠬᠤ᠂ ᠬᠠᠤᠯᠢ ᠴᠠᠭ᠋ᠠᠵᠠ ᠵᠢ ᠬᠡᠷᠡᠭᠯᠡᠬᠦ᠂ ᠲᠥᠷᠥ ᠵᠢᠨ ᠪᠣᠳᠣᠯᠭ᠎ᠠ ᠵᠢ ᠡᠵᠡᠮᠳᠡᠬᠦ᠂ ᠡᠳ᠋ ᠬᠥᠷᠥᠩᠭᠡ ᠵᠢ ᠰᠢᠢ᠍ᠳᠪᠦᠷᠢᠯᠡᠬᠦ ᠵᠡᠷᠭᠡ ᠡᠯ᠎ᠡ ᠲᠠᠯ᠎ᠠ᠎ᠠᠴᠠ ᠴᠢᠩᠭ᠎ᠠ ᠵᠠᠯᠬᠠᠭ᠋ᠠᠨ ᠰᠢᠢ᠍ᠳᠬᠡᠬᠦ ᠱᠠᠭ᠋ᠠᠷᠳᠠᠯᠭ᠎ᠠ ᠵᠢ ᠪᠥᠬᠥ ᠲᠠᠯ᠎ᠠ᠎ᠪᠠᠷ ᠨᠠᠶ᠋ᠢᠳᠠᠪᠤᠷᠢᠵᠢᠭᠤᠯᠵᠤ᠂ ᠬᠠᠤᠯᠢ ᠶᠣᠰᠣᠭ᠋ᠠᠷ ᠴᠢᠩᠭ᠎ᠠ ᠪᠠᠶ᠋ᠢᠬᠤ ᠴᠢᠩᠭ᠎ᠠ ᠬᠦᠴᠦᠲᠡᠶ ᠳᠣᠬᠢᠶ᠎ᠠ ᠥᠭᠴᠦ᠂ ᠬᠦᠴᠦᠲᠡᠶ ᠰᠦᠷᠳᠡᠭᠦᠯᠬᠦ ᠦᠢ᠍ᠯᠡᠳᠦᠯ᠎ᠢ ᠪᠣᠶ ᠪᠣᠯᠭ᠋ᠠᠬᠤ ᠵᠢᠨ ᠲᠥᠯᠥᠭᠡ ᠶᠤᠮ᠃
《ᠰᠠᠨᠠᠯ》᠎ᠳᠤ᠂ ᠣᠳᠣᠬᠠᠨ᠎ᠳᠤ ᠳᠥᠷᠪᠡᠨ ᠵᠠᠯᠬᠠᠭ᠋ᠠᠨ ᠰᠢᠳᠬᠡᠬᠦ ᠭᠤᠤᠯᠳᠠᠯᠭ᠎ᠠ ᠵᠢ ᠳᠣᠪᠣᠶ᠋ᠢᠯᠭ᠋ᠠᠬᠤ ᠵᠢ ᠴᠢᠬᠤᠯᠠᠴᠢᠯᠠᠪᠠ᠄ ᠶᠠᠯᠠᠲᠤ ᠪᠦᠯᠦᠭᠯᠡᠯ ᠵᠢᠴᠢ ᠲᠡᠭᠦᠨ᠎ᠤ ᠵᠣᠬᠢᠶᠠᠨ ᠪᠠᠶ᠋ᠢᠭᠤᠯᠤᠭᠴᠢ᠂ ᠤᠬᠠᠭ᠋ᠠᠯᠠᠭᠴᠢ᠂ ᠵᠢᠯᠣᠭᠣᠳᠣᠭᠴᠢ ᠪᠠ ᠭᠤᠤᠯᠯᠠᠭᠴᠢ ᠪᠦᠷᠢᠯᠳᠦᠬᠦᠨ᠎ᠳᠤ ᠬᠠᠤᠯᠢ ᠶᠣᠰᠣᠭ᠋ᠠᠷ ᠭᠤᠤᠯᠳᠠᠯᠭ᠎ᠠ᠎ᠲᠠᠢ ᠴᠣᠬᠢᠯᠲᠠ ᠥᠭᠭᠦᠨ᠎ᠡ; ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠶᠠᠯᠠᠲᠤ ᠬᠡᠷᠡᠭ᠎ᠲᠤ ᠭᠣᠣᠯᠳᠠᠯᠭ᠎ᠠ᠎ᠲᠠᠢ ᠴᠣᠬᠢᠯᠲᠠ ᠥᠭᠭᠦᠨ᠎ᠡ; ᠶᠠᠯᠠᠲᠤ ᠪᠦᠯᠦᠭ᠎ᠤᠨ ᠵᠣᠷᠢᠭᠤᠳᠠ ᠬᠥᠮᠦᠨ ᠠᠯᠠᠭᠰᠠᠨ᠂ ᠵᠣᠷᠢᠭᠤᠳᠠ ᠭᠡᠮᠲᠦᠭᠡᠭᠰᠡᠨ᠂ ᠤᠤᠯᠭ᠋ᠠᠯᠠᠭᠰᠠᠨ᠂ ᠨᠥᠵᠢᠳᠯᠡᠭᠰᠡᠨ᠂ ᠠᠯᠪᠠᠳᠠᠨ ᠶᠠᠩᠬᠠᠯᠠᠭᠤᠯᠤᠭᠰᠠᠨ᠂ ᠬᠠᠤᠯᠢ ᠪᠤᠰᠤ᠎ᠪᠠᠷ ᠬᠣᠷᠢᠭᠰᠠᠨ ᠵᠡᠷᠭᠡ ᠶᠠᠯᠠᠲᠤ ᠠᠵᠢᠯᠯᠠᠭ᠎ᠠ᠎ᠳᠤ ᠭᠣᠣᠯᠳᠠᠯᠭ᠎ᠠ᠎ᠲᠠᠢ᠎ᠪᠠᠷ ᠴᠣᠬᠢᠯᠲᠠ ᠥᠭᠭᠦᠨ᠎ᠡ; ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠶᠠᠯᠠᠲᠤ ᠪᠦᠯᠦᠭᠯᠡᠯ᠎ᠤᠨ ᠪᠦᠷᠢᠯᠳᠦᠬᠦᠨ ᠡᠯᠰᠡᠬᠦ ᠵᠢᠨ ᠲᠥᠯᠥᠭᠡ ᠪᠤᠰᠤᠳ᠎ᠢ ᠵᠣᠬᠢᠶᠠᠨ ᠪᠠᠶ᠋ᠢᠭᠤᠯᠵᠤ᠂ ᠵᠥᠭᠡᠭᠡᠪᠦᠷᠢᠯᠡᠨ ᠬᠦᠷᠭᠡᠵᠦ ᠤᠯᠤᠰ᠎ᠤᠨ ᠬᠢᠯᠢ (ᠬᠢᠵᠠᠭ᠋ᠠᠷ) ᠵᠢ ᠬᠤᠯᠠᠭᠤᠨ ᠳᠠᠪᠠᠭᠤᠯᠤᠭᠰᠠᠨ ᠶᠠᠯᠠᠲᠤ ᠠᠵᠢᠯᠯᠠᠭ᠎ᠠ᠎ᠳᠤ ᠭᠣᠣᠯᠳᠠᠯᠭ᠎ᠠ᠎ᠲᠠᠢ᠎ᠪᠠᠷ ᠴᠣᠬᠢᠯᠲᠠ ᠥᠭᠭᠦᠨ᠎ᠡ᠃
ᠣᠨᠴᠠᠯᠢᠭ ᠬᠣᠶᠠᠷ᠄ ᠠᠰᠠᠭᠤᠳᠠᠯ ᠵᠶ᠋ᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠦᠢ᠍ᠯᠡᠳᠦᠯᠭᠡ ᠵᠢᠨ ᠬᠡᠷᠡᠭᠴᠡᠭᠡ ᠱᠠᠭ᠋ᠠᠷᠳᠠᠯᠭ᠎ᠠ ᠵᠢ ᠰᠢᠢ᠍ᠳᠪᠦᠷᠢᠯᠡᠪᠡ᠃ 《ᠰᠠᠨᠠᠯ》᠎ᠨᠢ ᠬᠠᠤᠯᠢ ᠪᠠᠷᠢᠵᠤ ᠬᠡᠷᠡᠭ ᠰᠢᠢ᠍ᠳᠪᠦᠷᠢᠯᠡᠬᠦ ᠳᠤᠮᠳᠠ ᠬᠠᠤᠯᠢ ᠴᠠᠭ᠋ᠠᠵᠠ ᠵᠢ ᠬᠡᠷᠡᠭᠯᠡᠬᠦ᠂ ᠭᠡᠷᠡᠴᠢ ᠪᠠᠷᠢᠮᠲᠠ ᠴᠤᠭᠯᠠᠭᠤᠯᠵᠤ ᠬᠢᠨᠠᠨ ᠪᠠᠶ᠋ᠢᠴᠠᠭ᠋ᠠᠵᠤ ᠬᠡᠷᠡᠭᠯᠡᠬᠦ᠂ ᠡᠷᠡᠭᠦᠦ ᠵᠢᠨ ᠬᠡᠷᠡᠭ᠎ᠤᠨ ᠲᠥᠷᠥ ᠵᠢᠨ ᠪᠣᠳᠣᠯᠭ᠎ᠠ᠂ ᠪᠤᠵᠠᠷ ᠵᠣᠭᠣᠰ ᠪᠤᠵᠠᠷ ᠡᠳ᠋᠎ᠢ ᠨᠡᠬᠡᠮᠵᠢᠯᠡᠨ ᠠᠪᠴᠢᠷᠠᠵᠤ ᠬᠣᠬᠢᠷᠠᠯ᠎ᠢ ᠨᠥᠬᠥᠬᠦ ᠵᠡᠷᠭᠡ ᠠᠰᠠᠭᠤᠳᠠᠯ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠰᠢᠢ᠍ᠳᠪᠦᠷᠢᠯᠡᠬᠦ ᠲᠥᠰᠦᠯ᠎ᠢ ᠬᠠᠨᠳᠤᠯᠭ᠋ᠠᠲᠤ ᠴᠢᠨᠠᠷᠲᠠᠶ ᠳᠤᠷᠠᠳᠤᠨ ᠭᠠᠷᠭ᠋ᠠᠪᠠ᠃
ᠬᠢᠯᠢ ᠠᠯᠤᠰᠯᠠᠭᠰᠠᠨ ᠶᠠᠯᠠᠲᠤ ᠪᠦᠯᠦᠭᠯᠡᠯ᠎ᠨᠢ ᠪᠦᠷᠢᠯᠳᠦᠬᠦᠨ ᠨᠢᠭᠡᠪᠦᠷᠢ ᠵᠢᠨ ᠪᠣᠳᠠᠲᠠᠢ ᠬᠠᠷᠠᠭ᠋ᠠᠯᠵᠠᠭᠰᠠᠨ ᠶᠠᠯ᠎ᠠ ᠬᠢᠭᠰᠡᠨ ᠲᠣᠭ᠎ᠠ ᠬᠡᠮᠵᠢᠶ᠎ᠡ ᠵᠢ ᠪᠠᠶ᠋ᠢᠴᠠᠭ᠋ᠠᠨ ᠲᠤᠳᠤᠯᠠᠬᠤ᠎ᠳᠤ ᠪᠡᠷᠬᠡᠲᠡᠢ ᠪᠠᠶ᠋ᠢᠳᠠᠯ᠎ᠳᠤ ᠴᠢᠭᠯᠡᠭᠦᠯᠦᠨ᠂ 《ᠰᠠᠨᠠᠯ》᠎ᠳᠤ᠂ ᠶᠠᠯᠠᠲᠤ ᠪᠦᠯᠦᠭ᠎ᠤᠨ ᠬᠢᠭᠰᠡᠨ ᠶᠠᠯ᠎ᠠ ᠵᠢᠨ ᠲᠣᠭ᠎ᠠ ᠬᠡᠮᠵᠢᠶ᠎ᠡ ᠵᠢ ᠪᠠᠶ᠋ᠢᠴᠠᠭ᠋ᠠᠨ ᠲᠤᠳᠤᠯᠠᠭᠰᠠᠨᠤ ᠲᠠᠷᠠᠭ᠎ᠠ᠂ ᠡᠯ᠎ᠡ ᠶᠠᠯ᠎ᠠ ᠬᠢᠭᠰᠡᠨ ᠰᠡᠵᠢᠭᠯᠡᠯᠲᠡᠢ ᠡᠲᠡᠭᠡᠳ᠂ ᠵᠠᠭ᠋ᠠᠯᠳᠤᠬᠳᠠᠬ᠍ᠴᠢ ᠵᠢᠨ ᠪᠣᠳᠠᠲᠠᠢ ᠣᠷᠣᠯᠴᠠᠭᠰᠠᠨ ᠶᠠᠯᠠᠲᠤ ᠠᠵᠢᠯᠯᠠᠭ᠎ᠠ ᠵᠢᠨ ᠲᠣᠭ᠎ᠠ ᠬᠡᠮᠵᠢᠶ᠎ᠡ ᠵᠢ ᠪᠠᠶ᠋ᠢᠴᠠᠭ᠋ᠠᠨ ᠲᠤᠳᠤᠯᠠᠭᠰᠠᠨ ᠦᠭᠡᠢ ᠪᠠᠶ᠋ᠢᠯ᠎ᠠ ᠴᠤ᠌ ᠭᠡᠰᠡᠨ ᠲᠡᠭᠦᠨ᠎ᠤ ᠶᠠᠯᠠᠲᠤ ᠪᠦᠯᠦᠭᠯᠡᠯ᠂ ᠶᠠᠯᠠᠲᠤ ᠪᠦᠯᠬᠦᠮ᠎ᠤᠨ ᠳᠤᠮᠳᠠᠬᠢ ᠪᠠᠶ᠋ᠢᠷᠢ ᠰᠠᠭᠤᠷᠢ ᠵᠢᠨ ᠦᠢ᠍ᠯᠡᠳᠦᠯ᠂ ᠣᠷᠣᠯᠴᠠᠭᠰᠠᠨ ᠴᠠᠭ ᠬᠤᠭᠤᠴᠠᠭ᠎ᠠ᠂ ᠶᠠᠯᠠᠲᠤ ᠠᠵᠢᠯᠯᠠᠭ᠎ᠠ ᠵᠢᠨ ᠪᠣᠳᠠᠲᠤ ᠬᠡᠷᠡᠭ᠎ᠯᠦᠭᠡ ᠬᠣᠯᠪᠣᠭᠳᠠᠬᠤ ᠬᠡᠮᠵᠢᠶ᠎ᠡ ᠵᠢᠴᠢ ᠪᠡᠶᠡᠴᠢ ᠬᠣᠣᠷᠲᠤ ᠴᠢᠨᠠᠷ᠂ ᠬᠥᠮᠦᠨ᠎ᠤ ᠪᠡᠶ᠎ᠡ᠎ᠳᠤ ᠠᠶᠤᠯ ᠤᠴᠠᠷᠠᠭᠤᠯᠬᠤ ᠴᠢᠨᠠᠷ ᠵᠡᠷᠭᠡ ᠬᠦᠴᠦᠨ ᠵᠦᠢ᠍ᠯ᠎ᠢ ᠶᠡᠷᠦᠩᠬᠡᠶ᠋ᠢᠯᠡᠨ ᠪᠣᠳᠣᠯᠬᠢᠯᠠᠵᠤ᠂ ᠲᠡᠭᠦᠨ᠎ᠤ ᠡᠭᠦᠷᠭᠡᠯᠡᠬᠦ ᠶᠣᠰᠣᠲᠠᠢ ᠡᠷᠡᠭᠦᠦ ᠵᠢᠨ ᠬᠠᠷᠢᠭᠤᠴᠠᠯᠭ᠎ᠠ ᠵᠢ ᠲᠣᠭᠲᠠᠭ᠋ᠠᠵᠤ ᠪᠣᠯᠤᠨ᠎ᠠ᠃
《ᠰᠠᠨᠠᠯ》᠎ᠳᠤ ᠪᠠᠰᠠ ᠤᠯᠤᠰ᠎ᠤᠨ ᠬᠢᠯᠢ (ᠬᠢᠵᠠᠭ᠋ᠠᠷ) ᠵᠢ ᠬᠤᠯᠠᠭᠤᠨ ᠳᠠᠪᠠᠭᠰᠠᠨ ᠶᠠᠯ᠎ᠠ ᠵᠢ ᠮᠠᠭ᠋ᠠᠳᠯᠠᠨ ᠲᠣᠭᠲᠠᠭ᠋ᠠᠬᠤ ᠠᠰᠠᠭᠤᠳᠠᠯ᠎ᠢ ᠲᠣᠳᠣᠷᠬᠠᠶ ᠲᠣᠭᠲᠠᠭ᠋ᠠᠭᠰᠠᠨ ᠪᠥᠭᠡᠳ ᠰᠦᠷᠳᠡᠭᠳᠡᠨ ᠳᠠᠭ᠋ᠠᠭᠰᠠᠨ ᠬᠡᠷᠡᠭᠲᠡᠨ᠂ ᠪᠡᠶ᠎ᠡ᠎ᠪᠠᠨ ᠲᠤᠰᠢᠶᠠᠭᠰᠠᠨ ᠵᠡᠷᠭᠡ ᠠᠰᠠᠭᠤᠳᠠᠯ᠎ᠳᠤ ᠲᠣᠭᠲᠠᠭ᠋ᠠᠯ ᠭᠠᠷᠭ᠋ᠠᠵᠤ᠂ ᠴᠣᠬᠢᠯᠲᠠ ᠥᠭᠴᠦ ᠵᠠᠰᠠᠬᠤ᠎ᠳᠤ ᠬᠠᠤᠯᠢ ᠴᠠᠭ᠋ᠠᠵᠠ ᠵᠢᠨ ᠲᠤᠯᠭ᠋ᠠᠭᠤᠷᠢᠯᠠᠯ ᠬᠠᠩᠭ᠋ᠠᠪᠠ᠃
ᠣᠨᠴᠠᠯᠢᠭ ᠭᠤᠷᠪᠠ᠄ ᠬᠠᠤᠯᠢ ᠶᠣᠰᠣᠭ᠋ᠠᠷ ᠴᠣᠬᠢᠯᠲᠠ ᠥᠭᠬᠦ ᠵᠢ ᠪᠠᠷᠢᠮᠲᠠᠯᠠᠵᠤ᠂ ᠬᠢᠯᠢᠰᠳᠡᠭᠦᠯᠬᠦ ᠦᠭᠡᠶ ᠳᠤᠷ᠎ᠠ᠎ᠪᠠᠷ᠎ᠨᠢ ᠲᠠᠯᠪᠢᠬᠤ ᠦᠭᠡᠶ ᠪᠠᠶ᠋ᠢᠬᠤ ᠵᠢ ᠦᠨᠡᠨ ᠬᠦ᠌ ᠪᠠᠲᠤᠯᠠᠪᠠ᠃ 《ᠰᠠᠨᠠᠯ》᠎ᠳᠤ᠂ ᠬᠠᠤᠯᠢ ᠵᠢ ᠴᠢᠩᠭ᠎ᠠ ᠵᠢᠷᠤᠮᠯᠠᠨ ᠬᠡᠷᠡᠭ ᠰᠢᠢ᠍ᠳᠪᠦᠷᠢᠯᠡᠵᠦ᠂ ᠭᠡᠷᠡᠴᠢ ᠪᠠᠷᠢᠮᠲᠠ᠎ᠪᠠᠷ ᠭᠤᠤᠯ ᠪᠣᠯᠭ᠋ᠠᠬᠤ ᠵᠢ ᠪᠠᠷᠢᠮᠲᠠᠯᠠᠨ᠂ ᠭᠡᠷᠡᠴᠢ ᠪᠠᠷᠢᠮᠲᠠ᠎ᠪᠠᠷ ᠲᠡᠰᠦᠯᠦᠨ ᠲᠣᠭᠲᠠᠭ᠋ᠠᠬᠤ ᠵᠠᠷᠴᠢᠮ᠎ᠢ ᠲᠤᠭᠤᠰᠢᠯᠠᠭᠤᠯᠵᠤ᠂ ᠭᠡᠷᠡᠴᠢ ᠪᠠᠷᠢᠮᠲᠠ ᠵᠢ ᠪᠥᠬᠥ ᠲᠠᠯ᠎ᠠ᠎ᠪᠠᠷ ᠴᠤᠭᠯᠠᠭᠤᠯᠤᠨ ᠬᠢᠨᠠᠨ ᠪᠠᠶ᠋ᠢᠴᠠᠭ᠋ᠠᠵᠤ᠂ ᠡᠷᠡᠭᠦᠳᠡᠨ ᠰᠢᠬᠠᠵᠤ ᠥᠴᠢᠭᠯᠡᠭᠦᠯᠬᠦ ᠪᠠ ᠰᠦᠷᠳᠡᠭᠦᠯᠬᠦ᠂ ᠥᠳᠥᠭᠡᠬᠦ᠂ ᠮᠡᠬᠡᠯᠡᠬᠦ ᠵᠡᠷᠭᠡ ᠬᠠᠤᠯᠢ ᠪᠤᠰᠤ ᠠᠷᠭ᠎ᠠ ᠪᠠᠷᠢᠯ ᠵᠶ᠋ᠠᠷ ᠭᠡᠷᠡᠴᠢ ᠪᠠᠷᠢᠮᠲᠠ ᠴᠤᠭᠯᠠᠭᠤᠯᠬᠤ ᠵᠢ ᠴᠢᠩᠭ᠎ᠠ ᠴᠠᠭ᠋ᠠᠵᠠᠯᠠᠨ᠂ ᠶᠠᠯ᠎ᠠ ᠬᠢᠭᠰᠡᠨ ᠰᠡᠵᠢᠭᠯᠡᠯᠲᠡᠶ ᠬᠥᠮᠦᠨ᠂ ᠵᠠᠭ᠋ᠠᠯᠳᠤᠭᠳᠠᠭᠴᠢ ᠵᠢᠨ ᠵᠠᠷᠭᠤᠯᠳᠤᠬᠤ ᠡᠷᠬᠡ ᠵᠢ ᠭᠦᠢ᠍ᠴᠡᠳ ᠪᠠᠲᠤᠯᠠᠵᠤ᠂ ᠪᠣᠳᠠᠲᠤ ᠶᠠᠪᠤᠳᠠᠯ᠎ᠢ ᠣᠨᠣᠪᠴᠢᠲᠠᠶ ᠮᠠᠭ᠋ᠠᠳᠯᠠᠨ ᠲᠣᠭᠲᠠᠭ᠋ᠠᠵᠤ᠂ ᠬᠠᠤᠯᠢ ᠴᠠᠭ᠋ᠠᠵᠠ ᠵᠢ ᠵᠥᠪ ᠬᠡᠷᠡᠭᠯᠡᠨ᠂ ᠬᠠᠤᠯᠢ ᠶᠣᠰᠣᠭ᠋ᠠᠷ ᠲᠥᠪ ᠭᠤᠤᠯᠴᠢ᠎ᠪᠠᠷ ᠰᠢᠢ᠍ᠳᠪᠦᠷᠢᠯᠡᠬᠦ ᠵᠢ ᠴᠢᠬᠤᠯᠠᠴᠢᠯᠠᠪᠠ᠃
《ᠰᠠᠨᠠᠯ》᠎ᠳᠤ᠂ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠶᠠᠯᠠᠲᠤ ᠬᠡᠷᠡᠭ᠎ᠢ ᠰᠢᠢ᠍ᠳᠪᠦᠷᠢᠯᠡᠬᠦ᠎ᠳᠤ ᠠᠭᠤᠴᠢᠯᠠᠬᠤ ᠪᠠ ᠴᠢᠩᠭ᠎ᠠ ᠰᠢᠳᠬᠡᠬᠦ ᠵᠢ ᠬᠤᠤᠰᠯᠠᠭᠤᠯᠬᠤ ᠡᠷᠡᠭᠦᠦ ᠵᠢᠨ ᠬᠡᠷᠡᠭ᠎ᠤᠨ ᠲᠥᠷᠥ ᠵᠢᠨ ᠪᠣᠳᠣᠯᠭ᠎ᠠ ᠵᠢ ᠭᠦᠨᠵᠡᠭᠡᠶ ᠲᠤᠭᠤᠰᠢᠯᠠᠭᠤᠯᠵᠤ᠂ ᠢᠯᠭ᠋ᠠᠭ᠎ᠠ᠎ᠲᠠᠢ ᠬᠠᠨᠳᠤᠬᠤ᠂ ᠠᠭᠤᠴᠢᠯᠠᠨ ᠰᠢᠳᠬᠡᠬᠦ ᠪᠠ ᠴᠢᠩᠭ᠎ᠠ ᠰᠢᠳᠬᠡᠬᠦ ᠵᠢ ᠵᠡᠷᠭᠡ᠎ᠪᠠᠷ ᠬᠡᠷᠡᠭᠯᠡᠬᠦ᠂ ᠶᠠᠯ᠎ᠠ᠎ᠳᠤᠨᠢ ᠲᠣᠬᠢᠷᠠᠭᠤᠯᠤᠨ ᠰᠢᠳᠬᠡᠬᠦ ᠶᠡᠷᠦᠩᠬᠡᠶ ᠱᠠᠭ᠋ᠠᠷᠳᠠᠯᠭ᠎ᠠ ᠵᠢ ᠳᠤᠷᠠᠳᠴᠤ᠂ 《ᠶᠡᠷᠦᠩᠬᠡᠶ᠎ᠳᠤᠨᠢ ᠴᠢᠩᠭ᠎ᠠ ᠰᠢᠳᠬᠡᠬᠦ》 ᠵᠢ ᠪᠠᠷᠢᠮᠲᠠᠯᠠᠵᠤ᠂ ᠠᠯᠪᠠᠳᠠᠯᠭ᠎ᠠ ᠵᠢᠨ ᠠᠷᠭ᠎ᠠ ᠬᠡᠮᠵᠢᠶ᠎ᠡ᠂ ᠵᠠᠭ᠋ᠠᠯᠳᠤᠯᠭ᠎ᠠ ᠵᠢᠨ ᠲᠠᠰᠤᠯᠤᠯᠲᠠ᠂ ᠡᠷᠡᠭᠦᠦ ᠰᠢᠳᠬᠡᠯ ᠣᠨᠣᠭᠳᠠᠭᠤᠯᠬᠤ ᠬᠡᠮᠵᠢᠶ᠎ᠡ᠂ ᠡᠳ᠋ ᠬᠥᠷᠥᠩᠭᠡ ᠵᠢᠨ ᠡᠷᠡᠭᠦᠦ ᠵᠢ ᠬᠡᠷᠡᠭᠯᠡᠬᠦ ᠵᠡᠷᠭᠡ ᠲᠠᠯ᠎ᠠ᠎ᠪᠠᠷ ᠴᠢᠩᠭ᠎ᠠ ᠱᠠᠭ᠋ᠠᠷᠳᠠᠯᠭ᠎ᠠ ᠳᠤᠷᠠᠳᠬᠤ ᠬᠡᠷᠡᠭᠲᠡᠶ; ᠪᠠᠰᠠ 《ᠠᠭᠤᠴᠢᠯᠠᠵᠤ ᠰᠢᠳᠬᠡᠬᠦ᠎ᠪᠠᠷ ᠴᠢᠩᠭ᠎ᠠ ᠰᠢᠳᠬᠡᠬᠦ》 ᠵᠢ ᠴᠢᠬᠤᠯᠠᠴᠢᠯᠠᠵᠤ᠂ ᠶᠠᠯᠠᠲᠤ ᠪᠦᠯᠦᠭᠯᠡᠯ᠎ᠳᠠᠬᠢ ᠦᠢ᠍ᠯᠡ ᠠᠵᠢᠯᠯᠠᠭ᠋ᠠᠳᠠᠨ᠎ᠤ ᠠᠳᠠᠯᠢ ᠪᠤᠰᠤ ᠪᠠᠶ᠋ᠢᠷᠢ ᠰᠠᠭᠤᠷᠢ ᠦᠢ᠍ᠯᠡᠳᠦᠯ᠎ᠢ ᠦᠨᠳᠦᠰᠦᠯᠡᠨ ᠠᠳᠠᠯᠢ ᠪᠤᠰᠤ ᠡᠷᠡᠭᠦᠦ ᠵᠢᠨ ᠬᠠᠷᠢᠭᠤᠴᠠᠯᠭ᠎ᠠ ᠵᠢ ᠲᠣᠭᠲᠠᠭ᠋ᠠᠵᠤ᠂ ᠦᠨᠡᠬᠡᠷ ᠪᠡᠶ᠎ᠡ᠎ᠪᠠᠨ ᠲᠤᠰᠢᠶᠠᠭᠰᠠᠨ᠂ ᠭᠠᠪᠢᠶ᠎ᠠ ᠪᠠᠶ᠋ᠢᠭᠤᠯᠤᠭᠰᠠᠨ ᠵᠡᠷᠭᠡ ᠦᠢ᠍ᠯᠡ ᠪᠠᠶ᠋ᠢᠳᠠᠯ᠎ᠲᠠᠢ ᠬᠥᠮᠦᠰ᠎ᠢ ᠬᠦᠨᠭᠭᠡᠨ ᠵᠶ᠋ᠠᠷ ᠰᠢᠳᠬᠡᠬᠦ᠂ ᠦᠢ᠍ᠯᠡ ᠪᠠᠶ᠋ᠢᠳᠠᠯ᠎ᠢ᠎ᠨᠢ ᠬᠥᠩᠭᠡᠷᠡᠭᠦᠯᠬᠦ ᠵᠢᠴᠢ ᠨᠠᠰᠤᠨ᠎ᠳᠤ ᠦᠯᠦ ᠬᠦᠷᠦᠭᠰᠡᠳ ᠵᠡᠷᠭᠡ ᠣᠨᠴᠠᠭ᠋ᠠᠢ ᠬᠠᠮᠲᠤᠯᠢᠭ᠎ᠢ ᠬᠠᠤᠯᠢ ᠶᠣᠰᠣᠭ᠋ᠠᠷ ᠠᠭᠤᠴᠢᠯᠠᠨ ᠰᠢᠢ᠍ᠳᠪᠦᠷᠢᠯᠡᠪᠡ᠃
ᠣᠨᠴᠠᠯᠢᠭ ᠳᠥᠷᠪᠡ᠄ ᠪᠤᠵᠠᠷ ᠡᠳ᠋᠎ᠢ ᠨᠡᠬᠡᠮᠵᠢᠯᠡᠨ ᠬᠣᠬᠢᠷᠠᠯ᠎ᠢ ᠡᠭᠡᠭᠦᠯᠦᠨ ᠠᠪᠴᠢᠷᠠᠬᠤ ᠵᠢ ᠴᠢᠩᠭ᠋ᠠᠳᠬᠠᠵᠤ᠂ ᠡᠳ᠋ ᠬᠥᠷᠥᠩᠭᠡ ᠵᠢᠨ ᠡᠷᠬᠡ ᠠᠰᠢᠭ᠎ᠢ ᠬᠠᠮᠠᠭ᠋ᠠᠯᠠᠪᠠ᠃ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠶᠠᠯᠠᠲᠤ ᠬᠡᠷᠡᠭ᠎ᠤᠨ ᠳᠤᠮᠳᠠ᠂ ᠪᠤᠵᠠᠷ ᠡᠳ᠋᠎ᠢ ᠨᠡᠬᠡᠮᠵᠢᠯᠡᠨ ᠬᠣᠬᠢᠷᠠᠯ᠎ᠢ ᠡᠭᠡᠭᠦᠯᠦᠨ ᠠᠪᠴᠢᠷᠠᠬᠤ ᠠᠵᠢᠯ᠎ᠢ ᠢᠳᠡᠪᠬᠢᠲᠡᠢ ᠥᠷᠨᠢᠭᠦᠯᠬᠦ᠎ᠨᠢ ᠤᠯᠠᠨ ᠲᠦᠮᠡᠨ᠎ᠤ ᠭᠣᠣᠯ ᠠᠩᠬᠠᠷᠤᠯ ᠲᠠᠯᠪᠢᠵᠤ ᠪᠠᠶ᠋ᠢᠭ᠎ᠠ ᠠᠰᠠᠭᠤᠳᠠᠯ ᠪᠣᠯᠬᠤ᠎ᠪᠠᠷ ᠪᠠᠷᠠᠬᠤ ᠦᠭᠡᠢ᠂ ᠪᠠᠰᠠ ᠴᠤ᠌ 《ᠡᠳ᠋ ᠮᠥᠩᠭᠥᠨ᠎ᠤ ᠢᠷᠡᠯᠲᠡ ᠵᠢ᠎ᠨᠢ ᠲᠠᠰᠤᠯᠵᠤ》᠂ ᠠᠵᠤ ᠠᠬᠤᠢ ᠵᠢᠨ ᠰᠠᠭᠤᠷᠢ ᠵᠢ ᠠᠷᠢᠯᠭ᠋ᠠᠵᠤ᠂ ᠶᠠᠯᠠᠲᠤ ᠠᠵᠢᠯᠯᠠᠭ᠎ᠠ ᠵᠢ ᠴᠢᠩᠭ᠎ᠠ ᠵᠠᠯᠬᠠᠭ᠋ᠠᠨ ᠰᠢᠢ᠍ᠳᠬᠡᠬᠦ ᠵᠢᠨ ᠵᠠᠶ᠋ᠢᠯᠠᠰᠢ ᠦᠭᠡᠢ ᠱᠠᠭ᠋ᠠᠷᠳᠠᠯᠭ᠎ᠠ ᠪᠣᠯᠤᠨ᠎ᠠ᠃
《ᠰᠠᠨᠠᠯ》᠎ᠳᠤ ᠴᠢᠬᠤᠯᠠᠴᠢᠯᠠᠭᠰᠠᠨ᠎ᠨᠢ᠂ ᠪᠤᠵᠠᠷ ᠡᠳ᠋᠎ᠢ ᠨᠡᠬᠡᠮᠵᠢᠯᠡᠨ ᠬᠣᠬᠢᠷᠠᠯ᠎ᠢ ᠡᠭᠡᠭᠦᠯᠦᠨ ᠠᠪᠴᠢᠷᠠᠬᠤ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠬᠢᠯᠢ ᠠᠯᠤᠰᠯᠠᠭᠰᠠᠨ ᠶᠠᠯᠠᠲᠤ ᠪᠦᠯᠦᠭᠯᠡᠯ ᠵᠢᠴᠢ ᠲᠡᠭᠦᠨ᠎ᠤ ᠪᠦᠷᠢᠯᠳᠦᠬᠦᠨ᠎ᠤ ᠡᠳ᠋ ᠬᠥᠷᠥᠩᠭᠡ ᠵᠢᠨ ᠪᠠᠶ᠋ᠢᠳᠠᠯ᠎ᠢ ᠪᠥᠬᠥ ᠲᠠᠯ᠎ᠠ᠎ᠪᠠᠷ ᠪᠠᠶ᠋ᠢᠴᠠᠭ᠋ᠠᠨ ᠬᠢᠨᠠᠨ ᠪᠠᠶ᠋ᠢᠴᠠᠭ᠋ᠠᠵᠤ᠂ ᠬᠡᠷᠡᠭ᠎ᠲᠤ ᠬᠣᠯᠪᠣᠭᠳᠠᠭᠰᠠᠨ ᠲᠠᠩᠰᠠᠨ ᠡᠷᠦᠬᠡ ᠵᠢᠨ ᠪᠠᠯᠠ ᠮᠥᠩᠭᠥ᠂ ᠬᠡᠷ ᠬᠥᠷᠥᠩᠭᠡ᠂ ᠲᠡᠷᠭᠡ ᠬᠥᠰᠬᠡ᠂ ᠦᠨᠡᠲᠦ ᠲᠡᠮᠦᠷᠯᠢᠭ ᠵᠡᠷᠭᠡ ᠬᠡᠷᠡᠭ᠎ᠲᠤ ᠬᠣᠯᠪᠣᠭᠳᠠᠭᠰᠠᠨ ᠵᠣᠭᠣᠰ ᠮᠥᠩᠭᠥ ᠡᠳ᠋ ᠪᠣᠳᠠᠰ᠎ᠢ ᠬᠠᠤᠯᠢ ᠶᠣᠰᠣᠭ᠋ᠠᠷ ᠴᠠᠭ ᠲᠤᠬᠠᠶ᠎ᠳᠤᠨᠢ ᠪᠠᠶ᠋ᠢᠴᠠᠭ᠋ᠠᠨ ᠯᠠᠪᠯᠠᠵᠤ᠂ ᠪᠠᠶ᠋ᠢᠴᠠᠭ᠋ᠠᠨ ᠪᠢᠲᠡᠭᠦᠮᠵᠢᠯᠡᠵᠦ᠂ ᠳᠠᠷᠤᠵᠤ ᠠᠪᠴᠤ᠂ ᠴᠡᠪᠳᠡᠭᠰᠢᠭᠦᠯᠵᠦ᠂ ᠪᠤᠵᠠᠷ ᠡᠳ᠋᠎ᠢ ᠨᠡᠬᠡᠮᠵᠢᠯᠡᠨ ᠬᠣᠬᠢᠷᠠᠯ᠎ᠢ ᠡᠭᠡᠭᠦᠯᠦᠨ ᠠᠪᠴᠢᠷᠠᠬᠤ ᠠᠵᠢᠯ᠎ᠢ ᠡᠷᠡᠭᠦᠦ ᠵᠢᠨ ᠵᠠᠷᠭᠤ ᠵᠢᠨ ᠪᠥᠬᠥ ᠶᠠᠪᠤᠴᠠ ᠵᠢᠨ ᠡᠯ᠎ᠡ ᠭᠣᠭᠴᠣᠭ᠎ᠠ᠎ᠳᠤ ᠲᠤᠭᠤᠰᠢᠯᠠᠭᠤᠯᠬᠤ ᠬᠡᠷᠡᠭᠲᠡᠶ᠃
ᠣᠳᠣᠬᠠᠨ᠎ᠤ ᠬᠢᠯᠢ ᠠᠯᠤᠰᠯᠠᠭᠰᠠᠨ ᠴᠠᠬᠢᠯᠭ᠋ᠠᠨ ᠮᠡᠬᠡᠯᠡᠯ᠎ᠤᠨ ᠬᠡᠷᠡᠭ᠎ᠤᠨ ᠠᠷᠤ᠎ᠳᠠᠬᠢ 《ᠪᠡᠯᠡ ᠭᠠᠷᠭ᠋ᠠᠭᠴᠢ》᠂ ᠪᠤᠰᠤᠳ ᠵᠣᠬᠢᠶᠠᠨ ᠪᠠᠶ᠋ᠢᠭᠤᠯᠤᠭᠴᠢ᠂ ᠤᠳᠤᠷᠢᠳᠤᠭᠴᠢ ᠵᠢᠨ ᠬᠢᠯᠢ ᠵᠢᠨ ᠭᠠᠳᠠᠨ᠎ᠠ ᠳᠤᠲᠠᠭ᠋ᠠᠵᠤ ᠳᠠᠯᠳᠠᠯᠠᠭᠰᠠᠨ ᠠᠰᠠᠭᠤᠳᠠᠯ᠎ᠳᠤ ᠴᠢᠭᠯᠡᠭᠦᠯᠦᠨ᠂ 《ᠰᠠᠨᠠᠯ》᠎ᠳᠤ ᠪᠠᠰᠠ ᠬᠠᠤᠯᠢ ᠵᠢ ᠵᠥᠷᠢᠴᠡᠵᠦ ᠣᠯᠤᠭᠰᠠᠨ ᠣᠯᠵᠠ ᠠᠰᠢᠭ᠎ᠢ᠎ᠨᠢ ᠬᠣᠷᠢᠶᠠᠨ ᠠᠪᠬᠤ ᠵᠢᠷᠤᠮ᠎ᠢ ᠬᠡᠷᠡᠭᠯᠡᠬᠦ ᠲᠤᠬᠠᠶ ᠰᠠᠨᠠᠭᠤᠯᠤᠮᠵᠢ ᠵᠢᠨ ᠴᠢᠨᠠᠷᠲᠠᠶ ᠲᠣᠭᠲᠠᠭ᠋ᠠᠯ ᠭᠠᠷᠭ᠋ᠠᠵᠤ᠂ ᠬᠡᠷᠡᠭ ᠰᠢᠢ᠍ᠳᠪᠦᠷᠢᠯᠡᠬᠦ ᠪᠠᠶ᠋ᠢᠭᠤᠯᠭ᠎ᠠ ᠵᠢ ᠬᠥᠲᠥᠯᠦᠨ ᠵᠢᠯᠣᠭᠣᠳᠴᠤ ᠪᠠᠶ᠋ᠢᠭ᠋ᠠᠳ ᠢᠳᠡᠪᠬᠢᠲᠡᠶ ᠬᠡᠷᠡᠭᠯᠡᠭᠦᠯᠵᠦ᠂ ᠶᠠᠯ᠎ᠠ ᠬᠢᠭᠰᠡᠨ ᠰᠡᠵᠢᠭᠯᠡᠯᠲᠡᠶ ᠬᠥᠮᠦᠨ᠂ ᠵᠠᠭ᠋ᠠᠯᠳᠤᠭᠳᠠᠭᠴᠢ ᠵᠢᠨ ᠬᠠᠤᠯᠢ ᠵᠢ ᠵᠥᠷᠢᠴᠡᠵᠦ ᠣᠯᠤᠭᠰᠠᠨ ᠣᠯᠵᠠ ᠠᠰᠢᠭ ᠵᠢᠴᠢ ᠬᠡᠷᠡᠭ᠎ᠲᠤ ᠬᠣᠯᠪᠣᠭᠳᠠᠭᠰᠠᠨ ᠪᠤᠰᠤᠳ ᠡᠳ᠋ ᠬᠥᠷᠥᠩᠭᠡ ᠵᠢ᠎ᠨᠢ ᠬᠠᠤᠯᠢ ᠶᠣᠰᠣᠭ᠋ᠠᠷ ᠨᠡᠬᠡᠮᠵᠢᠯᠡᠨ ᠲᠤᠰᠢᠶᠠᠯᠭ᠋ᠠᠨ᠎ᠠ᠃
ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠪᠦᠯᠦᠭᠯᠡᠯ᠎ᠤᠨ ᠮᠠᠭ᠋ᠠᠳᠯᠠᠨ ᠲᠣᠭᠲᠠᠭ᠋ᠠᠬᠤ ᠪᠠ ᠮᠡᠬᠡᠯᠡᠭᠰᠡᠨ ᠵᠣᠭᠣᠰ᠎ᠤᠨ ᠲᠣᠭ᠎ᠠ ᠵᠢ ᠮᠠᠭ᠋ᠠᠳᠯᠠᠨ ᠲᠣᠭᠲᠠᠭ᠋ᠠᠬᠤ ᠬᠣᠶᠠᠷ ᠶᠡᠬᠡ ᠬᠦᠴᠢᠷᠳᠡᠯ᠎ᠢ ᠪᠦᠲᠦᠮᠵᠢᠲᠡᠶ ᠰᠢᠢ᠍ᠳᠪᠦᠷᠢᠯᠡᠨ᠎ᠡ
ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠵᠡᠷᠭᠡ ᠶᠠᠯᠠᠲᠤ ᠠᠵᠢᠯᠯᠠᠭ᠎ᠠ ᠵᠢᠨ ᠵᠣᠬᠢᠶᠠᠨ ᠪᠠᠶ᠋ᠢᠭᠤᠯᠤᠯᠲᠠ ᠵᠢᠨ ᠪᠦᠯᠦᠭᠯᠡᠯᠵᠢᠯᠲᠡ᠂ ᠮᠣᠨᠣᠫᠣᠯᠢᠴᠢᠯᠠᠬᠤ᠂ 《ᠠᠵᠤ ᠦᠢ᠍ᠯᠡᠳᠪᠦᠷᠢ ᠵᠢᠨ ᠬᠦᠷᠢᠶᠡᠯᠡᠩ》᠂ 《ᠨᠡᠭᠡᠭᠡᠨ ᠬᠥᠭᠵᠢᠭᠦᠯᠬᠦ ᠣᠷᠣᠨ》 ᠵᠡᠷᠭᠡ ᠨᠡᠷ᠎ᠡ᠎ᠪᠠᠷ ᠡᠳ᠋ ᠮᠥᠩᠭᠥ ᠬᠢᠬᠠᠨ ᠮᠡᠬᠡᠯᠡᠬᠦ ᠵᠡᠷᠭᠡ ᠠᠰᠠᠭᠤᠳᠠᠯ᠎ᠳᠤ ᠴᠢᠭᠯᠡᠭᠦᠯᠦᠨ᠂ 《ᠰᠠᠨᠠᠯ》᠎ᠳᠤ᠂ ᠶᠠᠯ᠎ᠠ ᠬᠢᠬᠦ ᠲᠠᠯᠠᠪᠤᠷ ᠬᠠᠩᠭ᠋ᠠᠬᠤ᠂ ᠠᠷᠤ ᠲᠠᠯ᠎ᠠ ᠵᠢᠨ ᠦᠢ᠍ᠯᠡᠴᠢᠯᠡᠭᠡᠨ᠎ᠤ ᠪᠠᠲᠤᠯᠠᠭ᠎ᠠ᠂ ᠵᠡᠪᠰᠡᠭᠲᠦ ᠥᠮᠥᠭᠯᠡᠯ᠂ ᠠᠵᠢᠯᠲᠠᠨ᠎ᠤ ᠬᠠᠮᠢᠶᠠᠷᠤᠯᠲᠠ ᠵᠡᠷᠭᠡ ᠠᠷᠭ᠎ᠠ ᠮᠠᠶᠢᠭ ᠵᠶ᠋ᠠᠷ ᠳᠠᠮᠵᠢᠨ᠂ ᠶᠠᠯᠠᠲᠤ ᠪᠦᠯᠬᠦᠮ᠎ᠤᠨ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠢ ᠬᠠᠮᠢᠶᠠᠷᠤᠨ ᠡᠵᠡᠮᠳᠡᠬᠦ᠂ ᠬᠢᠬᠠᠬᠤ ᠵᠡᠷᠭᠡ ᠶᠠᠯᠠᠲᠤ ᠠᠵᠢᠯᠯᠠᠭ᠎ᠠ᠂ ᠠᠰᠢᠭ ᠬᠤᠪᠢᠶᠠᠬᠤ ᠪᠤᠶᠤ ᠬᠠᠮᠢᠶ᠎ᠠ ᠪᠦᠬᠦᠢ ᠵᠠᠷᠤᠳᠠᠯ ᠬᠤᠷᠢᠶᠠᠬᠤ᠂ ᠲᠣᠳᠣᠷᠬᠠᠶ ᠵᠣᠬᠢᠶᠠᠨ ᠪᠠᠶ᠋ᠢᠭᠤᠯᠤᠭᠴᠢ᠂ ᠤᠳᠤᠷᠢᠳᠤᠭᠴᠢ᠎ᠲᠠᠢ᠂ ᠭᠤᠤᠯᠯᠠᠭᠴᠢ ᠭᠡᠰᠢᠭᠦᠨ ᠲᠣᠭᠲᠠᠮᠠᠯ ᠪᠤᠶᠤ ᠦᠨᠳᠦᠰᠦᠨ᠎ᠳᠤ᠎ᠪᠠᠨ ᠲᠣᠭᠲᠠᠮᠠᠯ᠂ ᠡᠷᠡᠭᠦᠦ ᠵᠢᠨ ᠬᠠᠤᠯᠢ ᠵᠢᠨ ᠬᠣᠷᠢᠨ ᠵᠢᠷᠭᠤᠳᠤᠭ᠋ᠠᠷ ᠵᠦᠢ᠍ᠯ᠎ᠤᠨ ᠬᠣᠶᠠᠳᠤᠭ᠋ᠠᠷ ᠪᠠᠳᠠᠭ᠎ᠤᠨ ᠲᠣᠭᠲᠠᠭ᠋ᠠᠯ᠎ᠳᠤ ᠨᠡᠢ᠌ᠴᠡᠪᠡᠯ᠂ ᠶᠠᠯᠠᠲᠤ ᠪᠦᠯᠦᠭᠯᠡᠯ ᠵᠶ᠋ᠠᠷ ᠮᠠᠭ᠋ᠠᠳᠯᠠᠨ ᠲᠣᠭᠲᠠᠭ᠋ᠠᠵᠤ᠂ ᠬᠠᠤᠯᠢ ᠶᠣᠰᠣᠭ᠋ᠠᠷ ᠴᠢᠩᠭ᠎ᠠ ᠰᠢᠢ᠍ᠳᠬᠡᠬᠦ ᠬᠡᠷᠡᠭᠲᠡᠢ ᠲᠣᠭᠲᠠᠭ᠋ᠠᠵᠠᠢ᠃
《ᠰᠠᠨᠠᠯ》᠎ᠳᠤ ᠶᠠᠯᠠᠲᠤ ᠪᠦᠯᠦᠭᠯᠡᠯ᠎ᠤᠨ ᠮᠠᠭ᠋ᠠᠳᠯᠠᠨ ᠲᠣᠭᠲᠠᠭ᠋ᠠᠬᠤ ᠲᠤᠬᠠᠶ ᠲᠣᠳᠣᠷᠬᠠᠶ ᠲᠣᠭᠲᠠᠭ᠋ᠠᠯ ᠭᠠᠷᠭ᠋ᠠᠵᠤ᠂ ᠬᠡᠷᠡᠭ ᠰᠢᠢ᠍ᠳᠪᠦᠷᠢᠯᠡᠬᠦ ᠪᠠᠢ᠌ᠭᠤᠯᠭ᠎ᠠ ᠵᠢᠨ ᠶᠠᠯᠠᠲᠤ ᠪᠦᠯᠦᠭᠯᠡᠯ ᠵᠢᠴᠢ ᠲᠡᠭᠦᠨ᠎ᠤ ᠲᠣᠯᠣᠭ᠋ᠠᠶ᠋ᠢᠯᠠᠭᠴᠢ ᠡᠲᠡᠭᠡᠳ᠂ ᠪᠤᠰᠤᠳ ᠭᠤᠤᠯ ᠬᠡᠷᠡᠭᠲᠡᠨ᠎ᠢ ᠣᠨᠣᠪᠴᠢᠲᠠᠶ ᠮᠠᠭ᠋ᠠᠳᠯᠠᠨ ᠲᠣᠭᠲᠠᠭ᠋ᠠᠬᠤ᠎ᠳᠤ ᠠᠰᠢᠭᠲᠠᠶ ᠪᠠᠶ᠋ᠢᠵᠤ᠂ ᠶᠠᠯ᠎ᠠ ᠬᠢᠭᠰᠡᠨ ᠪᠣᠳᠠᠲᠤ ᠬᠡᠷᠡᠭ᠎ᠢ ᠮᠠᠭ᠋ᠠᠳᠯᠠᠨ ᠲᠣᠭᠲᠠᠭ᠋ᠠᠬᠤ ᠪᠠ ᠡᠷᠡᠭᠦᠦ ᠵᠢᠨ ᠬᠡᠷᠡᠭ᠎ᠤᠨ ᠬᠠᠷᠢᠭᠤᠴᠠᠯᠭ᠎ᠠ ᠨᠡᠬᠡᠮᠵᠢᠯᠡᠬᠦ ᠰᠠᠭᠤᠷᠢ ᠵᠢ ᠪᠡᠬᠢᠵᠢᠭᠦᠯᠪᠡ᠃
ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠬᠡᠷᠡᠭ᠎ᠤᠨ ᠶᠠᠯᠠᠲᠤ ᠠᠵᠢᠯᠯᠠᠭ᠎ᠠ ᠵᠢᠨ ᠲᠣᠭ᠎ᠠ ᠬᠡᠮᠵᠢᠶ᠎ᠡ ᠵᠢ ᠮᠠᠭ᠋ᠠᠳᠯᠠᠨ ᠲᠣᠭᠲᠠᠭ᠋ᠠᠬᠤ᠎ᠳᠤ ᠬᠦᠴᠢᠷᠲᠡᠶ ᠪᠠᠶ᠋ᠢᠬᠤ ᠠᠰᠠᠭᠤᠳᠠᠯ᠎ᠳᠤ ᠴᠢᠭᠯᠡᠭᠦᠯᠦᠨ᠂ 《ᠰᠠᠨᠠᠯ》᠎ᠳᠤ᠂ ᠬᠤᠤᠷᠯᠠᠭᠳᠠᠭᠴᠢ ᠵᠢᠴᠢ ᠲᠡᠭᠦᠨ᠎ᠤ ᠪᠣᠳᠠᠲᠠᠶ ᠮᠡᠬᠡᠯᠡᠭᠳᠡᠭᠰᠡᠨ ᠪᠤᠶᠤ ᠬᠢᠬᠠᠭᠳᠠᠭᠰᠠᠨ ᠲᠣᠭ᠎ᠠ ᠬᠡᠮᠵᠢᠶ᠎ᠡ ᠵᠢ ᠪᠠᠶ᠋ᠢᠴᠠᠭ᠋ᠠᠨ ᠳᠣᠲᠣᠯᠠᠬᠤ ᠵᠢᠨ ᠠᠷᠭ᠎ᠠ ᠥᠬᠡᠶ ᠦᠶ᠎ᠡ᠎ᠳᠤ᠂ ᠲᠠᠩᠰᠠᠨ ᠡᠷᠦᠬᠡ ᠵᠢᠨ ᠠᠷᠠᠯᠵᠢᠶᠠᠨ᠎ᠤ ᠲᠡᠮᠳᠡᠭᠯᠡᠯ᠂ ᠴᠢᠮᠡᠭᠡ ᠨᠡᠪᠲᠡᠷᠡᠭᠰᠡᠨ ᠬᠣᠯᠪᠣᠭ᠎ᠠ ᠳᠤᠭᠤᠶ᠋ᠢᠯᠠᠩ᠎ᠤᠨ ᠵᠣᠭᠣᠭᠳᠠᠭᠰᠠᠨ ᠲᠡᠮᠳᠡᠭᠯᠡᠯ ᠵᠡᠷᠭᠡ ᠭᠡᠷᠡᠴᠢ ᠪᠠᠷᠢᠮᠲᠠ ᠵᠢ ᠦᠨᠳᠦᠰᠦᠯᠡᠨ᠂ ᠶᠠᠯ᠎ᠠ ᠬᠢᠭᠰᠡᠨ ᠰᠡᠵᠢᠭᠯᠡᠯᠲᠡᠶ ᠬᠥᠮᠦᠨ᠂ ᠵᠠᠭ᠋ᠠᠯᠳᠤᠭᠳᠠᠭᠴᠢ ᠵᠢᠨ ᠥᠴᠢᠭᠯᠡᠯᠲᠡ᠎ᠲᠠᠢ ᠤᠶᠠᠯᠳᠤᠭᠤᠯᠵᠤ᠂ ᠶᠠᠯ᠎ᠠ ᠬᠢᠭᠰᠡᠨ ᠲᠣᠭ᠎ᠠ ᠬᠡᠮᠵᠢᠶ᠎ᠡ ᠵᠢ ᠶᠡᠷᠦᠩᠬᠡᠶ᠋ᠢᠯᠡᠨ ᠮᠠᠭ᠋ᠠᠳᠯᠠᠨ ᠲᠣᠭᠲᠠᠭ᠋ᠠᠵᠤ ᠪᠣᠯᠤᠨ᠎ᠠ; ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠪᠦᠯᠦᠭᠯᠡᠯ᠎ᠤᠨ ᠶᠠᠯᠠᠲᠤ ᠠᠵᠢᠯᠯᠠᠭ᠎ᠠ ᠵᠢᠨ ᠲᠣᠭ᠎ᠠ ᠬᠡᠮᠵᠢᠶ᠎ᠡ ᠵᠢ ᠲᠤᠰ ᠶᠠᠯᠠᠲᠤ ᠪᠦᠯᠦᠭᠯᠡᠯ᠎ᠤᠨ ᠬᠠᠮᠢᠶᠠᠷᠤᠨ ᠡᠵᠡᠮᠳᠡᠵᠦ ᠪᠠᠶ᠋ᠢᠭ᠎ᠠ ᠶᠠᠯᠠᠲᠤ ᠪᠦᠯᠬᠦᠮ᠎ᠤᠨ ᠵᠶ᠋ᠠᠨ ᠠᠰᠢᠭ ᠬᠤᠪᠢᠶᠠᠬᠤ ᠪᠤᠶᠤ ᠰᠦᠢ᠍ᠳᠬᠡᠯ ᠬᠤᠷᠢᠶᠠᠬᠤ ᠲᠣᠭ᠎ᠠ ᠬᠡᠮᠵᠢᠶ᠎ᠡ ᠪᠠ ᠠᠷᠭ᠎ᠠ ᠮᠠᠶᠢᠭ᠎ᠢ ᠦᠨᠳᠦᠰᠦᠯᠡᠨ ᠨᠤᠭᠤᠯᠤᠨ ᠪᠤᠳᠤᠵᠤ ᠪᠣᠯᠤᠨ᠎ᠠ᠃
《ᠰᠠᠨᠠᠯ》᠎ᠳᠤ ᠪᠠᠰᠠ ᠶᠠᠯᠠᠲᠤ ᠪᠦᠯᠦᠭᠯᠡᠯ᠎ᠤᠨ ᠲᠣᠭ᠎ᠠ ᠬᠡᠮᠵᠢᠶ᠎ᠡ ᠵᠢ ᠣᠨᠴᠠᠭ᠋ᠠᠶ ᠮᠠᠭ᠋ᠠᠳᠯᠠᠨ ᠲᠣᠭᠲᠠᠭ᠋ᠠᠬᠤ ᠠᠷᠭ᠎ᠠ ᠬᠡᠯᠪᠡᠷᠢ ᠵᠢ ᠲᠣᠭᠲᠠᠭ᠋ᠠᠵᠤ᠂ ᠬᠢᠯᠢ ᠠᠯᠤᠰᠯᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠪᠦᠯᠦᠭᠯᠡᠯ᠎ᠤᠨ ᠶᠠᠯᠠᠲᠤ ᠠᠵᠢᠯᠯᠠᠭ᠎ᠠ ᠵᠢᠨ ᠲᠣᠭ᠎ᠠ ᠬᠡᠮᠵᠢᠶ᠎ᠡ ᠵᠢ ᠪᠠᠶ᠋ᠢᠴᠠᠭ᠋ᠠᠨ ᠳᠣᠲᠣᠯᠠᠬᠤ᠎ᠳᠤ ᠬᠦᠴᠢᠷᠲᠡᠶ ᠪᠠᠶ᠋ᠢᠬᠤ ᠠᠰᠠᠭᠤᠳᠠᠯ᠎ᠢ ᠬᠠᠨᠳᠤᠯᠭ᠋ᠠᠲᠤ ᠴᠢᠨᠠᠷᠲᠠᠶ᠎ᠪᠠᠷ ᠰᠢᠢ᠍ᠳᠪᠦᠷᠢᠯᠡᠵᠦ᠂ ᠴᠢᠩᠭ᠎ᠠ ᠴᠣᠬᠢᠯᠲᠠ ᠥᠭᠬᠦ ᠵᠣᠭᠰᠣᠯᠲᠠ ᠵᠢ ᠢᠯᠡᠷᠡᠭᠦᠯᠪᠡ᠃