ᠡᠷᠬᠢᠮ ᠬᠦᠨᠳᠣᠳᠣ ᠪᠦᠬᠦ ᠣᠷᠣᠨ᠎ᠤ ᠡᠯ᠎ᠠ ᠦᠨᠳᠣᠰᠣᠳᠠᠨ᠎ᠤ ᠠᠷᠠᠳ ᠲᠦᠮᠡᠨ᠎ᠳᠤ᠄
ᠨᠠᠮ᠎ᠤᠨ ᠠᠷᠪᠠ ᠶᠢᠰᠣᠳᠦᠬᠡᠷ ᠶᠡᠭᠡ ᠬᠣᠷᠠᠯ᠎ᠤᠨ ᠵᠣᠷᠢᠭ ᠰᠠᠨᠠᠭ᠎ᠠ ᠪᠣᠯᠣᠨ ᠶᠡᠷᠣᠩᠬᠡᠢ ᠱᠦᠵᠢ ᠰᠢ ᠵᠢᠨ ᠫᠢᠩ᠎ᠤᠨ ᠴᠢᠬᠣᠯᠠ ᠵᠢᠭ᠋ᠠᠪᠦᠷᠢ ᠵᠢᠨ ᠵᠣᠷᠢᠭ ᠰᠠᠨᠠᠭ᠎ᠠ ᠵᠢ ᠬᠦᠨᠵᠡᠬᠡᠢ᠍ᠢ᠍ᠷᠡᠬᠦᠯᠣᠨ ᠲᠤᠭᠤᠰᠢᠯᠠᠭᠤᠯᠬᠤ ᠵᠢᠨ ᠲᠦᠯᠦᠬᠡ᠂ ᠬᠠᠷ᠎ᠠ ᠪᠦᠯᠦᠭᠳᠡᠨ ᠬᠠᠷᠬᠢᠰ ᠬᠦᠴᠣᠨ᠎ᠢ ᠦᠨᠡᠨ ᠬᠦ᠌ ᠠᠷᠢᠯᠭ᠋ᠠᠵᠣ᠂ ᠠᠷᠠᠳ ᠲᠦᠮᠡᠨ᠎ᠤ ᠠᠮᠣᠷ ᠲᠦᠪᠰᠢᠨ ᠠᠵᠣ ᠲᠦᠷᠦᠬᠦ᠂ ᠨᠡᠢ᠍ᠢ᠍ᠭᠡᠮ᠎ᠤᠨ ᠠᠮᠣᠷ ᠲᠣᠬᠳᠠᠭᠣᠨ ᠡᠮᠬᠢ ᠲᠢᠭᠯᠢᠮ᠎ᠲᠠᠢ ᠪᠠᠢ᠍ᠢ᠍ᠬᠣ᠂ ᠣᠯᠣᠰ ᠬᠡᠷ᠎ᠢ ᠦᠨᠢ ᠣᠳᠠᠭ᠋ᠠᠨ ᠠᠮᠣᠷ ᠲᠦᠪᠰᠢᠨ ᠪᠠᠢ᠍ᠢ᠍ᠯᠭ᠋ᠠᠬᠣ ᠵᠢᠨ ᠲᠦᠯᠦᠬᠡ ᠨᠠᠮ᠎ᠤᠨ ᠲᠦᠪ ᠬᠣᠷᠢᠶ᠎ᠠ᠂ ᠲᠦᠷᠦ ᠵᠢᠨ ᠶᠠᠪᠣᠳᠠᠯ᠎ᠤᠨ ᠬᠣᠷᠢᠶ᠎ᠠ 《ᠬᠠᠷ᠎ᠠ ᠪᠦᠯᠥᠭᠳᠡᠨ ᠬᠠᠷᠬᠢᠰ ᠬᠦᠴᠦᠨ᠎ᠢ ᠠᠷᠢᠯᠭ᠋ᠠᠬᠤ ᠲᠤᠰᠬᠠᠢ ᠲᠡᠮᠡᠴᠡᠯ ᠦᠷᠨᠢᠬᠦᠯᠬᠦ ᠲᠤᠬᠠᠢ ᠮᠡᠳᠡᠭᠳᠡᠯ》 (ᠰᠢᠨᠬᠤᠸᠠ ᠬᠤᠷᠢᠶᠠᠨ᠎ᠤ ᠪᠡᠭᠡᠵᠢᠩ᠎ᠤᠨ 2018 ᠣᠨ᠎ᠤ 1 ᠰᠠᠷ᠎ᠠ ᠵᠢᠨ 24᠎ᠤ ᠡᠳᠦᠷ᠎ᠤᠨ ᠴᠠᠬᠢᠯᠭ᠋ᠠᠨ ᠮᠡᠳᠡᠬᠡ) ᠨᠡᠢ᠌ᠲᠡᠯᠡᠨ᠂ ᠪᠦᠬᠦ ᠣᠯᠣᠰ᠎ᠲᠤ ᠬᠠᠷ᠎ᠠ ᠪᠦᠯᠦᠭᠳᠡᠨ ᠬᠠᠷᠬᠢᠰ ᠬᠦᠴᠣᠨ᠎ᠢ ᠠᠷᠢᠯᠭ᠋ᠠᠬᠣ ᠲᠣᠰᠬᠠᠢ ᠲᠡᠮᠡᠴᠡᠯ ᠦᠷᠨᠢᠬᠦᠯᠬᠦ᠎ᠪᠠᠷ ᠲᠣᠭᠲᠠᠭᠰᠠᠨ᠎ᠢ ᠮᠡᠳᠡᠭᠳᠡᠪᠡ᠃ ᠣᠳᠣᠬᠠᠨ᠎ᠳᠤ ᠮᠠᠨ᠎ᠤ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠪᠠᠢ᠍ᠢ᠍ᠭᠣᠯᠭᠠ ᠬᠠᠷ᠎ᠠ ᠪᠦᠯᠦᠭᠳᠡᠨ ᠬᠠᠷᠬᠢᠰ ᠬᠦᠴᠣᠨ᠎ᠢ ᠠᠷᠢᠯᠭ᠋ᠠᠬᠣ ᠲᠣᠰᠬᠠᠢ ᠲᠡᠮᠡᠴᠡᠯ᠎ᠢ ᠡᠷᠴᠢᠮ᠎ᠲᠠᠢ ᠦᠷᠨᠢᠬᠦᠯᠵᠣ᠂ ᠨᠢᠬᠡᠨᠳᠡ ᠨᠢᠬᠡ ᠪᠦᠯᠦᠭ ᠬᠠᠷ᠎ᠠ ᠪᠦᠯᠦᠭᠲᠡᠨ ᠬᠠᠷᠬᠢᠰ ᠬᠦᠴᠣᠨ᠎ᠤ ᠶᠠᠯ᠎ᠠ ᠬᠢᠭᠰᠡᠨ ᠡᠪᠰᠡᠯ ᠪᠦᠯᠦᠭ᠎ᠢ ᠰᠦᠢ᠍ᠷᠡᠬᠦᠯᠵᠣ᠂ ᠨᠢᠬᠡ ᠪᠦᠯᠦᠭ ᠬᠠᠷ᠎ᠠ ᠪᠦᠯᠦᠭᠳᠡᠨ ᠬᠠᠷᠬᠢᠰ ᠬᠦᠴᠣᠨ᠎ᠤ ᠶᠠᠯ᠎ᠠ ᠬᠢᠭᠰᠡᠨ ᠰᠡᠵᠢᠭᠳᠡᠨ᠎ᠢ ᠬᠠᠣᠯᠢ ᠶᠣᠰᠣᠭ᠋ᠠᠷ ᠪᠠᠷᠢᠪᠴᠢᠯᠠᠵᠣ᠂ ᠲᠣᠰᠬᠠᠢ ᠲᠡᠮᠡᠴᠡᠯ ᠮᠠᠰᠢ ᠠᠮᠵᠢᠯᠳᠠ᠎ᠲᠠᠢ ᠶᠠᠪᠣᠭᠳᠠᠵᠣ ᠪᠠᠢ᠍ᠢ᠍ᠨ᠎ᠠ᠃ ᠬᠠᠷ᠎ᠠ ᠪᠦᠯᠦᠭᠳᠡᠨ ᠬᠠᠷᠬᠢᠰ ᠬᠦᠴᠣᠨ ᠪᠣᠯ ᠨᠡᠢ᠍ᠢ᠍ᠭᠡᠮ᠎ᠤᠨ ᠬᠣᠣᠷᠳᠣ ᠬᠠᠪᠣᠳᠠᠷ ᠪᠣᠯᠬᠣᠷ ᠦᠷᠭᠡᠨ ᠣᠯᠠᠨ ᠠᠷᠠᠳ ᠲᠦᠮᠡᠨ᠎ᠤ ᠵᠣᠯ ᠵᠢᠷᠭ᠋ᠠᠯᠳᠣ ᠠᠮᠢᠳᠣᠷᠠᠯ ᠪᠠ ᠠᠮᠣᠷ ᠲᠦᠪᠰᠢᠨ ᠠᠵᠣ ᠲᠦᠷᠦᠬᠦ ᠵᠢ ᠬᠦᠨᠳᠣ ᠨᠣᠴᠢᠳᠠᠢ ᠨᠦᠯᠦᠬᠡᠯᠡᠳᠡᠭ ᠶᠤᠮ᠃ ᠪᠦᠬᠦ ᠣᠷᠣᠨ᠎ᠤ ᠡᠯ᠎ᠠ ᠦᠨᠳᠣᠰᠣᠳᠠᠨ᠎ᠤ ᠠᠷᠠᠳ ᠲᠦᠮᠡᠨ ᠪᠠ ᠨᠡᠢ᠍ᠢ᠍ᠭᠡᠮ᠎ᠤᠨ ᠡᠯ᠎ᠠ ᠡᠳᠡᠭᠡᠳ᠎ᠢ ᠬᠦᠰᠡᠬᠦ᠎ᠨᠢ ᠬᠠᠷ᠎ᠠ ᠪᠦᠯᠦᠭᠳᠡᠨ ᠬᠠᠷᠬᠢᠰ ᠬᠦᠴᠣᠨ᠎ᠢ ᠠᠷᠢᠯᠭ᠋ᠠᠬᠣ ᠲᠣᠰᠬᠠᠢ ᠲᠡᠮᠡᠴᠡᠯ᠎ᠳᠤ ᠢᠳᠡᠪᠬᠢᠳᠠᠢ ᠣᠷᠣᠯᠴᠠᠵᠣ᠂ ᠬᠠᠷ᠎ᠠ ᠪᠦᠯᠦᠭᠳᠡᠨ ᠬᠠᠷᠬᠢᠰ ᠬᠦᠴᠣᠨ᠎ᠤ ᠬᠠᠣᠯᠢ᠎ᠠᠴᠠ ᠵᠦᠷᠢᠴᠡᠨ ᠶᠠᠯ᠎ᠠ ᠬᠢᠭᠰᠡᠨ ᠠᠵᠢᠯᠯᠠᠭ᠎ᠠ ᠵᠢ ᠢᠯᠡᠴᠢᠯᠡᠨ ᠮᠡᠳᠡᠬᠦᠯᠵᠣ᠂ ᠬᠠᠷ᠎ᠠ ᠪᠦᠯᠦᠭᠳᠡᠨ ᠬᠠᠷᠬᠢᠰ ᠬᠦᠴᠣᠨ᠎ᠳᠤ ᠬᠦᠮᠦᠨ ᠪᠦᠬᠦᠨ ᠴᠣᠬᠢᠯᠳᠠ ᠦᠭᠬᠦ ᠠᠭᠣᠷ ᠠᠮᠢᠰᠬᠣᠯ᠎ᠢ ᠪᠣᠢ ᠪᠣᠯᠭ᠋ᠠᠵᠣ᠂ ᠮᠠᠨ᠎ᠤ ᠣᠷᠣᠨ᠎ᠤ ᠬᠠᠷ᠎ᠠ ᠪᠦᠯᠦᠭᠳᠡᠨ ᠬᠠᠷᠬᠢᠰ ᠬᠦᠴᠣᠨ᠎ᠢ ᠪᠦᠬᠦ ᠲᠠᠯ᠎ᠠ᠎ᠪᠠᠷ ᠲᠣᠢ᠍ᠢ᠍ᠯᠪᠦᠷᠢᠳᠠᠢ ᠠᠷᠢᠯᠭ᠋ᠠᠶᠠ᠂ ᠣᠨᠴᠠᠭ᠋ᠠᠢ᠍ᠢ᠍ᠯᠠᠨ ᠲᠣᠣᠷᠠᠬᠢ 15 ᠵᠣᠢ᠍ᠢ᠍ᠯᠤᠨ ᠬᠠᠷ᠎ᠠ ᠪᠦᠯᠦᠭᠳᠡᠨ ᠬᠠᠷᠬᠢᠰ ᠬᠦᠴᠣᠨ᠎ᠤ ᠬᠠᠣᠯᠢ᠎ᠠᠴᠠ ᠵᠦᠷᠢᠴᠡᠨ ᠶᠠᠯ᠎ᠠ ᠬᠢᠬᠦ ᠠᠵᠢᠯᠯᠠᠭ᠎ᠠ ᠵᠢ ᠲᠠᠷᠣᠢ ᠲᠦᠷᠬᠡᠨ ᠲᠣᠳᠣᠭ᠋ᠠᠳᠣ ᠵᠢ ᠬᠠᠮᠠᠭ᠋ᠠᠯᠠᠬᠣ ᠪᠠᠢ᠍ᠢ᠍ᠭᠣᠯᠭᠠᠳᠤ ᠢᠯᠡᠴᠢᠯᠡᠨ ᠮᠡᠳᠡᠬᠦᠯᠦᠬᠡᠷᠡᠢ᠃
ᠨᠢᠬᠡ᠂ ᠣᠯᠣᠰ ᠲᠦᠷᠦ ᠵᠢᠨ ᠠᠮᠣᠷ ᠲᠦᠪᠰᠢᠨ᠎ᠢ ᠰᠦᠷᠳᠡᠬᠦᠯᠬᠦ᠂ ᠣᠨᠴᠠᠭ᠋ᠠᠢ᠍ᠢ᠍ᠯᠠᠨ ᠪᠠᠢ᠍ᠢ᠍ᠭᠤᠯᠤᠯ᠎ᠤᠨ ᠠᠮᠣᠷ ᠲᠦᠪᠰᠢᠨ᠂ ᠲᠦᠷᠦ ᠵᠢᠨ ᠡᠷᠭᠡ ᠵᠢᠨ ᠠᠮᠣᠷ ᠲᠦᠪᠰᠢᠨ ᠵᠢᠴᠢ ᠣᠯᠣᠰ ᠲᠦᠷᠦ ᠵᠢᠨ ᠬᠦᠷᠢᠶ᠎ᠠ ᠬᠡᠪᠴᠢᠶᠡᠨ᠎ᠳᠤ ᠨᠡᠪᠴᠢᠭᠰᠡᠨ ᠬᠠᠷ᠎ᠠ ᠪᠦᠯᠦᠭᠳᠡᠨ ᠬᠠᠷᠬᠢᠰ ᠬᠦᠴᠣᠨ;
ᠬᠣᠶᠠᠷ᠂ ᠦᠨᠳᠣᠰᠣᠨ ᠱᠠᠳᠣᠨ᠎ᠤ ᠵᠠᠰᠠᠭ᠎ᠤᠨ ᠡᠷᠭᠡ ᠵᠢ ᠡᠵᠡᠷᠭᠡᠭᠰᠡᠨ᠂ ᠦᠨᠳᠣᠰᠣᠨ ᠱᠠᠳᠣᠨ᠎ᠤ ᠰᠣᠩᠭᠣᠯᠳᠠ ᠵᠢ ᠡᠵᠡᠮᠳᠡᠨ ᠡᠪᠳᠡᠭᠰᠡᠨ᠂ ᠬᠦᠳᠡᠭᠡ ᠲᠣᠰᠬᠣᠨ᠎ᠤ ᠡᠬᠢ ᠪᠠᠶᠠᠯᠢᠭ᠎ᠢ ᠭᠠᠬ᠍ᠴᠠᠭ᠋ᠠᠷ ᠡᠵᠡᠮᠰᠢᠭᠰᠡᠨ᠂ ᠨᠡᠢ᠍ᠢ᠍ᠳᠡ ᠵᠢᠨ ᠦᠪ ᠬᠦᠷᠣᠩᠬᠡ ᠵᠢ ᠱᠠᠮᠰᠢᠭᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠭᠣᠷᠪᠠ᠂ ᠬᠡᠷ ᠪᠦᠯᠢ ᠣᠳᠣᠮ ᠣᠬᠰᠠᠭ᠎ᠠ ᠵᠢᠨ ᠬᠦᠴᠣᠨ ᠵᠶ᠋ᠠᠨ ᠠᠰᠢᠬᠯᠠᠵᠣ᠂ ᠰᠢᠶᠠᠩ ᠰᠣᠮᠣ᠎ᠪᠠᠷ ᠬᠦᠨᠳᠡᠯᠡᠨ ᠬᠡᠷᠣᠵᠣ ᠨᠢᠬᠡ ᠭᠠᠵᠠᠷ᠎ᠢ ᠡᠵᠡᠷᠭᠡᠵᠣ᠂ ᠠᠷᠠᠳ ᠣᠯᠠᠨ᠎ᠢ ᠬᠢᠬᠠᠨ ᠲᠠᠷᠣᠯᠠᠬᠰᠠᠨ 《ᠭᠠᠴᠠᠭ᠎ᠠ ᠲᠣᠰᠬᠣᠨ᠎ᠤ ᠲᠡᠭᠡᠷᠡᠮ》 ᠵᠡᠷᠭᠡ ᠬᠠᠷ᠎ᠠ ᠪᠦᠯᠦᠭᠳᠡᠨ ᠬᠠᠷᠬᠢᠰ ᠬᠦᠴᠣᠨ;
ᠲᠦᠷᠪᠡ᠂ ᠭᠠᠵᠠᠷ ᠲᠠᠳᠠᠪᠦᠷᠢᠯᠠᠬᠣ᠂ ᠭᠠᠵᠠᠷ ᠲᠦᠷᠢᠶᠡᠰᠣᠯᠡᠬᠦ᠂ ᠨᠣᠷᠠᠭ᠋ᠠᠨ ᠨᠡᠬᠦᠯᠭᠡᠬᠦ᠂ ᠢᠨᠵᠸᠨ᠋ᠸᠷᠢᠩ᠎ᠤᠨ ᠲᠦᠷᠦᠯ ᠵᠣᠢ᠍ᠢ᠍ᠯᠤᠨ ᠪᠦᠳᠣᠭᠡᠨ ᠪᠠᠢ᠍ᠢ᠍ᠭᠣᠯᠣᠯᠳᠠ ᠵᠡᠷᠭᠡ ᠶᠠᠪᠣᠴᠠ᠎ᠳᠤ ᠭᠠᠴᠠᠭ᠎ᠠ ᠲᠣᠰᠬᠣᠨ᠎ᠤ ᠠᠷᠠᠳ᠎ᠢ ᠦᠳᠣᠭᠡᠵᠣ ᠬᠡᠷᠡᠭ ᠲᠠᠳᠠᠬᠣ᠂ ᠣᠯᠠᠨ ᠲᠦᠮᠡᠨᠴᠢ ᠴᠢᠨᠠᠷᠳᠠᠢ ᠵᠠᠭ᠋ᠠᠯᠳᠣᠯᠭ᠎ᠠ ᠵᠢ ᠵᠣᠬᠢᠶᠠᠨ ᠪᠠᠢ᠍ᠢ᠍ᠭᠣᠯᠵᠣ ᠣᠬᠠᠭ᠋ᠠᠯᠠᠬᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠲᠠᠪᠣ᠂ ᠪᠠᠷᠢᠯᠭ᠎ᠠ ᠵᠢᠨ ᠢᠨᠵᠸᠨ᠋ᠸᠷᠢᠩ᠂ ᠵᠠᠮ ᠬᠠᠷᠢᠯᠴᠠᠭ᠎ᠠ ᠵᠦᠬᠡᠬᠡᠪᠦᠷᠢ᠂ ᠠᠭᠣᠷᠬᠠᠢ ᠵᠢᠨ ᠡᠬᠢ ᠪᠠᠶᠠᠯᠢᠭ᠂ ᠵᠢᠭ᠋ᠠᠰᠣ ᠠᠩᠨᠠᠬᠣ ᠵᠡᠷᠭᠡ ᠠᠵᠢᠯ ᠲᠦᠷᠦᠯ᠂ ᠬᠦᠷᠢᠶ᠎ᠠ ᠬᠡᠪᠴᠢᠶᠡᠨ᠎ᠳᠤ ᠢᠨᠵᠸᠨ᠋ᠸᠷᠢᠩ᠎ᠢ ᠬᠦᠴᠣᠷᠭᠡᠭᠯᠡᠨ ᠡᠵᠡᠯᠡᠭᠰᠡᠨ᠂ ᠮᠠᠭᠤ ᠰᠠᠨᠠᠭ᠎ᠠ᠎ᠲᠠᠢ ᠲᠠᠭ᠋ᠠᠭ᠋ᠠᠴᠢᠯᠠᠯᠳᠠ ᠵᠢ ᠡᠵᠡᠯᠡᠭᠰᠡᠨ᠂ ᠬᠠᠣᠯᠢ ᠪᠣᠰᠣ᠎ᠪᠠᠷ ᠭᠠᠵᠠᠷ ᠲᠠᠷᠢᠶ᠎ᠠ ᠨᠣᠳᠣᠭ ᠪᠡᠯᠴᠢᠬᠡᠷ᠎ᠢ ᠡᠵᠡᠯᠡᠭᠰᠡᠨ᠂ ᠲᠣᠷ᠎ᠠ᠎ᠪᠠᠷ ᠵᠶ᠋ᠠᠨ ᠠᠭᠤᠷᠬᠠᠢ ᠨᠡᠭᠡᠭᠡᠵᠣ ᠮᠠᠯᠳᠠᠬᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠵᠢᠷᠭᠣᠭ᠎ᠠ᠂ ᠠᠷᠠᠯᠵᠢᠶ᠎ᠠ ᠴᠣᠭᠯᠠᠭ᠋ᠠᠨ᠎ᠤ ᠵᠠᠬ᠎ᠠ᠂ ᠪᠦᠬᠡᠮ ᠵᠶ᠋ᠠᠷ ᠪᠣᠷᠣᠯᠠᠭᠣᠯᠬᠣ ᠵᠠᠬ᠎ᠠ᠂ ᠲᠡᠷᠭᠡᠨ ᠦᠷᠳᠡᠭᠡ᠂ ᠭᠠᠷᠠᠮ᠂ ᠵᠣᠭ᠋ᠠᠴᠠᠯ᠎ᠤᠨ ᠦᠵᠡᠮᠵᠢ ᠵᠢᠨ ᠣᠷᠣᠨ ᠵᠡᠷᠭᠡ ᠭᠠᠵᠠᠷ᠎ᠲᠤ ᠠᠵᠢᠯ ᠨᠢᠬᠡᠳᠡᠨ ᠵᠶ᠋ᠠᠨ ᠲᠠᠷᠣᠯᠠᠵᠣ ᠵᠠᠬ᠎ᠠ ᠲᠡᠯᠭᠡᠬᠦᠷ᠎ᠢ ᠡᠵᠡᠷᠬᠡᠨ᠂ ᠠᠯᠪᠠᠳᠠᠵᠣ ᠪᠠᠢ᠍ᠢ᠍ᠭ᠋ᠠᠳ ᠲᠣᠤᠷ᠎ᠠ ᠦᠨ᠎ᠠ᠎ᠪᠠᠷ ᠣᠷᠣᠭᠣᠯᠵᠣ ᠦᠨᠳᠣᠷ ᠦᠨ᠎ᠠ᠎ᠪᠠᠷ ᠪᠣᠷᠣᠯᠠᠭᠣᠯᠣᠬᠰᠠᠨ᠂ ᠬᠠᠮᠠᠭ᠋ᠠᠯᠠᠬᠣ ᠰᠣᠢ᠍ᠢ᠍ᠳᠭᠡᠯ ᠬᠣᠷᠢᠶᠠᠬᠰᠠᠨ ᠵᠠᠬ᠎ᠠ ᠳᠡᠯᠭᠡᠭᠦᠷ᠎ᠤᠨ ᠡᠵᠡᠷᠬᠡᠭᠴᠢ ᠪᠠ ᠠᠵᠢᠯ ᠲᠦ᠍ᠢ᠍ᠷᠦᠯᠤᠨ ᠡᠵᠡᠷᠭᠡᠭᠴᠢ ᠵᠡᠷᠭᠡ ᠬᠠᠷ᠎ᠠ ᠪᠦᠯᠦᠭᠳᠡᠨ ᠬᠠᠷᠬᠢᠰ ᠬᠦᠴᠣᠨ;
ᠲᠣᠯᠣᠭ᠎ᠠ᠂ 《ᠱᠠᠯᠢᠭ ᠵᠠᠪᠬᠠᠢ᠂ ᠵᠣᠭᠣᠰ ᠮᠦᠷᠦᠢ᠌ᠴᠡᠭᠰᠡᠨ᠂ ᠬᠣᠣᠷ ᠲᠠᠲᠠᠬᠤ ᠰᠠᠷᠢᠭ᠋ᠠᠯᠠᠭᠰᠠᠨ》 ᠵᠡᠷᠭᠡ ᠬᠠᠣᠯᠢ᠎ᠠᠴᠠ ᠵᠦᠷᠢᠴᠡᠭᠰᠡᠨ ᠠᠵᠢᠯᠯᠠᠭ᠎ᠠ ᠵᠢ ᠡᠵᠡᠮᠳᠡᠵᠣ ᠡᠷᠬᠢᠯᠡᠭᠰᠡᠨ ᠬᠠᠷ᠎ᠠ ᠪᠦᠯᠦᠭᠳᠡᠨ ᠬᠠᠷᠬᠢᠰ ᠬᠦᠴᠣᠨ;
ᠨᠠᠢ᠍ᠮᠠ᠂ ᠬᠠᠣᠯᠢ ᠪᠣᠰᠣ᠎ᠪᠠᠷ ᠦᠨᠳᠣᠷ ᠬᠦᠣ᠎ᠲᠠᠢ ᠵᠢᠬᠡᠯᠡᠯᠭᠡ ᠲᠠᠯᠪᠢᠵᠣ᠂ ᠬᠦᠴᠣᠷᠭᠡᠭᠯᠡᠯ ᠵᠶ᠋ᠠᠷ ᠦᠷᠢ ᠨᠡᠬᠡᠭᠰᠡᠨ ᠬᠠᠷ᠎ᠠ ᠪᠦᠯᠦᠭᠳᠡᠨ ᠬᠠᠷᠬᠢᠰ ᠬᠦᠴᠣᠨ;
ᠶᠢᠰᠣ᠂ ᠠᠷᠠᠳ᠎ᠤᠨ ᠬᠣᠭᠣᠷᠣᠨᠳᠣᠬᠢ ᠵᠢᠭᠣᠷᠠᠯᠳᠣᠭ᠋ᠠᠨᠳᠤ ᠭᠠᠷ ᠲᠦᠷᠦᠵᠣ᠂ 《ᠨᠢᠭᠤᠴᠠ ᠬᠠᠣᠯᠢ ᠬᠡᠷᠡᠭᠵᠢᠬᠦᠯᠦᠭᠴᠢ ᠠᠩᠬᠢ》 ᠵᠢᠨ ᠬᠠᠷ᠎ᠠ ᠪᠦᠯᠦᠭᠳᠡᠨ ᠬᠠᠷᠬᠢᠰ ᠬᠦᠴᠣᠨ;
ᠠᠷᠪᠠ᠂ ᠬᠢᠯᠢ ᠵᠢᠨ ᠭᠠᠳᠠᠨᠠᠬᠢ ᠬᠠᠷ᠎ᠠ ᠪᠦᠯᠦᠭᠳᠡᠨ᠂ ᠣᠯᠣᠰ᠎ᠤᠨ ᠲᠣᠳᠣᠷ᠎ᠠ ᠣᠷᠣᠵᠣ ᠢᠷᠡᠭᠡᠳ ᠬᠦᠭᠵᠢᠨ ᠪᠤᠵᠠᠭ᠋ᠠᠢ᠌ᠷᠠᠭᠰᠠᠨ ᠵᠢᠴᠢ ᠣᠯᠣᠰ ᠠᠯᠣᠰᠯᠠᠵᠣ ᠬᠢᠯᠢ ᠠᠯᠣᠰᠯᠠᠬᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠠᠷᠪᠠᠨ ᠨᠢᠬᠡ᠂ ᠭᠠᠵᠠᠷ ᠰᠢᠷᠣᠢ᠂ ᠨᠣᠳᠣᠭ ᠪᠡᠯᠴᠢᠬᠡᠷ᠎ᠤᠨ ᠲᠠᠭ᠋ᠠᠭ᠋ᠠᠴᠢᠯᠠᠯᠳᠠ᠎ᠳᠤ ᠬᠠᠷᠬᠢᠰᠯᠠᠨ ᠭᠠᠷ ᠲᠦᠷᠦᠵᠣ᠂ ᠬᠠᠣᠯᠢ ᠪᠣᠰᠣ ᠠᠷᠭ᠎ᠠ ᠪᠠᠷᠢᠯ ᠵᠶ᠋ᠠᠷ ᠬᠠᠮᠣᠭ ᠶᠡᠭᠡ ᠠᠰᠢᠭ ᠬᠣᠨᠵᠢᠶ᠎ᠠ ᠣᠯᠣᠬᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠠᠷᠪᠠᠨ ᠬᠣᠶᠠᠷ᠂ ᠠᠭᠣᠷᠬᠠᠢ ᠵᠢᠨ ᠡᠬᠢ ᠪᠠᠶᠠᠯᠢᠭ᠎ᠢ ᠨᠡᠭᠡᠬᠡᠨ ᠠᠰᠢᠬᠯᠠᠬᠣ ᠲᠣᠮᠳᠠ ᠮᠠᠭᠣ ᠪᠣᠳᠣᠯ ᠵᠶ᠋ᠠᠷ ᠦᠷᠢᠰᠣᠯᠳᠣᠬᠦ ᠪᠣᠶᠣ ᠣᠯᠣᠰ᠎ᠤᠨ ᠦᠮᠴᠢᠯᠠᠯᠳᠣ ᠠᠭᠣᠷᠬᠠᠢ ᠵᠢᠨ ᠡᠬᠢ ᠪᠠᠶᠠᠯᠢᠭ᠎ᠢ ᠡᠵᠡᠷᠭᠡᠭᠯᠡᠨ ᠡᠵᠡᠯᠡᠭᠰᠡᠨ ᠬᠠᠷ᠎ᠠ ᠪᠦᠯᠦᠭᠳᠡᠨ ᠬᠠᠷᠬᠢᠰ ᠬᠦᠴᠣᠨ;
ᠠᠷᠪᠠᠨ ᠭᠣᠷᠪᠠ᠂ ᠠᠷᠠᠳ᠎ᠤᠨ ᠬᠣᠭᠣᠷᠣᠨᠳᠣᠬᠢ ᠵᠢᠬᠡᠯᠡᠯᠭᠡ ᠦᠷᠢ ᠦᠭᠴᠡᠭᠡ ᠵᠢᠨ ᠵᠢᠭᠣᠷᠠᠯᠳᠣᠭ᠋ᠠᠨᠳᠤ ᠭᠠᠷ ᠲᠦᠷᠦᠵᠣ᠂ 《ᠦᠷᠢ ᠨᠡᠬᠡᠬᠦ ᠺᠣᠮᠫᠠᠨᠢ》 ᠵᠢ ᠣᠷᠣᠯᠠᠬᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠠᠷᠪᠠᠨ ᠲᠦᠷᠪᠡ᠂ ᠮᠠᠯ ᠲᠠᠷᠢᠶᠠᠯᠠᠩ᠎ᠤᠨ ᠰᠣᠯᠠ ᠰᠡᠯᠡᠬᠦᠣ ᠴᠠᠭ᠎ᠲᠤ ᠮᠦᠷᠣᠢ ᠵᠢ ᠵᠣᠬᠢᠶᠠᠨ ᠪᠠᠢ᠍ᠢ᠍ᠭᠣᠯᠵᠣ᠂ ᠦᠨᠳᠣᠷ ᠬᠦᠣ᠎ᠲᠠᠢ ᠵᠢᠬᠡᠯᠡᠯᠭᠡ ᠲᠠᠯᠪᠢᠬᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠠᠷᠪᠠᠨ ᠲᠠᠪᠣ᠂ ᠬᠠᠣᠯᠢ ᠪᠣᠰᠣ ᠠᠷᠭ᠎ᠠ ᠪᠠᠷᠢᠯ ᠵᠶ᠋ᠠᠷ ᠠᠳᠠᠯ ᠠᠬᠣᠢ ᠵᠢᠨ ᠬᠠᠮᠢᠶᠠᠷᠣᠯᠳᠠ ᠵᠢ ᠭᠠᠬ᠍ᠴᠠᠭ᠋ᠠᠷ ᠡᠵᠡᠮᠰᠢᠵᠣ᠂ ᠰᠠᠭᠣᠭ᠋ᠠᠯᠢ ᠲᠣᠭᠣᠷᠢᠭ᠎ᠤᠨ ᠵᠠᠰᠠᠨ ᠰᠡᠯᠪᠢᠬᠦ ᠬᠠᠩᠭ᠋ᠠᠯᠭ᠎ᠠ ᠵᠢ ᠡᠷᠬᠡᠰᠢᠶᠡᠬᠦ ᠪᠣᠶᠣ 《ᠬᠠᠷ᠎ᠠ ᠬᠤᠤᠷᠳᠠᠢ ᠠᠮᠣᠷ᠎ᠢ ᠬᠠᠮᠠᠭ᠋ᠠᠯᠠᠬ᠍ᠴᠢ》 ᠵᠢ ᠬᠦᠯᠦᠰᠣᠯᠠᠨ ᠦᠮᠴᠢᠳᠡᠨᠢ ᠬᠢᠬᠠᠵᠣ ᠲᠠᠷᠣᠯᠠᠬᠰᠠᠨ ᠬᠠᠷ᠎ᠠ ᠪᠦᠯᠦᠭᠳᠡᠨ ᠬᠠᠷᠬᠢᠰ ᠬᠦᠴᠣᠨ;
ᠠᠷᠠᠳ ᠣᠯᠠᠨ᠎ᠤ ᠢᠯᠡᠴᠢᠯᠡᠨ ᠮᠡᠳᠡᠬᠦᠯᠦᠭᠰᠡᠨ ᠰᠦᠪᠡᠭᠴᠢ ᠵᠢ ᠲᠣᠳᠣᠭ᠋ᠠᠳᠣ ᠵᠢ ᠬᠠᠮᠠᠭ᠋ᠠᠯᠠᠬᠣ ᠪᠠᠢ᠍ᠢ᠍ᠭᠣᠯᠭᠠ ᠨᠢᠭᠣᠴᠠ ᠵᠢ ᠲᠠᠰᠣ ᠬᠠᠮᠠᠭ᠋ᠠᠯᠠᠵᠣ᠂ ᠪᠠᠢ᠍ᠢ᠍ᠴᠠᠭ᠋ᠠᠨ ᠬᠠᠷᠭᠣᠭᠣᠯᠵᠣ ᠦᠨᠡᠨ ᠮᠠᠭ᠋ᠠᠳ ᠪᠣᠯ ᠲᠣᠭᠳᠠᠭ᠋ᠠᠯ ᠶᠣᠰᠣᠭ᠋ᠠᠷ ᠱᠠᠩᠨᠠᠯ ᠣᠯᠭᠣᠨ᠎ᠠ; ᠶᠠᠯ᠎ᠠ ᠬᠢᠭᠴᠢ ᠵᠢ ᠨᠢᠭᠣᠨ ᠲᠠᠯᠳᠠᠯᠠᠵᠣ ᠦᠮᠦᠬᠡᠷᠡᠨ ᠦᠭᠡᠭᠰᠢᠬᠦᠯᠬᠦ ᠪᠣᠶᠣ ᠮᠠᠭᠣ ᠪᠣᠳᠣᠯ ᠵᠶ᠋ᠠᠷ ᠢᠯᠡᠴᠢᠯᠡᠨ ᠵᠠᠭ᠋ᠠᠯᠳᠣᠬᠣ᠂ ᠬᠦᠵᠢᠷᠯᠠᠨ ᠵᠠᠭ᠋ᠠᠯᠳᠣᠵᠣ ᠪᠣᠰᠣᠳ ᠬᠦᠮᠦᠨ᠎ᠢ ᠬᠣᠣᠷᠯᠠᠬᠣ ᠬᠡᠪᠡᠯ ᠬᠠᠣᠯᠢ ᠶᠣᠰᠣᠭ᠋ᠠᠷ ᠬᠠᠣᠯᠢ ᠵᠢᠨ ᠬᠠᠷᠢᠭᠣᠴᠠᠯᠭ᠎ᠠ ᠨᠡᠬᠡᠮᠵᠢᠯᠡᠨ᠎ᠠ; ᠢᠯᠡᠴᠢᠯᠡᠨ ᠵᠠᠭ᠋ᠠᠯᠳᠣᠬ᠍ᠴᠢᠠᠴᠠ ᠦᠰᠢᠶ᠎ᠠ ᠬᠣᠷᠣᠰᠣᠯ ᠨᠡᠭᠡᠪᠡᠯ ᠬᠠᠣᠯᠢ ᠶᠣᠰᠣᠭ᠋ᠠᠷ ᠴᠢᠩᠭ᠎ᠠ ᠪᠦᠬᠡᠳ ᠬᠦᠨᠳᠣ᠎ᠪᠠᠷ ᠰᠢᠳᠬᠡᠨ᠎ᠠ᠃ ᠪᠣᠳᠠᠳᠠᠢ ᠢᠯᠡᠴᠢᠯᠡᠨ ᠮᠡᠳᠡᠬᠦᠯᠬᠦ ᠠᠷᠭ᠎ᠠ᠎ᠨᠢ ᠲᠣᠣᠷᠠᠬᠢ ᠮᠡᠳᠣ᠄
ᠨᠢᠬᠡ᠎ᠳᠤ᠂ ᠡᠯ᠎ᠠ ᠭᠠᠵᠠᠷ᠎ᠤᠨ 110 ᠬᠡᠷᠡᠭ ᠮᠡᠳᠡᠬᠦᠯᠬᠦ ᠣᠳᠠᠰᠣ ᠵᠢ ᠤᠲᠠᠰᠤᠳᠠᠬᠤ ᠪᠣᠶᠣ ᠲᠣᠣᠷ᠎ᠠ ᠵᠢᠬᠰᠠᠭ᠋ᠠᠬᠰᠠᠨ ᠣᠳᠠᠰᠣ᠎ᠪᠠᠷ ᠬᠠᠷᠢᠯᠴᠠᠭ᠋ᠠᠷᠠᠢ᠃
ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ᠄ 0471 — 6550480
ᠬᠦᠬᠡᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0471 — 6699290
ᠪᠣᠭᠣᠳᠣ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0472 — 3619722
ᠬᠦᠯᠦᠨ ᠪᠣᠢ᠍ᠢ᠍ᠷ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0470 — 8311680
ᠬᠢᠩᠭ᠋ᠠᠨ ᠠᠢ᠍ᠢ᠍ᠮᠠᠭ᠎ᠤᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0482 — 8490088
ᠲᠦᠩᠯᠢᠶᠣᠣ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0475 — 8260142
ᠣᠯᠠᠭ᠋ᠠᠨᠬᠠᠳᠠ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0476 — 2391979
ᠰᠢᠯᠢ ᠵᠢᠨ ᠭᠣᠣᠯ ᠠᠢ᠍ᠢ᠍ᠮᠠᠭ᠎ᠤᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0479 — 8241095
ᠣᠯᠠᠭ᠋ᠠᠨᠴᠠᠪ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0474 — 8980222
ᠣᠷᠳᠣᠰ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0477 — 8582071
ᠪᠠᠶᠠᠨᠨᠠᠭᠣᠷ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0478 — 8967506
ᠦᠬᠠᠢ ᠬᠣᠳᠠ ᠵᠢᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0473 — 2052726
ᠠᠯᠠᠱ᠌ᠠ ᠠᠢ᠍ᠢ᠍ᠮᠠᠭ᠎ᠤᠨ ᠲᠣᠳᠣᠭ᠋ᠠᠳᠣ ᠵᠢ ᠬᠠᠮᠠᠭ᠋ᠠᠯᠠᠬᠣ ᠲᠣᠪᠴᠢᠶ᠎ᠠ᠄ 0483 — 8355366
ᠬᠣᠶᠠᠷ᠎ᠲᠤ᠂ ᠢᠯᠡᠴᠢᠯᠡᠨ ᠮᠡᠳᠡᠬᠦᠯᠬᠦ ᠢᠮᠸᠯ᠄ NMGsaoheichue@qq.com;
ᠭᠣᠷᠪᠠ ᠳᠤ᠂ ᠡᠯ᠎ᠠ ᠭᠠᠵᠠᠷ᠎ᠤᠨ ᠲᠣᠳᠣᠭ᠋ᠠᠳᠣ ᠵᠢ ᠬᠠᠮᠠᠭ᠋ᠠᠯᠠᠬᠣ ᠪᠠᠢ᠌ᠭᠤᠯᠭ᠎ᠠ᠎ᠳᠤ ᠣᠴᠢᠵᠣ ᠬᠡᠷᠡᠭ ᠮᠡᠳᠡᠬᠦᠯᠵᠣ ᠪᠣᠯᠣᠨ᠎ᠠ᠃
ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ 2018 ᠣᠨ᠎ᠤ 3 ᠰᠠᠷ᠎ᠠ ᠵᠢᠨ 8᠎ᠤ ᠡᠳᠦᠷ